ᠬᠦᠭᠡᠷᠦᠬᠦᠢ ᠡᠵᠢ ᠮᠢᠨᠢ ᠴᠠᠯ ᠵᠠᠯᠠᠭᠤᠪᠠᠷᠢᠶᠠᠨ ᠬᠠᠨᠢ ᠨᠦᠬᠦᠷ᠂ ᠦᠷ᠎ᠡ ᠬᠡᠦᠬᠡᠳ᠎ᠢᠶᠠᠨ ᠤᠷᠬᠢᠨ ᠬᠤᠷᠸ᠎ᠠ᠎ᠶ᠋ᠢᠨ ᠮᠦᠩᠬᠡ ᠪᠤᠰᠤ᠎ᠶ᠋ᠢ ᠦᠵᠡᠭᠦᠯᠵᠦ᠂ ᠮᠠᠨ᠎ᠤ ᠠᠬ᠎ᠠ ᠲᠡᠬᠦᠦ ᠲᠠᠪᠤ ᠭᠠᠳᠠᠨ᠎ᠠ ᠭᠠᠷᠪᠠᠯ ᠠᠪᠤ᠎ᠶ᠋ᠢᠨ ᠲᠦᠱᠢᠭ᠂ ᠭᠡᠷ᠎ᠲᠤ ᠤᠷᠤᠪᠠᠯ ᠡᠵᠢ᠎ᠶ᠋ᠢᠨ ᠦᠮᠦᠭ ᠪᠤᠯᠤᠭ᠍ᠰᠠᠨ ᠭᠠᠭ᠍ᠴᠠ ᠨᠤᠶᠠᠨ ᠨᠢᠷᠤᠭᠤ᠎ᠲᠠᠢ ᠬᠤᠴᠤᠷᠤᠯ᠎ᠠ᠃ ᠬᠤᠴᠤᠷᠬᠤ ᠬᠤᠴᠤᠷᠬᠤ᠎ᠳᠠᠭᠠᠨ ᠲᠠᠩᠴᠦ᠍ ᠨᠢᠯᠬᠠᠪᠠᠷᠢᠶᠠᠨ ᠬᠤᠴᠤᠷᠪᠠ᠃
ᠶᠠᠭ ᠰᠠᠢᠬᠠᠨ ᠬᠤᠭᠤᠯᠠ ᠬᠦᠨᠡᠰᠦ᠂ ᠬᠤᠪᠴᠠᠰᠤ ᠬᠤᠨᠠᠷ᠂ ᠬᠤᠳᠠ᠎ᠲᠠᠢ ᠮᠠᠯ ᠁ ᠪᠦᠬᠦᠳᠡ ᠪᠦᠬᠦᠳᠡᠭᠡᠷ᠎ᠢᠶᠠᠨ ᠪᠠᠷᠢᠮᠳᠠ ᠲᠡᠮᠳᠡᠭ᠂ ᠬᠤᠪᠢ ᠨᠤᠷᠮ᠎ᠠ᠎ᠳᠤ ᠵᠠᠬᠢᠷᠤᠭ᠍ᠳᠠᠭ᠍ᠰᠠᠨ ᠶᠡᠭᠡ ᠲᠤᠭᠤᠭᠠᠨᠤ ᠦᠶ᠎ᠡ ᠲᠠᠭᠠᠷᠠᠵᠤ ᠨᠠᠢᠳᠠ ᠤᠯᠠᠨ᠎ᠢᠶᠠᠷ᠎ᠢᠶᠠᠨ ᠶᠠᠳᠠᠭᠤ ᠲᠠᠷᠴᠢᠭ ᠠᠮᠢᠳᠤᠷᠠᠯ᠎ᠲᠠᠢ ᠲᠤᠯᠤᠯᠳᠤᠵᠤ ᠪᠠᠢᠯ᠎ᠠ᠃ ᠬᠡᠯᠡᠯᠭᠡᠨ ᠦᠭᠡᠢ ᠲᠠᠪᠤ᠎ᠶ᠋ᠢᠨ ᠲᠠᠪᠤᠨ ᠦᠨᠦᠴᠢᠨ ᠬᠡᠦᠬᠡᠳ᠎ᠲᠠᠢ ᠬᠤᠴᠤᠷᠤᠭ᠍ᠰᠠᠨ ᠭᠠᠭ᠍ᠴᠠ ᠪᠡᠶ᠎ᠡ ᠡᠷ᠎ᠡ ᠬᠦᠮᠦᠨ᠎ᠳᠤ ᠠᠮᠢᠳᠤᠷᠠᠯ ᠪᠦᠷ ᠴᠦ᠍ ᠬᠦᠨᠳᠦ ᠲᠤᠰᠤᠭ᠍ᠰᠠᠨ᠎ᠨᠢ ᠮᠡᠳᠡᠭᠡᠵᠢ᠃ ᠭᠡᠰᠡᠨ ᠴᠦ᠍ ᠠᠪᠤ᠎ᠶ᠋ᠢᠨ ᠤᠷᠤᠨ᠎ᠳᠤ ᠠᠪᠤ᠂ ᠡᠵᠢ᠎ᠶ᠋ᠢᠨ ᠤᠷᠤᠨ᠎ᠳᠤ ᠡᠵᠢ ᠪᠤᠯᠤᠨ᠂ ᠭᠠᠭ᠍ᠴᠠ ᠪᠠᠶ᠎ᠠ᠎ᠳᠡᠭᠡᠨ ᠬᠤᠤᠰ ᠡᠬᠦᠷᠭᠡ ᠡᠬᠦᠷᠭᠡᠯᠡᠭ᠌ᠰᠡᠨ ᠬᠦᠭᠡᠷᠦᠬᠦᠢ ᠠᠪᠤ ᠮᠢᠨᠢ ᠪᠢᠳᠡᠨ᠎ᠢ ᠬᠠᠢᠷ᠎ᠠ ᠬᠠᠯᠠᠮᠵᠢ᠂ ᠬᠦᠮᠦᠵᠢᠯ ᠪᠤᠯᠪᠠᠰᠤᠷᠠᠯ᠂ ᠬᠠᠷᠢᠭᠤᠴᠠᠯᠭ᠎ᠠ ᠲᠤᠳᠤᠮᠳᠠᠯᠭ᠎ᠠ᠎ᠶ᠋ᠢᠨ ᠠᠯᠢ ᠠᠯᠢᠪᠠᠷᠨᠢ ᠲᠤᠳᠠᠭᠤᠳᠠᠭᠤᠯᠤᠭᠠ ᠦᠭᠡᠢ ᠦᠰᠭᠡᠭ᠌ᠰᠡᠨ ᠶᠤᠮ᠃
