ᠪᠢ ᠪᠣᠯ ᠠᠷᠠᠳ᠎ᠤᠨ ᠰᠢᠬᠦᠭᠴᠢ
2026-06-26 16:42:59
ᠵᠣᠬᠢᠶᠠᠭ᠍ᠴᠢ᠄
ᠪᠦᠷᠢᠨᠮᠠᠨᠲᠣᠬᠣ
ᠣᠩᠱᠢᠭ᠍ᠰᠠᠨ ᠣᠳᠠᠭ᠎ᠠ᠄
★★★☆☆

ᠪᠢ ᠪᠣᠯ ᠠᠷᠠᠳ᠎ᠤᠨ ᠰᠢᠬᠦᠭᠴᠢ

ᠲᠡᠷᠢᠬᠦᠨ ᠲᠡᠭᠡᠷ᠎ᠡ ᠮᠢᠨᠢ ᠣᠯᠣᠰ᠎ᠤᠨ ᠰᠦᠯᠲᠡ ᠬᠢᠯᠠᠯᠵᠠᠨ᠎ᠠ

ᠲᠡᠷᠡ ᠪᠣᠯ ᠬᠠᠣᠯᠢ ᠴᠠᠭᠠᠵᠠ᠎ᠶᠢᠨ ᠰᠦᠷ ᠬᠦᠴᠦᠨ᠎ᠢ ᠬᠠᠷᠠᠭᠣᠯᠣᠬᠰᠠᠨ

ᠲᠦᠷᠦ ᠣᠯᠣᠰ᠎ᠤᠨ ᠮᠢᠨᠢ ᠰᠦᠯᠲᠡ ᠶᠣᠮ

ᠦᠨᠡᠨ ᠶᠣᠰᠣᠨ᠎ᠤ ᠲᠦᠯᠦᠭᠡ ᠶᠠᠯᠠᠲᠣ ᠡᠲᠡᠭᠡᠳ᠎ᠢ ᠲᠠᠷᠣᠩᠭᠣᠢᠯᠠᠬᠣ ᠳ᠋ᠦ

ᠠᠯᠲᠠᠨ ᠰᠢᠷᠭᠠᠯ ᠰᠦᠯᠲᠡ ᠠᠣᠭ᠎ᠠ ᠬᠦᠴᠦᠨ᠎ᠢ ᠣᠯᠭᠣᠲᠠᠬ

ᠠᠰᠢᠬ ᠲᠦ᠍ ᠰᠢᠨᠣᠬᠰᠠᠨ ᠬᠦᠮᠦᠰ ᠡᠨᠡ ᠰᠦᠯᠲᠡ᠎ᠶᠢᠨ ᠡᠮᠦᠨ᠎ᠡ ᠵᠢᠷᠦᠭᠡ ᠨᠢ ᠴᠡᠴᠡᠷᠡᠵᠦ

ᠠᠷᠠᠳ᠎ᠢ ᠲᠠᠢᠰᠣᠩᠨᠠᠬᠴᠢ ᠪᠦᠬᠦᠨ ᠡᠨᠡ ᠰᠦᠯᠲᠡ᠎ᠶᠢᠨ ᠡᠮᠦᠨ᠎ᠠ ᠰᠦᠨᠡᠰᠦ ᠨᠢ ᠵᠠᠮᠬᠠᠷᠠᠨ᠎ᠠ᠃


ᠪᠢ ᠪᠣᠯ ᠠᠷᠠᠳ᠎ᠤᠨ ᠰᠢᠬᠦᠭᠴᠢ

ᠬᠣᠶᠠᠷ ᠮᠦᠷᠦᠨ ᠲᠡᠭᠡᠷ᠎ᠠ ᠮᠢᠨᠢ ᠬᠠᠣᠯᠢ᠎ᠶᠢᠨ ᠲᠡᠩᠨᠡᠬᠦᠷ᠎ᠤᠨ ᠬᠠᠲᠠᠯᠭᠠᠨ ᠲᠠᠢ

ᠲᠡᠷᠡ ᠪᠣᠯ ᠠᠷᠠᠳ ᠲᠦᠮᠡᠨ᠎ᠤ ᠬᠦᠰᠡᠯ᠎ᠢ ᠢᠯᠡᠳᠭᠡᠭᠰᠡᠨ

ᠲᠦᠪ ᠭᠣᠣᠯᠴᠢ᠎ᠶᠢᠨ ᠲᠡᠩᠨᠡᠬᠦᠷ ᠮᠦᠨ

ᠬᠡᠷᠡᠭ ᠵᠠᠷᠭᠣ ᠎ᠶᠢ ᠡᠨᠡ ᠲᠡᠩᠨᠡᠬᠦᠷ᠎ᠤᠨ ᠨᠢᠭᠡ ᠲᠠᠯ᠎ᠠ ᠳ᠋ᠦ ᠲᠠᠯᠪᠢᠪᠠᠯ

