ᠡᠬᠦᠯᠠ ᠦᠬᠡᠢ ᠲᠡᠭᠷᠢ ᠴᠡᠯᠮᠡᠭ ᠡᠪᠡᠳᠴᠢᠨ ᠦᠬᠡᠢ ᠪᠠᠶ᠎ᠠ ᠵᠢᠷᠭᠠᠯ
2026-02-27 10:37:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

《ᠵᠠᠪᠠᠭᠠᠨ ᠬᠦᠮᠤᠨ ᠡᠪᠡᠳᠬᠦ ᠨᠢ ᠤᠯᠠᠨ  ᠵᠠᠯᠬᠠᠭᠤ ᠬᠦᠮᠤᠨ ᠡᠪᠰᠢᠶᠡᠬᠦ ᠨᠢ ᠤᠯᠡᠨ》 ᠬᠡᠳᠡᠭ ᠵᠢᠡᠷ ᠪᠠᠶ᠎ᠠ ᠪᠡᠨ ᠴᠡᠪᠡᠷ ᠰᠠᠢᠬᠠᠨ ᠠᠪᠴᠤ ᠶᠠᠪᠤᠵᠤ᠂ ᠳᠤᠭᠤᠰᠤ ᠦᠬᠡᠢ ᠤᠬᠢᠶᠠᠵᠤ ᠢᠯᠡᠤᠷᠳᠡᠭᠰᠡᠡ ᠬᠤᠪᠴᠠᠰᠤ ᠵᠢ ᠪᠡᠶ᠎ᠠ᠎ᠳ᠋ᠡᠬᠡᠨ ᠳᠤᠬᠢᠷᠠᠭᠤᠯᠤᠨ ᠡᠮᠤᠰᠴᠤ᠂ ᠬᠡᠢᠮᠤᠷᠢ ᠵᠤᠯᠪᠤᠭ᠎ᠠ ᠵᠢ ᠪᠠᠳᠠᠷᠠᠭᠤᠯᠤᠨ ᠶᠠᠪᠤᠬᠤ ᠨᠢ ᠠᠭᠤᠯᠵᠠᠵᠤ᠂ ᠤᠴᠠᠷᠠᠭᠰᠠᠠ ᠬᠦᠮᠤᠨ᠎ᠤ ᠨᠢᠳᠤᠨ᠎ᠳᠤ ᠰᠠᠢᠬᠠᠨ ᠬᠠᠷᠠᠭᠳᠠᠳᠠᠭ᠃

ᠬᠦᠮᠤᠨ ᠦᠪᠡᠷ᠎ᠤᠨ ᠭᠠᠳᠠᠷ ᠪᠠᠢᠳᠠᠯ ᠵᠢᠠᠨ ᠪᠠᠢᠩᠭᠤ ᠠᠩᠬᠠᠷᠴᠤ᠂ ᠦᠰᠦ ᠬᠡᠵᠢᠬᠡ ᠰᠠᠬᠠᠯ ᠰᠠᠮᠪᠠᠢ ᠪᠡᠨ ᠭᠤᠶᠤ  ᠵᠠᠰᠠᠭᠤᠯᠵᠤ᠂ ᠬᠤᠷᠤᠭᠤ ᠬᠢᠮᠤᠰᠤ ᠪᠡᠨ ᠴᠡᠪᠡᠷᠯᠡᠨ᠂ ᠦᠨᠤᠷᠳᠤ ᠤᠰᠤ ᠳᠤᠰᠤ ᠬᠡᠷᠡᠭᠯᠡᠬᠦ ᠨᠢ ᠡᠷᠡᠬᠦᠯ ᠡᠩᠬᠡ ᠶᠠᠪᠤᠬᠤ᠎ᠳᠤ ᠦᠯᠡᠮᠵᠢ ᠵᠢᠨ ᠨᠦᠯᠦᠬᠡ ᠲᠠᠢ᠃