ᠮᠢᠨᠦ᠍ ᠠᠪᠤ ᠠᠩᠴᠢᠨ ᠬᠦᠮᠦᠨ᠃ ᠠᠩ ᠠᠮᠢᠳᠠᠳ᠎ᠲᠤ ᠤᠷᠤᠭ᠎ᠠ ᠤᠷᠤᠬᠤ᠂ ᠭᠡᠭᠡᠯ ᠠᠪᠬᠤ᠂ ᠬᠦᠴᠦ᠍ ᠲᠠᠷᠭᠤ ᠰᠠᠭᠤᠬᠤ᠂ ᠦᠷ᠎ᠡ ᠲᠦᠯ᠎ᠤᠨ ᠪᠤᠢᠵᠢᠯᠳᠠ᠂ ᠦᠰᠦ ᠬᠦᠷᠦᠰᠦᠨ᠎ᠤ ᠭᠤᠤᠵᠢᠯᠳᠠ ᠁ ᠭᠡᠳ ᠪᠢᠱᠢᠬᠦᠢ ᠠᠷᠪᠢᠨ ᠤᠯᠠᠷᠢᠯ᠎ᠢ ᠲᠠᠭᠠᠭ᠍ᠰᠠᠨ ᠦᠪᠡᠷᠮᠢᠴᠡ ᠰᠤᠳᠤᠨ ᠤᠷᠤᠱᠢᠨ ᠲᠤᠭ᠍ᠳᠠᠨᠢᠯᠤᠨ ᠵᠤᠷᠱᠢᠯ᠎ᠲᠠᠢ ᠪᠠᠢᠳᠠᠭ᠎ᠢ ᠠᠪᠤ ᠰᠠᠢᠨ ᠮᠡᠳᠡᠨ᠎ᠡ᠃
ᠨᠠᠮᠤᠷ᠎ᠤᠨ ᠰᠡᠬᠦᠯᠴᠢ᠂ ᠡᠪᠦᠯ᠎ᠤᠨ ᠡᠬᠢ᠎ᠪᠠᠷ ᠠᠩ ᠬᠦᠷᠦᠭᠡᠰᠦᠨ᠎ᠤ ᠦᠷ᠎ᠡ ᠲᠦᠯ ᠪᠤᠢ᠎ᠵᠢᠨ᠂ ᠲᠠᠷᠭᠤ ᠲᠡᠪᠡᠭᠡᠷᠡᠭ ᠠᠪᠴᠤ᠌᠂ ᠦᠰᠦ ᠰᠤᠷ᠎ᠨᠢ ᠰᠤᠷᠭᠤᠭ᠍ᠵᠢᠨ ᠦᠩᠭᠡᠯᠢᠭ ᠰᠠᠢᠬᠠᠨ ᠪᠤᠯᠬᠤ᠎ᠶ᠋ᠢ ᠠᠨᠳᠠᠬᠤ ᠦᠭᠡᠢ ᠠᠪᠤ ᠮᠢᠨᠢ ᠠᠩ᠎ᠤᠨ ᠬᠤᠭᠤᠴᠠᠭ᠎ᠠ᠎ᠶ᠋ᠢ ᠵᠠᠪᠳᠤᠵᠤ ᠤᠭᠤᠨᠤ᠎ᠶ᠋ᠢᠨ ᠪᠠᠭᠠᠳᠠᠯ᠂ ᠴᠠᠰᠤᠨ᠎ᠤ ᠲᠠᠬ᠎ᠠ (ᠴᠠᠰᠤ ᠨᠡᠢᠳᠡᠮ ᠬᠠᠢᠯᠤᠨ᠂ ᠵᠦᠪᠬᠡᠨ ᠰᠡᠬᠦᠳᠡᠷ᠎ᠲᠠᠭᠠᠨ ᠬᠠᠢᠯᠵᠤ ᠲᠠᠭᠤᠰᠤᠭ᠎ᠠ ᠦᠭᠡᠢ ᠦᠯᠡᠳᠡᠭ᠌ᠰᠡᠨ ᠴᠠᠰᠤ)᠂ ᠤᠰᠤᠨ᠎ᠤ ᠴᠤᠪᠤᠭᠠᠨ᠎ᠳᠤ ᠬᠠᠪᠬ᠎ᠠ ᠵᠡᠬᠦᠵᠦ᠍᠂ ᠲᠠᠷᠭᠤᠨ ᠤᠭᠤᠨᠤ ᠭᠡᠳᠦ ᠭᠤᠷᠪᠠ᠎ᠶ᠋ᠢ ᠤᠨᠠᠭᠠᠨ᠂ ᠮᠢᠬ᠎ᠠ᠎ᠶ᠋ᠢ ᠨᠢ ᠪᠤᠷᠴᠠᠯᠠᠵᠤ ᠶᠠᠰᠤᠶ᠋ᠢᠨᠢ ᠡᠪᠡᠷᠡᠭᠡᠳᠡᠭ᠃ ᠵᠡᠭᠡᠷ᠎ᠡ᠎ᠶ᠋ᠢᠨ ᠮᠢᠬ᠎ᠠ ᠠᠭᠠᠷᠠᠤ᠃ ᠪᠤᠷᠴᠠᠯᠠᠬᠤᠪᠠᠷ ᠲᠠᠰᠤᠷᠠᠬᠤ ᠭᠡᠵᠤ ᠵᠤᠪᠠᠭᠠᠨ᠎ᠠ᠃ ᠭᠡᠰᠡᠨ ᠴᠦ᠍ ᠪᠢ ᠠᠪᠤ᠎ᠶ᠋ᠢᠨ᠎ᠢᠶᠠᠨ ᠤᠢᠭ᠎ᠠ ᠦᠭᠡᠢ ᠵᠢᠯᠤᠭᠤᠳᠤᠯᠭ᠎ᠠ᠎ᠪᠠᠷ ᠵᠡᠭᠡᠷ᠎ᠡ᠎ᠶ᠋ᠢᠨ ᠭᠤᠶ᠎ᠠ᠎ᠶ᠋ᠢ ᠬᠦᠷᠳᠡᠯ᠎ᠡ ᠰᠠᠪᠬ᠎ᠠ ᠱᠢᠭ᠋ ᠨᠠᠷᠢᠬᠠᠨ ᠪᠤᠷᠴᠠᠯᠠᠵᠤ ᠰᠤᠷᠤᠭ᠍ᠰᠠᠨ ᠬᠦᠮᠦᠨ ᠳ᠋ᠠ᠃
