ᠤᠷᠳᠤ ᠵᠠᠮ᠎ᠤᠨ ᠠᠶᠠᠨ ᠲᠠᠢᠨ
2026-07-01 11:02:38
ᠵᠣᠬᠢᠶᠠᠭ᠍ᠴᠢ᠄
ᠨᠠ᠊·ᠬᠦᠬᠡᠱᠢᠭᠤᠢ
ᠣᠩᠱᠢᠭ᠍ᠰᠠᠨ ᠣᠳᠠᠭ᠎ᠠ᠄
★★★☆☆

ᠬᠡᠨ᠎ᠤ ᠲᠦᠯᠦᠭᠡ

ᠠᠯᠤᠰ᠎ᠤᠨ ᠠᠶᠠᠨ᠎ᠳᠤ ᠮᠤᠷᠳᠠᠭ᠍ᠰᠠᠨ᠎ᠢ᠎ᠨᠢ

ᠨᠠᠮᠤᠭ᠍ᠳᠤ ᠲᠠᠯ᠎ᠠ ᠮᠡᠳᠡᠨ᠎ᠡ

ᠶᠠᠭᠤᠨ᠎ᠤ ᠲᠦᠯᠦᠭᠡ

ᠠᠷᠢᠭᠤᠨ ᠴᠢᠰᠤ᠎ᠪᠠᠨ ᠤᠷᠤᠰᠭᠠᠭ᠍ᠰᠠᠨ᠎ᠢ᠎ᠨᠢ

ᠴᠠᠰᠤᠳᠤ ᠠᠭᠤᠯᠠ ᠮᠡᠳᠡᠨ᠎ᠡ


ᠬᠤᠶᠠᠷ ᠲᠦᠮᠡ ᠲᠠᠪᠤᠨ ᠮᠢᠩᠭᠠᠨ ᠭᠠᠵᠠᠷ

ᠬᠤᠷᠸ᠎ᠠ᠎ᠳᠤ ᠬᠤᠤᠰ ᠦᠭᠡᠢ ᠭᠠᠢᠬᠠᠮᠱᠢᠭ᠍ᠳᠤ ᠠᠶᠠᠨ ᠲᠠᠢᠨ

ᠬᠤᠶᠠᠷ ᠵᠢᠯ ᠲᠤᠯᠤᠭᠠᠨ ᠵᠠᠭᠤ ᠬᠤᠷᠢᠨ ᠡᠳᠦᠷ

ᠬᠦᠮᠦᠨ ᠲᠦᠷᠦᠯᠬᠢᠲᠡᠨ᠎ᠤ ᠲᠡᠦᠬᠡᠨ᠎ᠳᠤ ᠭᠠᠷᠤᠭ᠎ᠠ ᠦᠭᠡᠢ ᠠᠤᠭ᠎ᠠ ᠦᠢᠯᠡᠰ


ᠳ᠋ᠠ ᠳ᠋ᠦ᠋ ᠾᠧ ᠭᠤᠤᠯ ᠯᠤ᠌ ᠳ᠋ᠢᠩ ᠴᠢᠶᠤᠤ ᠬᠦᠬᠦᠷᠭᠡ

ᠲᠠᠪᠬᠤᠷ ᠲᠠᠪᠬᠤᠷ ᠲᠠᠢᠰᠤᠨ᠎ᠤ ᠪᠦᠰᠡᠯᠡᠨ ᠤᠰᠠᠳᠭᠠᠯᠲᠠ

ᠽᠦᠨ ᠢ᠎ᠶ᠋ᠢᠨ ᠬᠤᠷᠠᠯ᠂ ᠶ᠋ᠢᠨ ᠱᠠ ᠵᠢᠶᠠᠩ ᠮᠦᠷᠡᠨ᠎ᠤ ᠲᠠᠪᠠᠯᠭᠠᠨ

ᠲᠠᠢᠴᠢᠳ᠎ᠤᠨ ᠴᠢᠰᠦ᠎ᠪᠠᠷ ᠪᠤᠳᠤᠭ᠍ᠯᠠᠭ᠍ᠰᠠᠨ ᡂᠢ ᠱᠦᠢ᠎ᠶ᠋ᠢᠨ ᠤᠰᠤᠨ


ᠠᠷᠪᠠᠨ ᠨᠠᠢ᠍ᠮᠠᠨ ᠰᠠᠭᠤᠷᠢ ᠦᠨᠳᠦᠷ ᠠᠭᠤᠯᠠ᠎ᠶ᠋ᠢ

ᠠᠷᠤ ᠠᠷᠤ᠎ᠠᠴᠠ᠎ᠨᠢ ᠲᠠᠪᠠᠵᠤ

ᠬᠤᠷᠢᠨ ᠲᠦᠷᠪᠡᠨ ᠶᠡᠭᠡ ᠭᠤᠤᠯ ᠮᠦᠷᠡᠨ᠎ᠢ


ᠬᠤᠢᠨ᠎ᠠ ᠡᠮᠤᠨ᠎ᠠ ᠭᠠᠳᠦᠯᠦᠨ

ᠵᠢᠷᠭᠤᠭᠠᠨ ᠵᠠᠭᠤ ᠭᠠᠷᠤᠢ ᠤᠳᠠᠭᠠᠨ᠎ᠤ ᠪᠠᠢᠯᠳᠤᠭᠠᠨ᠎ᠢ

ᠵᠤᠷᠢᠭ ᠤᠬᠠᠭᠠᠨ᠎ᠢᠶᠠᠷ ᠲᠤᠯᠤᠯᠳᠤᠵᠤ

ᠲᠤᠯᠤᠭᠠᠨ ᠵᠠᠭᠤ ᠢᠯᠡᠬᠦᠦ ᠬᠤᠲᠠ ᠪᠠᠯᠭᠠᠰᠤ᠎ᠶ᠋ᠢ

ᠲᠤᠮᠤᠭ ᠦᠯᠢᠬᠡᠷ ᠱᠢᠭ ᠡᠵᠡᠯᠡᠭ᠌ᠰᠡᠨ


ᠡᠨᠡ ᠪᠤᠯ ᠤᠷᠳᠤ ᠵᠠᠮ᠎ᠤᠨ ᠠᠶᠠᠨ ᠲᠠᠢᠨ

ᠡᠨᠡ ᠪᠤᠯ ᠤᠯᠠᠭᠠᠨ ᠴᠡᠷᠢᠭ᠎ᠤᠨ ᠠᠶᠠᠨ ᠲᠠᠢᠨ

ᠡᠨᠡ ᠪᠤᠯ ᠢᠲᠡᠭᠡᠯ ᠵᠤᠷᠢᠭ᠎ᠢᠶᠠᠨ ᠬᠦᠪᠴᠢᠯᠡᠭ᠌ᠰᠡᠨ ᠠᠶᠠᠨ ᠲᠠᠢᠨ

ᠡᠨᠡ ᠪᠤᠯ ᠦᠬᠦᠯ ᠮᠦᠬᠦᠯ᠎ᠠᠴᠠ ᠰᠦᠷᠲᠡᠬᠦ᠌ ᠦᠭᠡᠢ ᠠᠶᠠᠨ ᠲᠠᠢᠨ

ᠡᠨᠡ ᠪᠤᠯ ᠦᠨᠡᠨ᠎ᠠᠴᠠ ᠵᠦᠪ᠎ᠢ ᠡᠷᠢᠭ᠌ᠰᠡᠨ ᠠᠶᠠᠨ ᠲᠠᠢᠨ

ᠡᠨᠡ ᠪᠤᠯ ᠪᠦᠯᠬᠦᠮᠲᠡᠨ ᠨᠢᠭ᠍ᠲᠠᠷᠠᠯᠴᠠᠭ᠍ᠰᠠᠨ ᠠᠶᠠᠨ ᠲᠠᠢᠨ

ᠡᠨᠡ ᠪᠤᠯ ᠪᠦᠬᠦ᠌ ᠰᠡᠳᠭᠢᠯ᠎ᠢᠶᠠᠷ ᠠᠷᠠᠳ ᠲᠦᠮᠡᠨ᠎ᠤ ᠲᠦᠯᠦᠭᠡ ᠬᠢᠭᠰᠡᠨ ᠠᠶᠠᠨ ᠲᠠᠢᠨ


ᠬᠡᠨ᠎ᠤ ᠲᠦᠯᠦᠭᠡ

ᠬᠤᠯᠠ᠎ᠶ᠋ᠢᠨ ᠠᠶᠠᠨ᠎ᠳᠤ ᠮᠤᠷᠳᠠᠭ᠍ᠰᠠᠨ᠎ᠢ

ᠠᠷᠠᠳ ᠲᠦᠮᠡᠨ ᠮᠡᠳᠡᠨ᠎ᠡ

ᠶᠠᠭᠤᠨ᠎ᠤ ᠲᠦᠯᠦᠭᠡ

ᠬᠤᠪᠢᠰᠭᠠᠯ᠎ᠤᠨ ᠭᠠᠯ᠎ᠢ ᠲᠦᠷᠡᠯᠵᠡᠭᠦᠯᠦᠭ᠌ᠰᠡᠨ᠎ᠢ

ᠠᠭᠤᠤ ᠲᠡᠦᠬᠡ ᠮᠡᠳᠡᠨ᠎ᠡ ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号