f6ea6427-38bf-47e7-a426-5ac31206f748.png


ᠬᠦᠮᠤᠨ ᠦᠪᠡᠷ᠎ᠤᠨ ᠠᠮᠠᠨ ᠬᠦᠨᠳᠡᠢ ᠵᠢ ᠶᠠᠭᠤᠨ᠎ᠤ ᠲᠠᠷᠢᠬᠦᠨ᠎ᠳᠤ ᠠᠩᠬᠠᠷᠴᠤ ᠴᠠᠭ ᠢᠮᠠᠭᠳᠠ ᠰᠢᠳᠤ ᠪᠡᠨ ᠤᠬᠢᠶᠠᠵᠤ᠂ ᠴᠡᠪᠡᠷᠯᠡᠵᠤ ᠠᠮᠠ ᠪᠡᠨ ᠪᠠᠢᠩᠭᠤ ᠵᠠᠢᠯᠵᠤ ᠶᠠᠪᠤᠬᠤ ᠴᠢᠬᠤᠯᠠᠳᠠᠢ᠃ ᠬᠦᠮᠤᠨ᠎ᠤ ᠠᠮᠠᠨ ᠬᠦᠨᠳᠡᠢ᠎ᠳᠤ ᠵᠠᠭᠤ ᠭᠠᠷᠤᠢ ᠪᠠᠺᠲᠸᠷᠢ ᠰᠢᠳᠤᠨ᠎ᠤ ᠵᠠᠪᠰᠡᠷ ᠲᠤ᠌ ᠨᠢᠶᠠᠨ ᠬᠤᠷᠤᠬᠠᠢ ᠪᠠᠢᠳᠠᠭ᠎ᠢ ᠰᠢᠨᠵᠢᠯᠡᠬᠦ ᠤᠬᠠᠭᠠᠨ ᠬᠡᠷᠡᠴᠢᠯᠠᠵᠠᠢ᠃ ᠠᠮᠠᠨ ᠬᠦᠨᠳᠡᠢ᠂ ᠰᠢᠳᠤ ᠪᠡᠷ ᠲᠠᠮᠵᠢᠨ ᠢᠳᠡᠵᠤ ᠤᠤᠭᠤᠭᠰᠠᠠ ᠪᠦᠬᠦ ᠬᠤᠭᠤᠯᠠ ᠤᠮᠳᠠ ᠬᠤᠳᠤᠭᠤᠳᠤᠨ᠎ᠳᠤ ᠤᠷᠤᠳᠠᠭ ᠳᠤᠯᠠ ᠠᠮᠠᠨ᠎ᠤ ᠬᠦᠨᠳᠡᠢ ᠵᠢ ᠴᠡᠪᠡᠷ ᠪᠠᠢᠯᠭᠠᠬᠤ ᠨᠢ ᠡᠷᠡᠬᠦᠯ ᠮᠠᠨᠳᠤ ᠶᠠᠪᠤᠬᠤ ᠵᠢᠨ ᠨᠡᠩ ᠲᠠᠷᠢᠬᠦᠨ᠎ᠤ ᠵᠤᠷᠢᠯᠳᠠ ᠪᠠᠢᠬᠤ ᠶᠤᠰᠤᠳᠠᠢ᠃ ᠠᠮᠠᠨ ᠬᠦᠨᠳᠡᠢ᠂ ᠰᠢᠳᠤ ᠵᠢ ᠰᠠᠢᠨ ᠴᠡᠪᠡᠷᠯᠡᠳᠡᠭ ᠦᠬᠡᠢ ᠡᠴᠨ ᠲᠠᠨᠳᠡ ᠤᠷᠤᠰᠢᠬᠤ ᠡᠯᠳᠡᠪ ᠪᠠᠺᠲᠸᠷᠢ᠂ ᠨᠢᠶᠠᠨ ᠬᠤᠷᠤᠬᠠᠢ ᠨᠤᠭᠤᠳ ᠦᠰᠴᠤ ᠦᠷᠡᠵᠢᠵᠤ ᠵᠠᠷᠢᠮ ᠨᠢ  ᠦᠬᠦᠵᠤ ᠮᠦᠬᠦᠵᠤ ᠢᠯᠵᠡᠷᠡᠨ ᠮᠠᠭᠤᠬᠠᠢ ᠦᠨᠤᠷ ᠪᠤᠢ ᠪᠤᠯᠳᠠᠭ᠃ ᠠᠮᠠᠨ᠎ᠤ ᠬᠦᠨᠳᠡᠢ ᠵᠢᠨ ᠮᠠᠭᠤᠬᠠᠢ ᠦᠨᠤᠷ ᠬᠦᠮᠤᠨ᠎ᠤ ᠦᠬᠡᠳᠡ ᠡᠴᠨ ᠬᠠᠷᠠᠵᠤ ᠶᠠᠷᠢᠬᠤ᠎ᠳᠤ ᠶᠠᠷᠢᠯᠴᠠᠭᠴᠢ ᠬᠦᠮᠤᠨ᠎ᠢ ᠡᠪ ᠦᠬᠡᠢ ᠪᠠᠢᠳᠠᠯ ᠲᠠᠢ ᠪᠤᠯᠭᠠᠵᠤ ᠴᠢᠨᠠᠭᠰᠢᠳᠠ ᠶᠠᠷᠢᠯᠴᠠᠬᠤ ᠰᠤᠨᠢᠷᠬᠠᠯ᠎ᠢ ᠨᠢ ᠡᠷᠡᠰ ᠪᠠᠭᠤᠷᠠᠭᠤᠯᠵᠤ ᠬᠠᠷᠢᠯᠴᠠᠨ ᠤᠢᠯᠠᠭᠠᠯᠴᠠᠬᠤ ᠪᠤᠯᠤᠮᠵᠢ ᠦᠬᠡᠢ ᠪᠤᠯᠭᠠᠳᠠᠭ᠃

ᠲᠡᠬᠡᠷ᠎ᠠ ᠦᠶ᠎ᠠ᠎ᠳᠤ ᠡᠮᠡᠬᠡᠨ ᠡᠪᠤᠬᠡᠨ ᠬᠤᠶᠠᠷ ᠰᠢᠳᠤ ᠦᠬᠡᠢ ᠠᠳᠠᠯ᠎ᠠ ᠱᠤᠸᠠᠵᠠ ᠲᠠᠢ ᠪᠤᠯᠵᠠᠢ ᠬᠡᠬᠦ᠎ᠳᠤ ᠡᠪᠤᠬᠡᠨ ᠬᠠᠵᠠᠬᠤ ᠰᠢᠳᠤ ᠦᠬᠡᠢ ᠴᠤ᠌ ᠬᠠᠮᠬᠢᠬᠤ ᠠᠮᠠ ᠬᠡᠵᠤ ᠨᠢᠬᠡ ᠶᠠᠭᠤᠮ᠎ᠠ ᠪᠠᠢᠳᠠᠭ ᠪᠤᠢᠯᠠ ᠵᠠᠪᠠᠵᠢ ᠪᠡᠨ ᠤᠬᠢᠶᠠᠭᠠᠳ ᠠᠮᠠ ᠪᠠᠨ ᠵᠠᠢᠯᠵᠤ ᠴᠡᠪᠡᠷᠯᠡᠬᠦ᠎ᠳᠤ ᠪᠠᠶ᠎ᠠ ᠬᠦᠩᠬᠡᠷᠡᠬᠦ ᠰᠢᠭ ᠪᠤᠯᠳᠠᠭ᠃ ᠪᠠᠰᠠ ᠲᠡᠬᠡᠬᠡᠳ ᠰᠢᠯᠦᠰᠤ ᠪᠡᠨ ᠳᠤᠭᠳᠠᠭᠠᠬᠤ ᠰᠢᠳᠤ ᠦᠬᠡᠢ ᠬᠦᠮᠤᠨ ᠪᠤᠰᠤᠳ᠎ᠤᠨ ᠦᠬᠡᠳᠡ ᠡᠴᠨ ᠰᠢᠯᠦᠰᠤ ᠳᠤᠷᠬᠢᠬᠤ ᠨᠢ ᠡᠪ ᠦᠬᠡᠢ ᠪᠠᠢᠳᠠᠭ᠂ ᠤᠬᠢᠶᠠᠭᠠᠳ ᠰᠤᠷᠴᠢᠬᠤᠯᠠᠷ ᠦᠬᠡᠢᠯᠡᠭᠳᠡᠬᠡᠳ ᠪᠠᠢᠳᠠᠭ ᠶᠤᠮ ᠬᠡᠵᠤ ᠰᠤᠷᠪᠤᠯᠵᠢᠯᠠᠭᠴᠢ ᠵᠢᠨ ᠠᠮᠠ ᠵᠢ ᠲᠠᠭᠯᠠᠭᠰᠠᠠ ᠬᠡᠳᠡᠭ᠃ ᠡᠪᠤᠬᠡᠳ᠎ᠤᠨ ᠤᠬᠠᠭᠠᠨ ᠬᠡᠵᠤ ᠁

