ᠠᠪᠤ ᠪᠢᠳᠡ ᠬᠤᠶᠠᠷ
2026-06-26 16:32:50
ᠵᠣᠬᠢᠶᠠᠭ᠍ᠴᠢ᠄
​ᠳᠦᠷᠪᠡᠳ ᠨᠠᠷᠠᠩᠭᠤᠸ᠎ᠠ
ᠣᠩᠱᠢᠭ᠍ᠰᠠᠨ ᠣᠳᠠᠭ᠎ᠠ᠄
★★★☆☆

ᠠᠪᠤ᠎ᠲᠠᠢ ᠪᠠᠢᠬᠣ᠎ᠳᠠᠭᠠᠨ ᠪᠢ

ᠠᠶᠤᠮᠱᠢᠭ᠎ᠤᠨ ᠮᠡᠳᠡᠭᠡ᠎ᠶ᠋ᠢ ᠬᠠᠷᠠᠭ᠎ᠠ ᠦᠭᠡᠢ


ᠬᠦᠬᠡ ᠠᠽᠢᠶ᠎ᠠ ᠱᠢᠭ᠋ ᠮᠢᠨᠤ ᠠᠪᠤ

ᠬᠦᠳᠡᠭᠡ ᠨᠤᠲᠤᠭ᠎ᠤᠨ ᠡᠷᠳᠡᠨᠢᠲᠦ ᠨᠤᠮ ᠡ

ᠮᠠᠨᠢ ᠲᠠᠷᠨᠢ᠎ᠶ᠋ᠢ ᠪᠢᠱᠢᠯᠭᠠᠭ᠎ᠠ ᠦᠭᠡᠢ ᠴᠤ᠌ ᠭᠡᠯ᠎ᠡ

ᠮᠠᠬᠢᠷ ᠰᠡᠯᠡᠮ᠎ᠡ ᠱᠢᠭ ᠳᠠᠢᠴᠢᠨ ᠤᠬᠠᠭᠠᠨᠲᠠᠨ ᠡ

ᠲᠠᠰ ᠬᠠᠷᠠᠩᠭᠤᠢ᠎ᠶ᠋ᠢ ᠲᠠᠱᠢᠭᠤᠷᠳᠠᠳᠠᠭ

ᠲᠠᠰᠤᠷᠬᠠᠢ 《ᠤᠶᠤᠲᠠᠨ》 ᠪᠠᠢᠵᠠᠢ ᠪᠢᠯᠡ᠂ ᠠᠪᠤ ᠮᠢᠨᠢ

ᠠᠶᠠᠯᠭᠤ ᠡᠭᠡᠱᠢᠭ᠎ᠤᠨ ᠨᠤᠲ ᠬᠦᠭ᠌ᠯᠡᠵᠦ᠍

ᠠᠮᠢᠳᠤᠷᠠᠯ ᠪᠤᠰᠭᠠᠭ᠍ᠰᠠᠨ 《ᠪᠠᠷᠢᠮᠠᠯᠴᠢ》 ᠪᠠᠢᠵᠠᠢ᠂ ᠠᠪᠤ ᠮᠢᠨᠢ


ᠠᠯᠳᠠᠷᠠᠢ ᠨᠠᠰᠤᠨ᠎ᠳᠠᠭᠠᠨ ᠪᠢ

ᠠᠪᠤ᠎ᠶ᠋ᠢ᠎ᠪᠠᠨ ᠮᠠᠷᠲᠠᠵᠦ᠍ ᠴᠢᠳᠠᠯ ᠦᠭᠡᠢ

ᠬᠦᠮᠦᠨ ᠵᠤᠨ᠎ᠤ ᠳᠤᠮᠳᠠᠭᠤᠷ ᠮᠦᠷ ᠵᠤᠷᠠᠢᠯᠭᠠᠨ

ᠬᠦᠰᠡᠯ᠎ᠢ ᠲᠠᠨᠢ ᠡᠷᠭᠦᠨ ᠵᠢᠳᠬᠦᠭ᠌ᠰᠡᠭᠡᠷ ᠢᠷᠡᠯ᠎ᠡ

ᠲᠤᠷᠭᠠᠨ ᠤᠷᠴᠢᠯᠠᠩ᠎ᠤᠨ ᠵᠤᠯᠠᠢ ᠡᠷᠭᠦᠵᠦ᠍

ᠲᠤᠮᠤᠭᠠᠵᠢᠨ ᠬᠦᠯᠵᠢᠵᠦ᠍ ᠨᠡᠢᠭᠡᠮ ᠦᠭᠡᠳᠡ ᠤᠷᠤᠭ᠍ᠰᠢᠯᠠᠯ᠎ᠠ


ᠠᠪᠤ ᠪᠢᠳᠡᠨ ᠬᠤᠶᠠᠷ

ᠠᠶᠤᠮᠱᠢᠭ᠎ᠤᠨ ᠮᠡᠳᠡᠭᠡ᠎ᠶ᠋ᠢ ᠬᠠᠷᠠᠭ᠎ᠠ ᠦᠭᠡᠢ ᠪᠤᠯᠬᠤᠷ

ᠬᠦᠬᠡ ᠠᠽᠢᠶ᠎ᠠ ᠱᠢᠭ᠋ ᠮᠢᠨᠤ ᠠᠪᠤ

ᠬᠦᠳᠦᠰᠦᠨ ᠳᠡᠪᠡᠯ᠎ᠲᠠᠢ ᠠᠮᠢᠳᠤ ᠪᠤᠷᠬᠠᠨ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号