ᠭᠤᠷᠪᠠᠨ ᠵᠠᠭᠤᠨ ᠨᠠᠰᠤᠲᠤ᠌ ᠪᠣᠳᠢ ᠮᠣᠳᠣᠨ ᠤ᠋ ᠲᠤᠤᠷ᠎ᠠ ᠬᠠᠶ᠋ᠢᠷ᠎ᠠ ᠶ᠋ᠢᠨ ᠰᠢᠯᠦᠭ ᠪᠢᠴᠢᠯ᠎ᠡ
2026-06-26 16:49:02
ᠵᠣᠬᠢᠶᠠᠭ᠍ᠴᠢ᠄
ᠡ᠊·ᠲᠡᠷᠢᠭᠦᠨ
ᠣᠩᠱᠢᠭ᠍ᠰᠠᠨ ᠣᠳᠠᠭ᠎ᠠ᠄
★★★☆☆

— ᠤᠰᠤᠳᠦ ᠶ᠋ᠢᠨ ᠵᠤᠤ ᠵᠢᠨ ᠭᠤᠷᠪᠠᠨ ᠵᠠᠭᠤᠨ ᠤᠨ ᠪᠤᠯᠤᠭᠰᠠᠨ ᠪᠤᠳᠢ ᠮᠤᠳᠤᠨ᠎ᠤ ᠲᠡᠷᠭᠡᠳᠡ


ᠭᠤᠷᠪᠠᠨ ᠵᠠᠭᠤᠨ ᠨᠠᠰᠤᠲᠤ᠌ ᠪᠣᠳᠢ ᠮᠣᠳᠣᠨ᠎ᠤ ᠲᠤᠤᠷ᠎ᠠ ᠬᠠᠶ᠋ᠢᠷ᠎ᠠ ᠶ᠋ᠢᠨ ᠰᠢᠯᠦᠭ ᠪᠢᠴᠢᠯ᠎ᠡ

ᠭᠠᠵᠠᠷ᠎ᠤᠨ ᠨᠢᠳᠤᠨ ᠪᠠᠶᠠᠰᠬᠤ ᠮᠡᠲᠦ᠍ ᠪᠦᠳᠦᠨ ᠲᠡᠯᠡᠭᠡᠢ ᠦᠵᠡᠰᠬᠦᠯᠡᠩᠲᠡᠢ ᠁


ᠭᠤᠷᠪᠠᠨ ᠵᠠᠭᠤᠨ ᠤᠨ ᠤᠷᠭᠤᠵᠦ᠍ ᠪᠠᠶ᠋ᠢᠭ᠎ᠠ ᠡᠨᠡ ᠮᠤᠳᠤᠨ ᠳ᠋ᠥ᠍

ᠲᠦᠷᠪᠡᠨ ᠤᠯᠠᠷᠢᠯ᠎ᠤᠨ ᠰᠠᠪᠠ ᠰᠢᠮ᠎ᠡ ᠰᠢᠩᠭᠡᠨ᠎ᠡ

ᠭᠤᠷᠪᠠᠨ ᠵᠠᠭᠤᠨ ᠤᠨ ᠰᠢᠷᠠᠯᠠᠵᠦ᠍ ᠪᠠᠶ᠋ᠢᠭ᠎ᠠ ᠡᠨᠡ ᠮᠤᠳᠤᠨ ᠳ᠋ᠥ᠍

ᠲᠠᠪᠤᠨ ᠲᠢᠪ᠎ᠤᠨ ᠨᠢᠭᠦᠯ ᠪᠤᠶᠠᠨ ᠨᠢᠭᠤᠭᠳᠠᠨ᠎ᠠ


ᠭᠤᠷᠪᠠᠨ ᠵᠠᠭᠤᠨ ᠵᠢᠯ᠎ᠤᠨ ᠠᠮᠢᠰᠬᠤᠭ᠎ᠠ ᠵᠢ ᠨᠢ ᠴᠢᠩᠨᠠᠬᠤᠢ ᠳ᠋ᠤ

ᠭᠠᠬᠴᠠᠬᠠᠨ ᠴᠢ ᠯᠡ ᠮᠢᠨᠦ᠍ ᠵᠢᠷᠤᠭᠡᠨ ᠳ᠋ᠥ᠍ ᠰᠡᠮᠡᠷᠡᠭᠡᠰᠦᠳᠠᠢ ᠁


ᠬᠠᠭᠤᠴᠢᠳ᠎ᠤᠨ ᠰᠠᠷᠠᠨ᠎ᠤ ᠭᠡᠭᠡ ᠠᠰᠬᠠᠷᠠᠵᠣ

ᠬᠠᠮᠢᠭ᠎ᠠ ᠨᠢᠭᠡᠨᠳᠡᠭᠡ ᠭᠠᠯᠠᠭᠤ ᠭᠠᠩᠭᠠᠨᠠᠬᠤ ᠰᠤᠨᠤᠰᠳᠠᠨ᠎ᠠ

ᠬᠠᠷᠠᠩᠭᠤᠢ ᠵᠢᠨ ᠳᠣᠮᠳᠠ ᠠᠳᠣᠭᠤᠳ ᠳᠣᠷᠭᠢᠵᠣ

ᠬᠠᠭᠤᠴᠢᠨ ᠤᠢ ᠰᠡᠷᠭᠦᠨ ᠦᠩᠭᠡᠷᠡᠭᠰᠡᠨ ᠪᠦᠬᠦᠨ ᠢᠷᠡᠨ᠎ᠡ

ᠡᠷᠳᠡᠨ᠎ᠤ ᠰᠦᠮ᠎ᠡ ᠵᠢᠨ ᠭᠠᠳᠠᠭ᠎ᠠ ᠰᠢᠭᠦᠳᠡᠷᠢ ᠪᠠᠭᠤᠵᠦ᠍

ᠡᠨᠡ ᠮᠤᠳᠤᠨ ᠳ᠋ᠥ᠍ ᠰᠦᠨᠢ ᠤᠷᠭᠤᠵᠦ᠍ ᠦᠵᠡᠭᠳᠡᠨ᠎ᠡ


《ᠬᠤᠪᠢ ᠵᠠᠶᠠᠭ᠎ᠠ ᠶᠠᠭᠤ ᠪᠤᠢ》 ᠭᠡᠵᠦ᠍ ᠴᠢ ᠡᠷᠡᠭᠡᠯᠵᠡᠳᠡᠭ

ᠬᠤᠷᠣᠮᠬᠠᠨ ᠪᠠᠶ᠋ᠢᠯ᠎ᠠ ᠴᠦ᠍ ᠡᠨᠡ ᠮᠦᠴᠡ ᠳ᠋ᠤ ᠪᠢ ᠬᠠᠶ᠋ᠢᠷᠠᠳᠠᠢ


ᠬᠠᠮᠢᠭ᠎ᠠ ᠡᠴᠠ ᠴᠦ᠍ ᠪᠢ ᠴᠢᠮᠠᠶ᠋ᠢ ᠬᠠᠶ᠋ᠢᠭ᠎ᠠ ᠦᠭᠡᠢ

ᠬᠠᠷᠠᠴᠠᠨ᠎ᠤ ᠴᠢᠨᠢ ᠤᠶᠠᠨ ᠢ᠋ ᠪᠢ ᠲᠠᠬᠢᠵᠦ᠍ ᠵᠡᠭᠦᠳᠦᠯᠡᠬᠦ᠌ ᠦᠭᠡᠢ

ᠭᠤᠨᠢᠭ ᠦᠭᠡᠢ ᠮᠤᠳᠤᠨ᠎ᠤ ᠵᠠᠯᠠᠭᠤ ᠨᠠᠪᠴᠢᠰ ᠢ᠋ ᠬᠠᠷᠠᠭᠠᠳ

ᠭᠤᠷᠢᠶᠠᠨ ᠲᠤᠳᠤᠷ᠎ᠠ ᠴᠦ᠍ ᠮᠦᠷᠦᠭᠡᠳᠦᠯ ᠪᠠᠶ᠋ᠢᠳᠠᠭ ᠢ᠋ ᠮᠡᠳᠡᠯ᠎ᠡ


ᠠᠭᠤᠯᠠᠰ ᠪᠤᠭᠤᠷᠤᠯᠳᠤᠳᠠᠭ᠂ ᠤᠰᠤ ᠰᠢᠷᠭᠢᠳᠡᠭ

ᠠᠭᠤᠳᠠᠮ ᠰᠠᠨᠰᠠᠷ ᠲᠦ᠍ ᠤᠳᠤᠳ ᠰᠤᠯᠢᠷᠰᠢᠳᠠᠭ

ᠤᠷᠴᠢᠯᠠᠩ᠎ᠤᠨ ᠲᠤᠳᠠᠭᠤ ᠵᠢ ᠨᠦᠭᠦᠭᠰᠡᠨ ᠡᠨᠡ ᠦᠳᠡᠰᠢ ᠶ᠋ᠢᠨ ᠭᠡᠭᠡ

ᠤᠷᠢᠳᠦ ᠶ᠋ᠢᠨ ᠦᠢᠯᠡ ᠵᠢ ᠬᠡᠳᠦᠯᠦᠨ ᠤᠷᠳᠤᠬᠠᠨ ᠬᠠᠷ᠎ᠠ ᠰᠤᠷᠮᠤᠣᠰᠤᠨ ᠳ᠋ᠥ᠍ ᠴᠢᠨᠢ ᠪᠠᠭᠤᠨᠠᠮ


ᠭᠤᠷᠪᠠᠨ ᠵᠠᠭᠤᠨ ᠵᠢᠯ ᠶᠢᠷᠳᠢᠨᠴᠦ᠍ ᠵᠢ ᠴᠢᠩᠨᠠᠵᠦ᠍ ᠪᠠᠶ᠋ᠢᠭ᠎ᠠ