ᠡᠪᠡᠷᠡᠭᠡᠵᠦ᠍ ᠬᠠᠳᠠᠭᠠᠭ᠍ᠰᠠᠨ ᠵᠡᠭᠡᠷ᠎ᠡ᠎ᠶ᠋ᠢᠨ ᠰᠦᠪᠡᠷᠭᠡ ᠭᠤᠴᠤ᠌ ᠠᠮᠳᠠᠳᠠᠢ᠃ ᠶᠠᠮᠠᠷ ᠰᠠᠢᠨ᠎ᠳᠠᠭᠠᠨ ᠴᠠᠰᠤᠨ ᠱᠢᠭᠤᠷᠭ᠎ᠠ ᠲᠠᠯᠪᠢᠭ᠍ᠰᠠᠨ ᠬᠠᠪᠤᠷ᠎ᠤᠨ ᠨᠢᠬᠡᠨ ᠡᠳᠦᠷ ᠠᠬ᠎ᠠ᠄ 《ᠡᠢᠮᠦ᠍ ᠡᠳᠦᠷ ᠡᠪᠡᠷᠡᠭᠡᠵᠦ᠍ ᠬᠠᠳᠠᠭᠠᠭ᠍ᠰᠠᠨ ᠭᠤᠷᠪᠠᠨ ᠬᠤᠷᠤᠭᠤ ᠭᠠᠳᠠᠷᠲᠠᠢ᠂ ᠦᠭᠡᠬᠦ᠌ ᠲᠤᠰᠤ᠎ᠨᠢ ᠬᠠᠢᠯᠤᠮᠠᠭ᠍ᠳᠤᠭ᠍ᠰᠠᠨ ᠤᠭᠤᠨᠤ᠎ᠶ᠋ᠢᠨ ᠰᠦᠪᠡᠷᠭᠡ ᠡᠮᠬᠦᠬᠦ᠌ ᠶᠤᠮᠰᠠᠨ! ᠵᠠᠪᠠᠵᠢ᠎ᠪᠠᠷ ᠲᠤᠰᠤ ᠭᠤᠭᠤᠵᠢᠭᠠᠳ ᠁ ᠮᠦᠨᠴᠦ᠍ ᠠᠶᠠᠳᠠᠢᠬᠠᠨ ᠱᠢᠤ!》 ᠭᠡᠳ ᠲᠠᠬᠠᠯᠵᠠᠪᠠ᠃
ᠲᠡᠭᠡᠳᠡᠯ᠎ᠡ ᠬᠤᠢᠮᠤᠷ᠎ᠲᠤ ᠷᠠᠳᠢᠤ᠋ ᠴᠢᠩᠨᠠᠨ ᠬᠡᠪᠳᠡᠵᠦ᠍ ᠪᠠᠢᠭ᠍ᠰᠠᠨ ᠠᠪᠤ᠄ 《ᠶᠠᠭᠠᠬᠢᠯ᠎ᠠ᠂ ᠶᠠᠭᠠᠬᠢᠯ᠎ᠠ ᠬᠡᠨ᠎ᠡ? ᠴᠠᠳᠭᠤᠯᠳᠠᠭ᠍ᠰᠠᠨ ᠴᠢᠨ᠋ᠸ᠎ᠠ ᠤᠤ? ᠵᠠᠪᠡᠵᠢᠪᠠᠷᠢᠶᠠᠨ ᠭᠤᠯᠭᠢᠵᠤ ᠪᠠᠢᠬᠤ᠎ᠪᠠᠷ ᠁ ᠬᠠᠷ᠎ᠠ ᠨᠢᠯᠬᠠᠪᠠᠷᠢᠶᠠᠨ ᠬᠡᠩᠬᠦᠳᠡᠭ᠎ᠢᠶᠠᠨ ᠲᠡᠯᠡᠳᠦᠨ ᠬᠦᠭ᠌ᠰᠢᠨ ᠴᠡᠭᠡᠵᠢᠯᠡᠭᠡᠳ ᠁》 ᠭᠡᠬᠦ᠌᠎ᠨᠢ ᠲᠡᠷᠡ᠃ ᠠᠬ᠎ᠠ᠎ᠶ᠋ᠢᠨ ᠴᠢᠷᠠᠢ ᠴᠢᠬᠢᠨ᠎ᠳᠡᠭᠡᠨ ᠲᠤᠯᠳᠠᠯ᠎ᠠ ᠤᠯᠠᠢᠵᠤ ᠶᠠᠭᠠᠬᠢᠬᠤ᠎ᠪᠠᠨ ᠤᠯᠬᠤ ᠦᠭᠡᠢ ᠭᠠᠷ᠎ᠢᠶᠠᠨ ᠨᠤᠬᠤᠯᠠᠨ᠎ᠠ᠃
ᠠᠪᠤ᠄ 《ᠲᠠᠬᠢᠵᠤ ᠲᠤᠯᠤᠭᠠᠢ᠎ᠠᠴᠠ᠎ᠪᠠᠨ ᠲᠤᠮᠤ ᠦᠬᠡ ᠪᠢᠳᠡᠭᠡᠢ ᠶᠠᠷᠢᠭᠠᠷᠠᠢ ᠁》 ᠭᠡᠳ ᠪᠤᠰᠴᠤ᠌᠂ ᠪᠠᠷᠠᠭᠠᠨ ᠭᠡᠷ᠎ᠠᠴᠠ ᠵᠡᠭᠡᠷ᠎ᠡ᠎ᠶ᠋ᠢᠨ ᠡᠪᠡᠷᠡᠭᠡᠭ᠌ᠰᠡᠨ ᠶᠠᠰᠤ ᠠᠪᠴᠢᠷᠠᠨ ᠲᠤᠭᠤᠭ᠎ᠠ ᠲᠦᠭᠦᠷᠡᠩ ᠤᠢᠯᠠ᠃ ᠡᠨᠡ᠎ᠨᠢ ᠠᠬ᠎ᠠ᠎ᠶ᠋ᠢᠨ ᠶᠡᠭᠡ (ᠲᠤᠮᠤ) ᠦᠭᠡ᠎ᠶ᠋ᠢ ᠱᠠᠩᠨᠠᠭ᠍ᠰᠠᠨ ᠪᠢᠰᠢ᠂ ᠬᠠᠷᠢᠨ 《ᠬᠦᠭᠡᠷᠦᠬᠦᠢ᠂ ᠮᠠᠭᠤᠰᠠᠢᠨ ᠨᠢᠰᠤᠬᠠᠢᠨᠤᠭᠤᠳ ᠮᠢᠨᠢ! ᠮᠢᠬᠠᠱᠢᠭ᠍ᠰᠠᠨ ᠶᠤᠮ ᠪᠠᠢᠯᠬᠦᠢ!》 