ᠭᠡᠷ᠎ᠲᠤ᠌ ᠴᠢᠨᠢ ᠡᠶ᠋ᠢᠮᠦ᠍ ᠠᠮᠪᠠᠨ ᠪᠠᠶ᠋ᠢᠪᠠᠯ ᠬᠢᠴᠢᠶᠡᠭᠡᠷᠡᠶ
2026-02-27 11:53:34
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠳᠠᠭᠠᠨ ᠬᠡᠷᠡᠭᠯᠡᠭᠰᠡᠨ ᠮᠣᠳᠣᠨ ᠠᠮᠪᠠᠨ ᠳ᠋ᠤ ᠮᠠᠰᠢ ᠣᠯᠠᠨ ᠵᠢᠷᠤᠭᠠᠰᠤ ᠭᠠᠷᠳᠠᠭ᠂ ᠡᠶ᠋ᠢᠮᠦ᠍ ᠵᠢᠷᠤᠭᠠᠰᠤ ᠲᠠᠢ ᠭᠠᠵᠠᠷ ᠲᠤᠨᠢ ᠠᠮᠠᠷᠬᠠᠨ ᠭᠬᠢᠷ ᠪᠤᠷᠲᠠᠭ ᠨᠠᠭᠠᠯᠳᠤᠵᠤ᠂ ᠪᠠᠺᠲ᠋ᠧᠷᠢ ᠪᠠ ᠬᠥᠭᠡᠴᠦ᠍ ᠦᠷᠡᠵᠢᠳᠡᠭ᠃ ᠬᠡᠷᠪᠡ ᠲᠦᠭᠦᠬᠡᠶ ᠮᠢᠬ᠎ᠠ ᠬᠡᠷᠴᠢᠬᠦ᠌ ᠦᠶ᠎ᠡ ᠳ᠋ᠤ ᠮᠢᠬᠠᠨ᠎ᠤ ᠦᠷᠤᠳᠡᠰᠦ ᠠᠮᠪᠠᠨ᠎ᠤ ᠵᠠᠪᠰᠠᠷ᠎ᠲᠤ᠌ ᠤᠷᠤᠬᠤ ᠳ᠋ᠤ ᠬᠦᠷᠪᠡᠯ᠂ ᠪᠤᠰᠤᠳ ᠢᠳᠡᠭᠡᠨ ᠲᠦᠭᠦᠬᠡᠶ ᠮᠢᠬᠠᠨ ᠳ᠋ᠡᠬᠢ ᠪᠦ᠋ᠳᠦᠭᠦᠨ ᠭᠡᠳᠡᠰᠦᠨ᠎ᠤ ᠰᠠᠪᠬᠠᠨᠴᠢᠷ ᠪᠠᠺᠲ᠋ᠧᠷᠢ᠂ ᠰᠠᠯᠮᠤᠨ᠋ᠸᠯ᠎ᠤᠨ ᠰᠠᠪᠬᠠᠨᠴᠢᠷ ᠪᠠᠺᠲ᠋ᠧᠷᠢ ᠵᠡᠷᠭᠡ ᠪᠠᠺᠲ᠋ᠧᠷᠢ᠎ᠳᠤ ᠠᠮᠠᠷᠬᠠᠨ ᠪᠣᠬᠢᠷᠲᠤᠳᠠᠭ᠂ ᠬᠦᠨᠳᠦ ᠨᠣᠴᠢᠲᠠᠶ ᠦᠶ᠎ᠡ ᠳ᠋ᠤ ᠢᠳᠡᠭᠡᠨ᠎ᠤ ᠬᠤᠤᠷᠳᠠᠯ ᠡᠭᠦᠰᠴᠦ᠍ ᠮᠡᠳᠡᠨ᠎ᠡ᠃ ᠭᠡᠷ ᠎ᠲᠡᠭᠡᠨ ᠬᠠᠮᠤᠭ ᠎ᠤᠨ ᠰᠠᠶ᠋ᠢᠨ ᠨᠢ ᠬᠣᠶᠠᠷ ᠠᠮᠪᠠᠨ ᠪᠡᠯᠡᠳᠬᠡᠵᠦ᠍᠂ ᠲᠦᠭᠦᠬᠡᠶ ᠪᠠ ᠪᠤᠯᠭᠤᠭᠰᠠᠨ ᠢᠳᠡᠭᠡᠨ ᠭᠡᠷᠴᠢᠬᠦ᠌ ᠠᠮᠪᠠᠨ ᠵᠢᠨᠨ ᠰᠠᠯᠭᠠᠬᠤ ᠵᠢ ᠰᠠᠨᠠᠭᠤᠯᠤᠶ᠎ᠠ᠂ ᠢᠩᠭᠢᠪᠡᠯ ᠪᠠᠺᠲ᠋ᠧᠷᠢ ᠰᠣᠯᠪᠢᠴᠠᠨ ᠲᠠᠷᠬᠠᠬᠤ᠎ᠠᠴᠠ ᠵᠠᠶ᠋ᠢᠯᠠᠰᠬᠢᠵᠦ᠍ ᠴᠢᠳᠠᠨ᠎ᠠ᠃ ᠨᠥᠬᠥᠴᠡᠯ᠎ᠲᠠᠢ ᠪᠣᠯ ᠨᠤᠭᠤᠭ᠎ᠠ ᠪᠠ ᠮᠢᠬ᠎ᠠ ᠭᠡᠷᠴᠢᠬᠦ᠌ ᠠᠮᠪᠠᠨ ᠎ᠢ ᠠᠰ ᠠᠰ ᠲᠤᠨᠢ ᠬᠤᠳᠠᠯᠳᠤᠨ ᠠᠪᠴᠤ᠌ ᠪᠣᠯᠤᠨ᠎ᠠ᠂ ᠢᠡᠭᠭᠢᠪᠡᠯ ᠨᠠᠩ ᠪᠠᠲᠤᠯᠠᠭ᠎ᠠ᠎ᠲᠠᠢ᠃ ᠮᠣᠳᠣᠨ ᠠᠮᠪᠠᠨ᠎ᠨᠢ ᠲᠡᠳᠡᠭᠡᠷ ᠭᠡᠷᠴᠢᠬᠦ᠌ ᠴᠠᠪᠴᠢᠬᠤ ᠴᠢᠬᠤᠯᠠᠳᠠᠢ ᠢᠳᠡᠭᠡᠨ ᠤ᠋ ᠵᠦᠢᠯᠡᠰ᠎ᠢ ᠰᠢ᠌ᠳᠪᠦᠷᠢᠯᠡᠬᠦ᠌᠎ᠳᠤ ᠲᠤᠬᠢᠷᠠᠨ᠎ᠠ᠂ ᠴᠠᠬᠢᠭᠤᠷᠳᠦ ᠭᠤᠮ᠂ ᠰᠦᠯᠢᠶᠣᠣ ᠪᠤᠶᠤ ᠵᠢᠪᠡᠷᠡᠬᠦ᠌ ᠦᠭᠡᠢ ᠪᠤᠯᠤᠳ ᠵᠢᠨᠷ ᠬᠢᠭᠰᠡᠨ ᠠᠮᠪᠠᠨ ᠨᠢ ᠨᠡᠡᠭ ᠬᠦᠩᠭᠡᠠ ᠪᠥ᠋ᠭᠡᠳ ᠴᠡᠪᠡᠷᠯᠡᠬᠦ᠌᠎ᠳᠤ ᠠᠮᠠᠷᠬᠠᠨ ᠪᠠᠶ᠋ᠢᠳᠠᠭ᠃ ᠠᠮᠪᠠᠨ ᠵᠢᠨᠨ ᠬᠡᠷᠡᠭᠯᠡᠵᠦ᠍ ᠪᠠᠷᠠᠭᠰᠠᠨ᠎ᠤ ᠳᠠᠷᠠᠭ᠎ᠠ ᠡᠷᠬᠡᠪᠰᠢ ᠴᠠᠭ ᠲᠤᠬᠠᠶ ᠎ᠳᠤᠨᠢ ᠤᠬᠢᠶᠠᠵᠤ ᠴᠡᠪᠡᠷᠯᠡᠬᠦ᠌ ᠬᠡᠷᠡᠭᠲᠡᠶ᠂ ᠬᠠᠮᠤᠭ᠎ᠤᠨ ᠰᠠᠶ᠋ᠢᠨ᠎ᠨᠢ ᠠᠷᠢᠭᠤᠳᠬᠠᠭᠴᠢ ᠡᠳ᠋ ᠪᠠ ᠤᠰᠤ᠎ᠪᠠᠷ ᠤᠬᠢᠶᠠᠵᠤ ᠴᠡᠪᠡᠷᠯᠡᠬᠦ᠌ ᠬᠡᠷᠡᠭᠲᠡᠶ᠃ ᠳᠠᠷᠠᠭ᠎ᠠ᠎ᠨᠢ ᠲᠣᠭᠣᠭᠠᠨ ᠭᠡᠷ᠎ᠤᠨ ᠴᠠᠭᠠᠰᠤ᠎ᠪᠠᠷ ᠠᠷᠴᠢᠵᠦ᠍ ᠡᠯᠬᠦᠨ ᠲᠠᠯᠪᠢᠬᠤ ᠪᠤᠶᠤ ᠪᠤᠰᠬᠠᠨ ᠲᠠᠯᠪᠢᠵᠦ᠍ ᠬᠠᠲᠠᠭᠠᠬᠤ ᠬᠡᠷᠡᠭᠳᠡᠢ᠃ ᠬᠡᠷᠪᠡ ᠴᠠᠬᠢᠭᠤᠷᠳᠦ ᠭᠤᠮ ᠎ᠤᠨ ᠠᠮᠪᠠᠨ ᠪᠠᠢᠪᠡᠯ 10 ᠮᠢᠨᠦ᠋ᠲ᠎ᠠᠴᠠ ᠳᠡᠭᠡᠭᠰᠢ ᠪᠤᠴᠠᠯᠭᠠᠬᠰᠠᠨ ᠤᠰᠤ ᠪᠡᠷ ᠤᠬᠢᠶᠠᠵᠤ ᠠᠷᠢᠭᠤᠳᠬᠠᠵᠤ ᠪᠣᠯᠤᠨ᠎ᠠ᠂ ᠭᠡᠪᠡᠴᠦ ᠮᠤᠳᠤᠨ ᠠᠮᠪᠠᠨ᠂ ᠬᠤᠯᠤᠰᠤᠨ ᠠᠮᠪᠠᠨ᠂ ᠵᠢᠪᠡᠷᠡᠬᠦ᠌ ᠦᠭᠡᠢ ᠪᠣᠯᠣᠳ ᠵᠢᠨᠷ ᠬᠢᠭᠰᠡᠨ ᠠᠮᠪᠠᠨ ᠪᠠ ᠰᠦᠯᠢᠶᠣᠣ ᠠᠮᠪᠠᠨ ᠵᠡᠷᠭᠡ ᠬᠠᠲᠠᠭᠤ ᠠᠮᠪᠠᠨ ᠢ᠋ ᠴᠡᠪᠡᠷᠯᠡᠭᠴᠢ ᠪᠠ ᠤᠰᠤ᠎ᠪᠠᠷ ᠰᠠᠶ᠋ᠢᠳᠤᠷ ᠤᠬᠢᠶᠠᠬᠰᠠᠨ ᠤ᠋ ᠲᠠᠷᠠᠭ᠎ᠠ 75%᠎ᠶᠢᠨ ᠰᠫᠢᠷᠲ᠎ᠢᠶᠠᠷ ᠠᠮᠪᠠᠨ ᠵᠢᠨᠨ ᠵᠦᠯᠭᠦᠨ ᠠᠷᠢᠭᠤᠳᠬᠠᠵᠤ ᠪᠤᠯᠤᠨ᠎ᠠ᠃


  (《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号