ᠳᠠᠭᠤᠯᠠᠳᠠᠭ ᠬᠦᠮᠦᠨ᠎ᠤ ᠰᠡᠳᠭᠢᠯ᠎ᠳᠤ ᠨᠠᠷᠠᠨ᠎ᠤ ᠭᠡᠷᠡᠯ᠎ᠲᠠᠢ
ᠪᠦᠬᠦᠰᠢ ᠦᠭᠡᠢ ᠨᠠᠷᠠᠨ᠎ᠤ ᠭᠡᠷᠡᠯ᠎ᠳᠤᠨᠢ
ᠪᠦᠬᠦᠢᠯᠡ ᠽᠠᠮᠪᠤᠯᠢᠩ ᠨᠠᠪᠳᠡ ᠲᠤᠩᠭᠠᠯᠠᠭ ᠭᠡᠷᠡᠯᠳᠦᠳᠡᠭ
ᠳᠠᠭᠤᠯᠠᠳᠠᠭ ᠬᠦᠮᠦᠨ᠎ᠤ ᠰᠡᠳᠭᠢᠯ᠎ᠳᠤ ᠰᠠᠷᠠᠨ᠎ᠤ ᠲᠤᠶᠠᠭ᠎ᠠ᠎ᠲᠠᠢ
ᠲᠤᠨᠤᠯᠵᠠᠨ ᠠᠰᠭᠠᠷᠠᠳᠠᠭ ᠰᠠᠷᠠᠨ᠎ᠤ ᠲᠤᠶᠠᠭ᠎ᠠ᠎ᠨᠢ
ᠲᠤᠳᠤ ᠮᠠᠩᠨᠠᠢ᠎ᠶ᠋ᠢᠨ ᠨᠢᠳᠦᠨ᠎ᠳᠤ ᠡᠭᠦᠷᠯᠡᠳᠡᠭ
ᠳᠠᠭᠤᠯᠠᠳᠠᠭ ᠬᠦᠮᠦᠨ᠎ᠤ ᠰᠡᠳᠭᠢᠯ᠎ᠳᠤ ᠤᠳᠤᠳ᠎ᠤᠨ ᠬᠢᠯᠪᠠᠭ᠎ᠠ᠎ᠲᠠᠢ
ᠤᠢᠰᠦᠨᠳᠤ ᠱᠢᠬᠢᠳᠭᠡᠭ᠌ᠰᠡᠨ ᠤᠳᠤᠳ᠎ᠤᠨ ᠬᠢᠯᠪᠠᠭ᠎ᠠ᠎ᠨᠢ
ᠤᠷᠴᠢᠯᠠᠩ᠎ᠤᠨ ᠵᠠᠢ᠎ᠶ᠋ᠢ ᠬᠠᠪᠤᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠠᠭᠤᠯᠠᠰ᠎ᠤᠨ ᠵᠢᠪᠬᠤᠭ᠎ᠠ᠎ᠲᠠᠢ
ᠰᠦᠪᠡᠭᠡ᠎ᠪᠠᠨ ᠲᠤᠯᠤᠭ᠍ᠰᠠᠨ ᠠᠭᠤᠯᠠᠰ᠎ᠤᠨ ᠵᠢᠪᠬᠤᠭ᠎ᠠ᠎ᠨᠢ
ᠰᠦᠯᠳᠡ ᠲᠡᠭ᠌ᠷᠢ᠎ᠶ᠋ᠢᠨ ᠵᠢᠷᠤᠬᠠᠢ᠎ᠳᠤ ᠵᠤᠳᠤᠭ᠍ᠯᠠᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠤᠰᠤᠨ᠎ᠤ ᠳᠤᠯᠠᠭᠠᠨ᠎ᠲᠠᠢ
ᠤᠬᠠᠭᠠᠨ᠎ᠢ ᠤᠭ᠍ᠵᠢᠭ᠍ᠰᠠᠨ ᠤᠰᠤᠨ᠎ᠤ ᠳᠤᠯᠠᠭᠠᠨ᠎ᠨᠢ
ᠤᠳᠤᠮ᠎ᠤᠨ ᠴᠢᠰᠤᠨ᠎ᠳᠤ ᠨᠤᠳᠤᠭ᠍ᠯᠠᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠡᠳᠦᠷ᠎ᠤᠨ ᠦᠨᠳᠦᠷᠯᠢᠭ᠎ᠲᠠᠢ