ᠭᠠᠯᠪᠠᠷᠠᠨᠽᠠ ᠵᠢᠨ ᠮᠤᠳᠤᠨ ᠤ᠋ ᠪᠠᠳᠠᠷᠠᠨ ᠴᠡᠴᠡᠭᠯᠡᠬᠦ᠌ ᠵᠢ ᠪᠢ ᠤᠳᠤ ᠬᠠᠷᠠᠯ᠎ᠠ

ᠭᠤᠷᠪᠠᠨ ᠵᠠᠭᠤ ᠵᠢᠷᠠᠨ ᠲᠠᠪᠤᠨ ᠬᠤᠨᠤᠭ᠎ᠤᠨ ᠲᠤᠷᠰᠢ ᠴᠢᠮ᠎ᠠ ᠵᠢ ᠰᠠᠨᠠᠭᠰᠠᠨ

ᠭᠤᠨᠢᠭ ᠦᠭᠡᠢ ᠲᠤᠷᠠᠳᠬᠠᠯ ᠤᠳᠤ ᠴᠡᠴᠡᠭᠯᠡᠬᠦ᠌ ᠮᠡᠳᠦ ᠪᠤᠯᠤᠯ᠎ᠠ


ᠠᠨᠢᠷ ᠦᠭᠡᠢ ᠤᠷᠴᠢᠯᠠᠩ᠎ᠤᠨ ᠬᠠᠮᠢᠭ᠎ᠠ ᠴᠦ᠍ ᠭᠡᠰᠡᠨ

ᠠᠯᠳᠠᠷᠠᠶ᠋ᠢᠬᠠᠨ ᠴᠢ ᠮᠢᠨᠢ ᠠᠵᠠ ᠵᠢᠷᠭᠠᠯᠳᠠᠢ ᠢᠨᠢᠶᠡᠨ ᠪᠠᠶᠠᠰᠴᠦ᠍

ᠠᠮᠤᠭᠤᠯᠠᠩ ᠬᠢᠭᠡᠳ ᠠᠮᠤᠭᠤᠯᠠᠩ᠎ᠤᠨ ᠰᠢᠯᠳᠠᠭᠠᠨ ᠢ᠋ ᠤᠬᠠᠬᠤ ᠪᠤᠯᠳᠤᠭᠠᠢ ᠬᠡᠮᠡᠨ

ᠠᠷᠪᠠᠨ ᠲᠦᠮᠡᠨ ᠨᠠᠪᠴᠢᠰ ᠲᠤᠨᠢ ᠰᠢᠪᠡᠨᠡᠨ ᠰᠢᠪᠡᠨᠡᠨ ᠵᠠᠯᠪᠠᠷᠢᠯ᠎ᠠ


ᠭᠤᠷᠪᠠᠨ ᠵᠠᠭᠤᠨ ᠨᠠᠰᠤᠲᠤ᠌ ᠪᠣᠳᠢ ᠮᠣᠳᠣᠨ ᠤ᠋ ᠲᠤᠤᠷ᠎ᠠ ᠬᠠᠶ᠋ᠢᠷ᠎ᠠ ᠶ᠋ᠢᠨ ᠰᠢᠯᠦᠭ ᠪᠢᠴᠢᠯ᠎ᠡ

ᠭᠠᠵᠠᠷ᠎ᠤᠨ ᠨᠢᠳᠤᠨ ᠪᠠᠶᠠᠰᠬᠤ ᠮᠡᠲᠦ᠍ ᠪᠦᠳᠦᠨ ᠲᠡᠯᠡᠭᠡᠢ ᠦᠵᠡᠰᠬᠦᠯᠡᠩᠲᠡᠢ ᠁


ᠴᠡᠩᠬᠡᠷ ᠭᠠᠷᠠᠭ ᠲᠦ᠍ ᠳᠡᠯᠭᠡᠷᠡᠭᠰᠡᠨ ᠡᠨᠡ ᠴᠡᠴᠡᠭᠡᠰ᠎ᠤᠨ ᠪᠣᠷᠣᠭᠠᠨ ᠦᠨᠡᠨ ᠳ᠋ᠡᠭᠡᠨ

ᠴᠡᠴᠡᠭᠡᠢ ᠳ᠋ᠤ ᠲᠠᠨᠢ ᠣᠷᠭᠤᠭᠰᠠᠨ ᠶᠡᠭᠡ ᠬᠠᠶ᠋ᠢᠷ᠎ᠠ ᠵᠢᠨ ᠲᠠᠷᠨᠢ ᠪᠤᠶᠤ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号