ᠭᠡᠵᠤ ᠪᠤᠳᠤᠨ ᠬᠠᠢᠷ᠎ᠠ ᠬᠠᠯᠠᠮᠵᠢ᠎ᠪᠠᠷ᠎ᠢᠶᠠᠨ ᠢᠪᠢᠯᠵᠦ᠍ ᠪᠠᠢᠭ᠎ᠠ᠎ᠶ᠋ᠢ᠎ᠨᠢ ᠤᠢᠯᠠᠭᠠᠯ ᠦᠭᠡᠢ ᠶᠠᠭᠠᠬᠢᠬᠤ ᠪᠤᠢ᠃ ᠦᠨᠦᠴᠢᠨ ᠬᠦᠮᠦᠨ᠎ᠤ ᠰᠡᠳᠭᠢᠯ ᠮᠡᠳᠡᠷᠡᠮᠡᠳᠡᠬᠡᠢ ᠪᠠᠢᠳᠠᠭ ᠬᠤᠢᠨ᠎ᠠ᠃
ᠠᠪᠤ ᠮᠠᠯ ᠬᠤᠳᠳᠤᠭ ᠰᠠᠬᠢᠭᠤᠯᠬᠤ᠎ᠶ᠋ᠢ ᠲᠠᠭᠠᠯᠠᠳᠠᠭ ᠦᠭᠡᠢ᠃ ᠵᠤᠨ ᠨᠠᠮᠤᠷ᠎ᠤᠨ ᠤᠯᠠᠷᠢᠯ᠎ᠳᠤ ᠠᠳᠠᠷ ᠲᠠᠯᠪᠢᠭ᠍ᠰᠠᠨ ᠲᠡᠮᠡᠭᠡ᠂ ᠪᠡᠯᠴᠢᠭᠡᠷ᠎ᠲᠤ ᠬᠦᠶᠦᠭ᠌ᠰᠡᠨ ᠠᠳᠤᠭᠤ ᠁ ᠭᠡᠳ ᠬᠤᠯᠠ ᠤᠢᠷ᠎ᠠ᠎ᠶ᠋ᠢᠨ᠂ ᠲᠠᠨᠢᠬᠤ ᠲᠠᠨᠢᠬᠤ ᠦᠭᠡᠢ᠂ ᠬᠦᠮᠦᠨ᠎ᠤ ᠦᠪᠡᠷ᠎ᠤᠨ ᠠᠳᠤᠭᠤ ᠮᠠᠯ ᠤᠰᠤᠨ᠎ᠤ ᠠᠩᠭᠠᠭ᠎ᠠ᠎ᠪᠠᠷ ᠬᠤᠳᠳᠤᠭ ᠲᠡᠭᠡᠷ᠎ᠡ ᠴᠤᠭ᠍ᠯᠠᠨᠠ᠃ ᠬᠤᠳᠳᠤᠭ ᠲᠡᠭᠡᠷ᠎ᠡ ᠢᠷᠡᠭ᠌ᠰᠡᠨ ᠯᠡ ᠪᠤᠯ ᠬᠠᠨᠤᠳᠠᠯ᠎ᠠ ᠤᠰᠤᠯᠠᠬᠤ᠎ᠨᠢ ᠪᠢᠳᠡᠨ᠎ᠤ ᠡᠬᠦᠷᠭᠡ᠃ 《ᠰᠤᠬᠤᠷ ᠦᠭᠡᠷ᠎ᠲᠤ ᠬᠤᠳᠳᠤᠭ ᠪᠤᠤ ᠲᠠᠨᠢᠭᠤᠯ!》 ᠭᠡᠳᠡᠭ ᠦᠭᠡ ᠵᠦᠪᠬᠡᠨ ᠦᠭᠡᠷ᠎ᠲᠤ ᠵᠤᠷᠢᠭᠤᠯᠤᠭ᠍ᠰᠠᠨ ᠪᠢᠰᠢ᠃ ᠶᠠᠮᠠᠷᠪᠠ ᠮᠠᠯ ᠠᠳᠤᠭᠤᠰᠤ ᠬᠤᠳᠳᠤᠭ ᠲᠡᠭᠡᠷ᠎ᠡ ᠴᠢᠨᠢ ᠨᠢᠬᠡ ᠯᠡ ᠤᠳᠠᠭ᠎ᠠ ᠤᠤᠭᠤᠭ᠍ᠰᠠᠨ ᠪᠤᠯ ᠲᠠᠬᠢᠭᠠᠳ ᠰᠠᠯᠤᠨ᠎ᠠ ᠭᠡᠵᠤ ᠰᠠᠨᠠᠬᠤ᠎ᠶ᠋ᠢᠨ ᠵᠤᠪᠠᠯᠠᠩ᠃ ᠢᠷᠡᠬᠦ᠌ ᠢᠷᠡᠬᠦ᠌᠎ᠳᠡᠭᠡᠨ ᠨᠡᠯᠢᠶᠡᠳ ᠭᠡᠳᠦ᠍ᠶ᠋ᠢ ᠡᠯᠰᠡᠭᠡᠳ ᠢᠷᠡᠨ᠎ᠡ᠃ ᠪᠢᠳᠠ ᠡᠳᠦᠷ᠎ᠤᠨ ᠲᠤᠷᠰᠢ ᠬᠤᠪᠤᠭᠤ ᠠᠮᠠᠷᠠᠭᠠᠬᠤ ᠦᠭᠡᠢ ᠤᠰᠤ ᠲᠠᠳᠠᠨ᠎ᠠ᠃ 《ᠬᠠᠳᠠᠭ᠍ᠰᠠᠨ ᠴᠠᠩᠭᠠᠭ᠍ᠰᠠᠨ ᠠᠮᠢᠳᠠᠨ᠎ᠤ ᠭᠤᠤᠯ᠎ᠢ ᠲᠡᠪᠳᠦᠭᠡᠵᠦ᠍ ᠪᠤᠶᠠᠨ ᠦᠢᠯᠡᠳᠦᠯ᠎ᠡ!》 