ᠡᠮᠦᠨᠡᠰᠢ ᠨᠡᠭᠡᠭᠡᠭ᠌ᠳᠡᠭ᠌ᠰᠡᠨ ᠡᠳᠦᠷ᠎ᠤᠨ ᠦᠨᠳᠦᠷᠯᠢᠭ᠎ᠨᠢ
ᠡᠬᠡ ᠤᠷᠤᠨ᠎ᠤ ᠮᠠᠨᠳᠠᠯ᠎ᠳᠤ ᠠᠮᠢᠳᠤᠷᠠᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠰᠦᠨᠢ᠎ᠶ᠋ᠢᠨ ᠠᠮᠤᠭᠤᠯᠠᠩ᠎ᠲᠠᠢ
ᠲᠠᠢᠪᠤᠩ ᠵᠡᠭᠦᠳᠦ ᠳᠡᠷᠡᠯᠡᠭ᠌ᠰᠡᠨ ᠰᠦᠨᠢ᠎ᠶ᠋ᠢᠨ ᠠᠮᠤᠭᠤᠯᠠᠩ᠎ᠨᠢ
ᠲᠠᠪᠤᠨ ᠡᠷᠳᠡᠨᠢ᠎ᠶ᠋ᠢᠨ ᠠᠶᠠᠯᠭᠤᠨ᠎ᠳᠤ ᠲᠡᠯᠡᠷᠡᠳᠡᠭ
ᠳᠠᠭᠤᠯᠠᠳᠠᠭ ᠬᠦᠮᠦᠨ᠎ᠤ ᠰᠡᠳᠭᠢᠯ᠎ᠳᠤ ᠡᠪᠡᠰᠦᠨ᠎ᠤ ᠦᠵᠡᠰᠭᠦᠯᠡᠩᠲᠠᠢ
ᠭᠠᠵᠠᠷ᠎ᠠᠴᠠ ᠤᠢᠷ᠎ᠠ ᠡᠪᠡᠰᠦᠨ᠎ᠤ ᠦᠵᠡᠰᠭᠦᠯᠡᠩ᠎ᠨᠢ
ᠭᠠᠯᠪᠠ᠎ᠶ᠋ᠢᠨ ᠠᠮᠢᠳᠠᠨ᠎ᠤ ᠦᠨᠳᠡᠭᠡ᠎ᠶ᠋ᠢ ᠬᠠᠷᠠᠮᠨᠠᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠨᠠᠪᠴᠢᠨ᠎ᠤ ᠬᠡ᠎ᠲᠠᠢ
ᠠᠯᠠᠭᠠᠨ᠎ᠤ ᠵᠢᠷᠤᠭᠠᠰᠤ ᠱᠢᠭ᠋ ᠨᠠᠪᠴᠢᠨ᠎ᠤ ᠬᠡᠨ᠎ᠢ
ᠠᠯᠳᠠᠩᠬᠠᠨ ᠵᠠᠶᠠᠭᠠᠨ᠎ᠤ ᠦᠷᠢ ᠲᠠᠮᠤᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠪᠤᠷᠤᠭᠠᠨ᠎ᠤ ᠪᠤᠢᠯᠠᠭ᠎ᠠ᠎ᠲᠠᠢ
ᠪᠤᠳᠤᠭ ᠡᠮᠬᠦᠭ᠌ᠰᠡᠨ ᠪᠤᠷᠤᠭᠠᠨ᠎ᠤ ᠪᠤᠢᠯᠠᠭ᠎ᠠ᠎ᠨᠢ
ᠪᠤᠷᠬᠠᠨ᠎ᠤ ᠮᠡᠯᠮᠡᠢ᠎ᠠᠴᠠ ᠮᠡᠨᠳᠦᠯᠡᠳᠡᠭ
ᠳᠠᠭᠤᠯᠠᠳᠠᠭ ᠬᠦᠮᠦᠨ᠎ᠤ ᠰᠡᠳᠭᠢᠯ᠎ᠳᠤ ᠬᠠᠷ᠎ᠠ ᠱᠢᠷᠤᠢ᠎ᠶ᠋ᠢᠨ ᠦᠨᠦᠷ᠎ᠲᠠᠢ
ᠬᠠᠩᠬᠤᠯᠤᠮ᠎ᠠ ᠬᠠᠷ᠎ᠠ ᠱᠢᠷᠤᠢ᠎ᠶ᠋ᠢᠨ ᠦᠨᠦᠷ᠎ᠨᠢ
ᠬᠠᠨ ᠳᠡᠯᠡᠭᠡᠢ᠎ᠶ᠋ᠢᠨ ᠪᠤᠶᠠᠨ᠎ᠢ ᠤᠭ᠍ᠵᠢᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠨᠤᠲᠤᠭ᠎ᠤᠨ ᠱᠢᠷ᠎ᠠ ᠵᠠᠮ᠎ᠲᠠᠢ
ᠲᠤᠷᠠᠨ᠎ᠳᠤ ᠲᠤᠷᠤᠯᠵᠠᠬᠤ ᠨᠤᠲᠤᠭ᠎ᠤᠨ ᠱᠢᠷ᠎ᠠ ᠵᠠᠮ᠎ᠨᠢ
ᠲᠤᠷᠠᠯᠠᠬᠤ᠎ᠶ᠋ᠢᠨ ᠱᠢᠯᠲᠠᠭ ᠪᠤᠯᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠦᠷᠦᠮ᠎ᠡ᠎ᠶ᠋ᠢᠨ ᠱᠢᠷᠭᠠᠯ ᠰᠠᠯᠬᠢ᠎ᠲᠠᠢ
ᠬᠦᠭᠡᠮᠡᠢ᠎ᠶ᠋ᠢᠨ ᠡᠭᠡᠱᠢᠭ᠎ᠲᠠᠢ ᠰᠠᠯᠬᠢᠨ᠎ᠢ
ᠬᠥᠬᠡ ᠲᠠᠯ᠎ᠠ᠎ᠳᠠᠭᠠᠨ ᠬᠤᠨᠤᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠬᠠᠢᠷᠠᠯᠠᠵᠤ ᠬᠦᠢᠴᠡᠬᠦ᠌ ᠦᠭᠡᠢ ᠵᠢᠷᠦᠭᠡ᠎ᠲᠠᠢ
ᠦᠨᠦᠴᠢᠨ ᠤᠯᠠᠭᠠᠨ ᠵᠢᠷᠦᠭᠡ᠎ᠨᠢ
ᠦᠨᠡᠨ ᠰᠠᠢᠬᠠᠨ᠎ᠤ ᠵᠦᠭ ᠠᠮᠢᠰᠭᠤᠯᠯᠠᠳᠠᠭ
ᠳᠠᠭᠤᠯᠠᠳᠠᠭ ᠬᠦᠮᠦᠨ᠎ᠤ ᠰᠡᠳᠭᠢᠯ᠎ᠳᠤ ᠭᠠᠭ᠍ᠴᠠᠬᠠᠨ ᠪᠦᠮᠪᠦᠷᠴᠡᠭ᠎ᠲᠠᠢ
ᠠᠯᠠᠭᠠᠨ ᠳᠡᠭᠡᠷᠡᠬᠢ ᠭᠠᠭ᠍ᠴᠠᠬᠠᠨ ᠪᠦᠮᠪᠦᠷᠴᠡᠭ᠎ᠢᠶᠠᠨ
ᠠᠰᠠᠷᠠᠨ ᠭᠠᠮᠨᠠᠵᠤ ᠪᠠᠢᠳᠠᠭ ᠡ