ᠬᠠᠣᠯᠢ ᠴᠠᠭᠠᠵᠠ ᠪᠣᠯ ᠲᠡᠬᠦᠨ᠎ᠤ ᠨᠦᠬᠦᠭᠡ ᠲᠠᠯ᠎ᠠ ᠳ᠋ᠦ ᠲᠡᠩᠴᠡᠬᠦ ᠲᠣᠣᠬᠠᠢ ᠮᠦᠨ

ᠠᠷᠠᠳ᠎ᠤᠨ ᠬᠣᠭᠣᠷᠣᠨᠲᠣᠬᠢ ᠵᠢᠭᠣᠷᠠᠭᠠᠨ ᠡᠨᠡ ᠲᠡᠩᠨᠡᠬᠦᠷ ᠲᠡᠭᠡᠷ᠎ᠡ ᠡᠶᠡᠰᠡᠨ ᠰᠢᠢᠳᠪᠦᠷᠢᠯᠡᠭᠲᠡᠨ᠎ᠡ

ᠡᠷᠡᠬᠦᠦ᠎ᠶᠢᠨ ᠶᠠᠯᠠᠲᠣ ᠠᠵᠢᠯᠯᠠᠭ᠎ᠠ ᠡᠨᠡ ᠲᠡᠩᠨᠡᠬᠦᠷ ᠲᠡᠭᠡᠷ᠎ᠡ ᠴᠢᠩᠭ᠎ᠠ ᠰᠢᠢᠳᠭᠡᠯ ᠣᠯᠣᠨ᠎ᠠ


ᠪᠢ ᠪᠣᠯ ᠠᠷᠠᠳ᠎ᠤᠨ ᠰᠢᠬᠦᠭᠴᠢ

ᠠᠷᠠᠳ ᠲᠦᠮᠡᠨ᠎ᠤ ᠮᠢᠨᠢ ᠬᠦᠰᠡᠯ ᠡᠷᠡᠮᠡᠯᠵᠡᠯ ᠬᠣᠶᠠᠷ ᠮᠦᠷᠦᠨ ᠲᠡᠭᠡᠷ᠎ᠡ ᠮᠢᠨᠢ ᠪᠠᠢᠬᠣ ᠣᠴᠢᠷ

ᠰᠢᠬᠦᠭᠴᠢ᠎ᠶᠢᠨ ᠠᠵᠢᠯ ᠮᠢᠨᠢ ᠬᠦᠨᠲᠦ ᠪᠦᠭᠡᠳ ᠪᠡᠷᠬᠡ

《ᠭᠣᠣᠯᠴᠢ》 ᠭᠡᠰᠡᠨ ᠨᠢᠭᠡᠯᠬᠡᠨ ᠦᠭᠡ ᠮᠢᠩᠭᠠᠨ ᠯᠠᠩ ᠲᠠᠢ ᠲᠡᠩᠴᠡᠨ᠎ᠡ

ᠠᠷᠠᠳ᠎ᠤᠨ ᠶ᠋ᠢᠡᠨ ᠲᠦᠯᠦᠭᠡ ᠬᠡᠷᠡᠭ ᠵᠠᠷᠭᠣ᠎ᠶᠢ ᠭᠣᠣᠯᠴᠢ ᠪᠡᠷ ᠲᠠᠰᠣᠯᠵᠦ

ᠣᠯᠣᠰ᠎ᠤᠨ ᠶ᠋ᠢᠡᠨ ᠲᠦᠯᠦᠭᠡ ᠬᠠᠣᠯᠢ ᠴᠠᠭᠠᠵᠠ᠎ᠶᠢ ᠴᠢᠩᠭ᠎ᠠ ᠬᠡᠷᠡᠭᠵᠢᠬᠦᠯᠬᠦ ᠨᠢ

ᠠᠷᠠᠳ ᠲᠦᠮᠡᠨ ᠡᠴᠡ ᠮᠢᠨᠢ ᠨᠠᠲᠠᠲᠣ ᠣᠯᠭᠣᠬᠰᠠᠨ ᠲᠣᠮᠣ ᠡᠷᠬᠡ

ᠠᠷᠠᠳ᠎ᠤᠨ ᠰᠢᠬᠦᠭᠴᠢ ᠪᠣᠯᠣᠬᠰᠠᠨ ᠮᠢᠨᠦ ᠲᠠᠷᠬᠠᠨ ᠡᠬᠦᠷᠭᠡ ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号