ᠭᠡᠵᠤ ᠪᠤᠳᠤᠬᠤ᠎ᠨᠢ ᠴᠦ᠍ ᠦᠭᠡᠢ᠃ ᠵᠦᠪᠭᠡᠨ 《ᠪᠢᠳᠠᠨ᠎ᠤ ᠬᠢᠬᠦ᠌ ᠶᠤᠰᠤᠳᠠᠢ ᠠᠵᠢᠯ》 ᠭᠡᠵᠤ ᠲᠤᠭᠠᠴᠠᠭᠠᠯᠠᠨᠠ᠃ ᠠᠪᠤ ᠮᠢᠨᠢ ᠴᠦ᠍ ᠲᠡᠢᠮᠦ᠍ ᠯᠡ ᠦᠵᠡᠯ ᠪᠤᠳᠤᠯ᠎ᠢᠶᠠᠷ ᠬᠡᠦᠬᠡᠳ᠎ᠢᠶᠠᠨ ᠬᠦᠮᠦᠵᠢᠬᠦᠯᠳᠡᠭ᠃
ᠬᠠᠷᠢᠭᠤᠯᠤᠭ᠍ᠰᠠᠨ ᠮᠠᠯ ᠬᠠᠮᠢᠭ᠎ᠠ ᠶᠠᠪᠤᠪᠠᠯ ᠡᠵᠡᠨ᠎ᠨᠢ ᠲᠡᠨᠳᠡ ᠤᠴᠢᠨ᠎ᠠ᠃ ᠮᠠᠨ᠎ᠤ᠎ᠬᠢ᠎ᠪᠠᠷ ᠠᠳᠤᠭᠤ ᠮᠠᠯ᠎ᠤᠨ ᠡᠷᠢᠯᠴᠢᠳ ᠲᠠᠰᠤᠷᠠᠬᠤ ᠦᠭᠡᠢ᠃ ᠵᠢᠩ ᠦᠳᠡ᠎ᠶ᠋ᠢᠨ ᠬᠠᠯᠠᠭᠤᠨ᠎ᠳᠤ ᠭᠠᠳᠠᠭ᠎ᠠ ᠴᠠᠢ ᠴᠢᠨᠠᠬᠤ ᠬᠡᠴᠡᠬᠦᠦ᠃ ᠡᠷᠢᠯᠴᠢᠳ ᠪᠤᠷᠴᠠ ᠬᠦᠰᠭᠦᠯᠡᠨ ᠲᠠᠪᠠᠳᠠᠢ ᠴᠠᠢᠯᠠᠵᠤ᠂ ᠪᠢᠱᠢᠬᠦᠢ ᠠᠷᠪᠢᠨ ᠬᠦᠭ᠌ᠳᠡᠢ ᠱᠤᠮᠳᠠᠢ ᠶᠠᠭᠤᠮ᠎ᠠ ᠶᠠᠷᠢᠵᠤ ᠬᠦᠭᠡᠷᠦᠯᠳᠦᠨ᠎ᠡ᠃ ᠲᠡᠳᠡᠭᠡᠷ ᠶᠠᠷᠢᠶ᠎ᠠ ᠬᠦᠭᠡᠷᠦᠭᠡ᠎ᠨᠢ ᠬᠤᠵᠢᠮ᠎ᠤᠨ ᠮᠢᠨᠦ᠍ ᠪᠠᠭ᠎ᠠ ᠰᠠᠭ᠎ᠠ ᠶᠠᠭᠤᠮ᠎ᠠ ᠪᠢᠴᠢᠵᠦ᠍ ᠤᠷᠤᠯᠳᠤᠬᠤ᠎ᠳᠤ ᠴᠢᠮᠠᠯᠠᠰᠢ ᠦᠭᠡᠢ ᠦᠨ᠎ᠡ ᠪᠡᠨ᠎ᠡ᠎ᠲᠠᠢ ᠦᠪ ᠰᠤᠶᠤᠯ᠎ᠤᠨ ᠦᠭᠭᠦᠭᠡᠵᠢ ᠪᠤᠶᠠᠨ ᠪᠤᠯᠤᠭ᠍ᠰᠠᠨ ᠳ᠋ᠠ᠃
ᠮᠠᠨ᠎ᠤ ᠬᠤᠳᠳᠤᠭ ᠬᠦᠢᠬᠡᠨ᠃ ᠡᠪᠦᠯ᠎ᠤᠨ ᠲᠤᠮᠳᠠ ᠰᠠᠷ᠎ᠠ ᠭᠠᠷᠤᠮᠠᠭ᠍ᠴᠠ ᠮᠦᠰᠦ ᠴᠤᠭᠤᠯᠬᠤ ᠶᠠᠷᠰᠢᠭᠲᠠᠢ ᠠᠵᠢᠯ ᠡᠬᠢᠯᠡᠨ᠎ᠡ᠃ ᠬᠦᠭᠡᠭᠡ ᠡᠪᠦᠯ᠎ᠤᠨ ᠬᠦᠢᠳᠡᠨ ᠵᠢᠪᠠᠷ᠎ᠲᠤ ᠬᠠᠴᠠᠷ᠎ᠢᠶᠠᠨ ᠬᠠᠭᠠᠷᠢᠭᠤᠯ᠎ᠤᠨ᠂ ᠬᠦᠨᠳᠦ ᠲᠠᠮᠦᠷ ᠴᠡᠷᠢᠯ᠎ᠢᠶᠠᠷ ᠬᠤᠳᠳᠤᠭ᠎ᠤᠨ ᠢᠷᠤᠭᠠᠷ᠎ᠲᠤ ᠤᠪᠤᠢᠨ ᠬᠦᠯᠳᠡᠭ᠌ᠰᠡᠨ ᠮᠦᠰᠦ᠎ᠶ᠋ᠢ ᠴᠤᠭᠤᠯᠵᠤ᠂ ᠪᠤᠷᠭᠠᠰᠤᠨ ᠬᠦᠷᠦᠮᠡᠯ ᠰᠠᠭ᠍ᠰᠤ᠎ᠪᠠᠷ ᠮᠦᠰᠦ ᠱᠢᠬᠦᠵᠦ᠍ ᠬᠠᠶᠠᠬᠤ ᠲᠡᠢᠮᠦ᠍ ᠴᠦ᠍ ᠬᠢᠯᠪᠠᠷ ᠠᠵᠢᠯ ᠪᠢᠰᠢ ᠡ!
ᠨᠢᠬᠡ ᠡᠳᠦᠷ ᠪᠢ ᠠᠪᠤ᠎ᠶ᠋ᠢ ᠲᠠᠭᠠᠵᠤ ᠬᠤᠳᠳᠤᠭ᠎ᠤᠨ ᠮᠦᠰᠦ ᠴᠤᠭᠤᠯᠬᠤ᠎ᠪᠠᠷ ᠨᠠᠷᠠ ᠪᠢᠳᠡᠬᠦᠦ ᠬᠦᠳᠡᠯᠪᠡ᠃ 《ᠨᠠᠷᠠ ᠦᠵᠡᠬᠦ᠌᠎ᠠᠴᠠ ᠡᠮᠦᠨ᠎ᠡ ᠮᠦᠰᠦ ᠠᠮᠠᠷᠬᠠᠨ ᠬᠠᠭᠠᠷᠠᠳᠠᠭ》 ᠬᠡᠬᠦ᠌ ᠬᠡᠯᠡᠴᠡ ᠮᠠᠨ᠎ᠤ ᠭᠡᠷ ᠪᠦᠯᠢ᠎ᠶ᠋ᠢᠨ ᠪᠢᠴᠢᠭ᠌ᠳᠡᠭᠡ ᠦᠭᠡᠢ ᠬᠠᠤᠯᠢ᠃
ᠠᠪᠤ ᠶᠢᠰᠦ᠎ᠶ᠋ᠢᠨ ᠬᠦᠢᠳᠡᠨ᠎ᠳᠤ ᠭᠠᠳᠠᠭ᠎ᠠ ᠬᠤᠨᠤᠭ᠍ᠰᠠᠨ ᠬᠦᠢᠳᠡᠨ ᠲᠡᠮᠦᠷ ᠴᠡᠷᠢᠯᠢ ᠲᠤᠭ᠍ᠳᠤᠢ ᠪᠡᠭᠡᠯᠡᠢ᠎ᠶ᠋ᠢᠨ ᠠᠯᠢ ᠠᠯᠢ᠎ᠶ᠋ᠢ᠎ᠨᠢ ᠴᠦ᠍ ᠵᠡᠬᠦᠯ ᠦᠭᠡᠢ ᠱᠢᠭᠤᠳ ᠯᠠ ᠨᠢᠴᠦᠬᠦᠨ ᠭᠠᠷ᠎ᠢᠶᠠᠷ᠎ᠢᠶᠠᠨ ᠠᠳᠭᠤᠭᠠᠳ ᠲᠡᠭᠡᠷ᠎ᠡ ᠭᠡᠭ᠌ᠴᠢ᠎ᠨᠢ ᠡᠷᠬᠦᠨ ᠬᠤᠳᠳᠤᠭ᠎ᠤᠨ ᠢᠷᠤᠭᠠᠷᠲᠠᠬᠢ ᠮᠦᠰᠦ᠎ᠶ᠋ᠢ ᠦᠮᠦ᠍ ᠴᠦᠮᠦ᠍ ᠴᠤᠭᠤᠯᠬᠤ᠎ᠨᠢ ᠲᠤᠩ ᠴᠦ᠍ ᠪᠠᠭ᠍ᠠᠷᠬᠠᠯᠳᠠᠢ᠃ ᠮᠦᠰᠦ ᠴᠤᠭᠤᠯᠬᠤ ᠨᠢ ᠲᠡᠢᠮᠦ᠍ ᠴᠦ᠍ ᠬᠦᠴᠢᠷ ᠠᠵᠢᠯ ᠪᠢᠰᠢ ᠱᠢᠬ ᠰᠠᠨᠠᠭ᠍ᠳᠠᠯ᠎ᠠ᠃
《ᠠᠪᠤ ᠡ᠂ ᠪᠢ ᠴᠤᠭᠤᠯᠤᠶᠠ!》 ᠭᠡᠳ ᠴᠠᠷᠢᠯ ᠤᠷᠤᠭᠤ ᠤᠬᠤᠰᠭᠢᠨ ᠠᠳᠭᠤᠳᠠᠯᠠ ᠭᠠᠷᠤᠨ ᠠᠯᠠᠭ᠎ᠠ ᠱᠢᠷᠬᠢᠪᠠ᠃ ᠠᠪᠤ ᠮᠢᠨᠦ᠍ ᠭᠠᠷ᠎ᠢ ᠱᠢᠬᠦᠷ᠎ᠦᠨ ᠠᠯᠠᠭ᠎ᠠ᠎ᠶ᠋ᠢ ᠮᠢᠨᠢ ᠲᠡᠯᠭᠡᠵᠦ᠍ ᠦᠵᠡᠭ᠌ᠰᠡᠨ᠎ᠢᠶᠠᠨ 《ᠠᠯᠠᠭᠠᠨ᠎ᠤ ᠬᠢᠨᠢ ᠠᠷᠠᠰᠤ ᠬᠠᠭᠤᠷᠠᠴᠢᠬᠠᠭᠠ ᠦᠭᠡᠢ᠎ᠨᠢ ᠶᠠᠭᠠᠬᠢᠮᠠᠢ! ᠦᠬᠢᠨ ᠬᠡᠦᠬᠡᠳ᠎ᠢᠶᠠᠷ ᠡᠢᠮᠦ᠍ ᠴᠦ᠍ ᠠᠵᠢᠯ ᠬᠢᠯᠭᠡᠵᠦ᠍ ᠪᠠᠢᠬᠤ ᠭᠡᠵᠤ ᠳ᠋ᠠ》 ᠭᠡᠵᠤ ᠱᠢᠪᠡᠨᠡᠭᠡᠳ ᠲᠤᠮᠤ ᠠᠯᠠᠭᠠᠪᠠᠷᠢᠶᠠᠨ ᠭᠠᠷ᠎ᠢ ᠮᠢᠨᠢ ᠪᠦᠯᠢᠶᠡᠴᠡᠬᠦᠯᠦᠨ ᠪᠦᠯᠢᠶᠡᠴᠡᠬᠦᠯᠦᠨ ᠦᠯᠢᠶᠡᠪᠡ᠃ ᠨᠢᠳᠦ᠍᠎ᠪᠠᠷ᠎ᠨᠢ ᠨᠢᠯᠪᠤᠰᠤ ᠲᠦᠬᠦᠷᠴᠡᠢ᠃ ᠡᠨᠡ ᠶᠠᠪᠤᠳᠠᠯ᠎ᠠᠴᠠ ᠬᠤᠢᠰᠢ ᠠᠪᠤ ᠨᠠᠳᠠ᠎ᠪᠠᠷ ᠬᠤᠳᠳᠤᠭ᠎ᠤᠨ ᠮᠦᠰᠦ ᠴᠤᠭᠤᠯᠤᠭᠤᠯᠬᠤᠨᠢ ᠪᠠᠢᠳᠤᠭᠠᠢ ᠤᠰᠤ ᠲᠠᠮᠨᠠᠭᠤᠯᠬᠤᠶ᠋ᠢ ᠴᠦ᠍ ᠪᠤᠯᠢᠪᠠ᠃ ᠠᠪᠤ᠂ ᠠᠬ᠎ᠠ ᠲᠡᠬᠦᠦ ᠨᠠᠷ᠎ᠤᠨ᠎ᠢᠶᠠᠨ ᠬᠠᠢᠷ᠎ᠠ ᠬᠠᠯᠠᠮᠵᠢ᠎ᠪᠠᠷ ᠪᠢ ᠴᠦ᠍ ᠶᠤᠰᠤᠳᠠᠢ ᠡᠷᠭᠡ ᠲᠠᠩᠬᠢ ᠦᠰᠦᠭ᠌ᠰᠡᠨ ᠶᠤᠮᠳᠠᠭ᠃ ᠬᠡᠵᠢᠶ᠎ᠡ ᠬᠤᠢᠨ᠎ᠠ᠎ᠨᠢ ᠬᠦᠮᠦᠨ᠎ᠤ ᠡᠭᠡᠨᠡᠷ᠂ ᠬᠡᠦᠬᠡᠳ᠎ᠤᠨ ᠡᠵᠢ ᠪᠤᠯᠴᠢᠬᠠᠭ᠍ᠰᠠᠨ ᠪᠠᠢᠬᠤ᠎ᠳᠤ᠂ ᠠᠪᠤ ᠮᠢᠨᠢ ᠦᠨᠦᠬᠢ ᠮᠦᠰᠦ ᠴᠤᠭᠤᠯᠤᠭ᠍ᠰᠠᠨ ᠶᠠᠪᠤᠳᠠᠯ᠎ᠢ ᠲᠤᠷᠠᠰᠪᠠ᠃ 《ᠡᠵᠢ ᠴᠢᠨᠢ ᠪᠠᠢᠭ᠍ᠰᠠᠨ ᠪᠤᠯ ᠶᠠᠭᠠᠬᠢᠯ᠎ᠠ ᠭᠡᠵᠤ ᠴᠢᠮ᠎ᠡ᠎ᠶ᠋ᠢ ᠲᠡᠢᠮᠦ᠍ ᠬᠦᠨᠳᠦ ᠠᠵᠢᠯ᠎ᠳᠤ ᠤᠷᠤᠯᠴᠠᠭᠤᠯᠬᠤ ᠪᠤᠢ ᠳ᠋ᠠ᠃ ᠡᠷ᠎ᠡ ᠬᠦᠮᠦᠨ ᠪᠦᠳᠦᠬᠦᠨ ᠪᠠᠷᠤᠭ᠃ ᠵᠢᠵᠢᠭ ᠰᠠᠵᠢᠭ ᠵᠦᠢᠯ᠎ᠢ ᠠᠩᠬᠠᠷᠳᠠᠭ ᠦᠭᠡᠢ ᠪᠤᠯᠤᠭᠠᠳ ᠲᠡᠷᠡ ᠪᠢᠵᠡ᠃ ᠶᠡᠷᠦ᠍᠎ᠨᠢ ᠠᠮᠢᠳᠤᠷᠠᠯ᠎ᠳᠤ ᠠᠯᠳᠠᠵᠤ ᠤᠨᠤᠵᠤ ᠶᠠᠪᠤᠬᠤ᠎ᠶ᠋ᠢ ᠠᠯᠢ᠎ᠶ᠋ᠢ᠎ᠨᠢ ᠲᠡᠷᠡ ᠭᠡᠬᠦ᠌ ᠪᠤᠢ!》ᠭᠡᠳ ᠰᠡᠬᠦᠷᠡᠰᠦ ᠠᠯᠳᠠᠯ᠎ᠠ᠃
《ᠶᠠᠭᠠᠬᠢᠯ᠎ᠠ ᠭᠡᠵᠤ ᠳ᠋ᠠ! ᠮᠠᠨ᠎ᠤ ᠲᠠᠪᠤᠭᠤᠯᠠ ᠢᠳᠡᠵᠦ᠍ ᠤᠤᠭᠤᠬᠤ᠂ ᠡᠮᠦᠰᠴᠦ᠍ ᠵᠡᠬᠦᠬᠦ᠂ ᠨᠠᠭᠠᠳᠴᠤ᠌ ᠲᠤᠭ᠍ᠯᠠᠬᠤ᠂ ᠰᠤᠷᠭᠠᠭᠤᠯᠢ ᠰᠤᠶᠤᠯ᠎ᠤᠨ ᠮᠦᠷ ᠬᠦᠭᠡᠭᠡᠬᠦ᠌ ᠁ ᠭᠡᠳ ᠠᠯᠢ ᠴᠦ᠍ ᠲᠠᠯ᠎ᠠ᠎ᠪᠠᠷ᠎ᠢᠶᠠᠨ ᠦᠷᠦᠭᠡᠯ᠎ᠤᠨ ᠬᠡᠦᠬᠡᠳ᠎ᠤᠳ᠎ᠲᠠᠢ ᠡᠩ ᠰᠠᠴᠠᠭᠤ ᠦᠰᠦᠭ᠌ᠰᠡᠨ᠃ ᠲᠡᠨᠤᠪᠠᠨ ᠬᠠᠢᠷ᠎ᠠ ᠡᠨᠡᠷᠢᠯ᠂ ᠬᠠᠷᠢᠭᠤᠴᠠᠯᠭ᠎ᠠ ᠴᠢᠷᠮᠠᠢᠯᠭ᠎ᠠ᠂ ᠢᠳᠡᠭᠡᠯ ᠰᠡᠳᠭᠢᠯ᠂ ᠦᠮᠦᠭ ᠲᠦᠱᠢᠭ᠎ᠤᠨ ᠪᠤᠶᠠᠨ᠎ᠢᠶᠠᠷ ᠪᠢᠳᠠᠨ᠎ᠤ ᠠᠯᠢ ᠠᠯᠢ᠎ᠨᠢ ᠴᠦ᠍ ᠰᠠᠢᠬᠠᠨ ᠯᠠ ᠠᠮᠢᠳᠤᠷᠠᠵᠠᠭᠠᠵᠤ ᠪᠠᠢᠨ᠎ᠠ᠃ ᠲᠠ ᠪᠤᠯ ᠶᠤᠰᠤᠳᠠᠢ ᠪᠢᠳᠡᠨ᠎ᠤ ᠰᠡᠳᠭᠢᠯ ᠵᠢᠷᠦᠭᠡᠨ᠎ᠳᠠᠬᠢ ᠮᠦᠩᠭᠡ ᠨᠤᠭᠤᠭᠠᠨ ᠨᠤᠶᠠᠨ ᠨᠢᠷᠤᠭᠤ ᠱᠢᠤ!》 ᠬᠡᠯᠡ᠃ 《ᠨᠤᠶᠠᠨ ᠨᠢᠷᠤᠭᠤ ᠪᠠᠢᠳᠠᠭ᠎ᠨᠢ ᠴᠦ᠍ ᠶᠠᠭᠤ ᠪᠤᠢ!》 ᠭᠡᠳ ᠠᠪᠤ ᠮᠢᠨᠢ ᠢᠨᠢᠶᠡᠪᠡ᠃ ᠮᠠᠨ᠎ᠤ ᠠᠪᠤ ᠭᠡᠵᠤ ᠡᠢᠮᠦ᠍ ᠯᠠ ᠠᠮᠤᠭᠤᠯᠠᠩ ᠲᠦᠪᠱᠢᠨ ᠪᠠᠶᠠᠰᠤᠩᠭᠤᠢ ᠤᠪᠤᠷ᠎ᠲᠠᠢ ᠬᠦᠮᠦᠨ᠃
ᠦᠨᠦᠴᠢᠨ ᠬᠡᠳᠦᠨ ᠦᠷ᠎ᠡ᠎ᠶ᠋ᠢᠨ᠎ᠢᠶᠠᠨ ᠲᠦᠯᠦᠭᠡ ᠦᠬᠡᠬᠦᠨ ᠡᠪᠦᠳᠦᠭᠢᠶᠠᠷᠢᠶᠠᠨ ᠮᠦᠯᠬᠦᠬᠦ᠌ᠨᠢ ᠬᠤᠯᠠ ᠦᠭᠡᠢ ᠠᠮᠢᠳᠤᠷᠠᠯ᠎ᠲᠠᠢ ᠲᠤᠯᠤᠯᠳᠤᠵᠤ ᠶᠠᠪᠤᠭ᠍ᠰᠠᠨ ᠬᠦᠬᠡᠷᠦᠬᠦᠢ ᠠᠪᠤ ᠮᠢᠨᠢ ᠡᠳᠦᠭᠡ ᠨᠠᠶᠠᠨ ᠲᠦᠷᠪᠡᠨ ᠨᠠᠰᠤᠨ᠎ᠤ ᠦᠨᠳᠦᠷ ᠰᠡᠩᠳᠡᠢ ᠲᠡᠭᠡᠷ᠎ᠡ ᠦᠷ᠎ᠡ ᠬᠡᠦᠬᠡᠳ᠂ ᠠᠴᠢ ᠵᠢᠭᠡ ᠨᠠᠷ᠎ᠲᠠᠭᠠᠨ ᠦᠯᠢᠭᠡᠷ ᠲᠡᠦᠬᠡ ᠬᠠᠭᠤᠴᠢᠯᠠᠨ᠂ ᠪᠠᠷ᠎ᠠ ᠰᠦᠷ᠎ᠢᠶᠠᠨ ᠬᠠᠷᠠᠭᠤᠯᠵᠤ᠂ ᠦᠳᠡᠯᠦᠭᠡ ᠨᠠᠰᠤ᠎ᠪᠠᠨ ᠪᠡᠶ᠎ᠡ ᠲᠡᠩᠭᠡᠯᠡᠬᠦᠨ᠂ ᠰᠡᠳᠭᠢᠯ ᠬᠠᠩᠬᠣᠯᠣᠭᠣᠨ ᠵᠢᠷᠭᠠᠭᠠᠵᠤ ᠰᠠᠭᠤᠭ᠎ᠠ᠎ᠨᠢ ᠠᠱᠢᠳᠠᠢ᠃ ᠠᠪᠤ᠎ᠶ᠋ᠢᠨ ᠪᠠᠷ᠎ᠠ᠂ ᠰᠡᠳᠭᠢᠯ᠎ᠤᠨ ᠲᠦᠱᠢᠭ᠎ᠲᠠᠢ ᠪᠢᠳᠠᠨ᠎ᠤ ᠠᠮᠢᠳᠤᠷᠠᠯ ᠪᠠᠶᠠᠷ ᠵᠢᠷᠭᠠᠯ᠎ᠢᠶᠠᠷ ᠲᠦᠬᠦᠷᠡᠩ᠃
ᠠᠪᠤ᠎ᠶ᠋ᠢᠨ ᠪᠠᠷ᠎ᠠ᠎ᠲᠠᠢ ᠠᠮᠢᠳᠤᠷᠠᠯ ᠭᠡᠵᠤ ᠡᠢᠮᠦ᠍ ᠯᠡ ᠰᠠᠢᠬᠠᠨ᠃