ᠲᠠ ᠭᠠᠳᠠᠨ᠎ᠠ ᠡᠴᠨ ᠬᠡᠷ ᠲᠡᠬᠡᠨ ᠤᠷᠤᠵᠤ ᠢᠷᠡᠬᠡᠳ ᠭᠠᠷ ᠨᠢᠭᠤᠷ ᠵᠢᠠᠨ ᠵᠠᠪᠠᠯ ᠤᠬᠢᠶᠠᠵᠤ ᠪᠠᠢ᠃ ᠬᠤᠳᠠ ᠭᠠᠵᠡᠷ᠎ᠤᠨ ᠦᠯᠤᠨ ᠰᠢᠷᠤᠢ ᠳᠤᠭᠤᠰᠤ ᠠᠷᠪᠢᠨ᠃ ᠮᠦᠨ ᠨᠠᠢᠳᠠ ᠵᠢᠨ ᠮᠠᠰᠢᠨ ᠲᠡᠷᠬᠡ᠂ ᠲᠠᠯᠬᠡᠬᠦᠷ᠂ ᠠᠯᠪᠠᠨ ᠭᠠᠵᠡᠷ᠎ᠤᠨ ᠡᠬᠦᠳᠠ ᠬᠠᠭᠠᠯᠭ᠎ᠠ ᠵᠢᠨ ᠪᠠᠷᠢᠭᠤᠯ᠎ᠢ ᠤᠯᠠᠨ ᠬᠦᠮᠤᠨ ᠪᠠᠷᠢᠳᠠᠭ ᠤᠴᠢᠷ ᠳᠤᠢᠯ᠎ᠤᠨ ᠪᠤᠬᠢᠷ ᠪᠠᠢᠳᠠᠬ᠎ᠢ ᠰᠠᠨᠠᠵᠤ ᠶᠠᠪᠤ᠃ ᠬᠤᠳᠠ ᠵᠢᠨ ᠬᠦᠮᠤᠰ ᠬᠦᠳᠡᠬᠡ ᠵᠢᠨ ᠡᠷᠡᠬᠦᠯ ᠭᠠᠵᠡᠷ ᠴᠡᠴᠡᠭ ᠨᠤᠭᠤᠭ᠎ᠠ ᠦᠨᠤᠷᠳᠦᠳᠡᠭ ᠴᠡᠪᠡᠷ ᠰᠠᠢᠬᠠᠨ ᠤᠷᠴᠢᠨ᠎ᠳᠤ ᠰᠠᠯᠬᠢ ᠲᠠᠳᠠᠭᠤᠯᠤᠨ ᠮᠤᠷᠢ ᠲᠠᠢ ᠶᠠᠪᠤᠳᠠᠭ ᠬᠦᠮᠤᠨ ᠲᠠᠢ ᠠᠳᠠᠯᠢ ᠦᠬᠡᠢ᠂ ᠨᠠᠯᠢᠶᠠᠳ ᠪᠤᠬᠢᠷ ᠨᠦᠬᠦᠴᠠᠯ᠎ᠳᠤ ᠠᠵᠤ ᠲᠦᠷᠦᠵᠤ ᠶᠠᠪᠤᠭ᠎ᠠ ᠪᠡᠨ ᠰᠠᠨᠠᠵᠤ ᠪᠠᠢᠪᠠᠯ ᠡᠷᠡᠬᠦᠯ ᠮᠡᠨᠳᠤ᠎ᠳᠤ ᠠᠰᠢᠬᠳᠠᠢ᠃

ᠵᠤᠨ᠎ᠤ ᠴᠠᠭ ᠲᠤ᠌ ᠬᠦᠩᠬᠡᠨ ᠨᠢᠮᠬᠡᠨ ᠬᠤᠪᠴᠠᠰᠤ ᠲᠠᠢ ᠶᠠᠪᠤᠭ᠎ᠠ ᠦᠶ᠎ᠠ᠎ᠳᠤ ᠨᠠᠢᠳᠠ ᠵᠢᠨ ᠮᠠᠰᠢᠨ ᠲᠡᠷᠬᠡᠨ᠎ᠳᠤ ᠬᠦᠮᠤᠨ ᠰᠠᠭᠤᠵᠤ ᠪᠠᠢᠬᠰᠠᠠ ᠬᠠᠯᠠᠭᠤᠨ ᠰᠠᠭᠤᠳᠠᠯ᠎ᠳᠤ ᠶᠠᠭᠠᠷᠠᠨ ᠪᠤᠤ ᠰᠠᠭᠤ᠂ ᠬᠦᠮᠤᠨ᠎ᠤ ᠬᠠᠯᠠᠭᠤᠨ ᠰᠠᠭᠤᠳᠠᠯ ᠡᠴᠨ ᠢᠯᠠᠩᠭᠤᠶ᠎ᠠ ᠦᠬᠢᠳ ᠪᠦᠰᠡᠬᠦᠢᠴᠤᠳ ᠠᠯᠢ ᠴᠢᠳᠠᠬᠤ ᠪᠡᠷ ᠵᠠᠢᠯᠠᠰᠬᠢᠵᠤ ᠶᠠᠪᠤᠬᠤ ᠶᠡᠬᠡᠬᠡᠨ ᠤᠴᠢᠷ ᠲᠠᠢ ᠵᠢ ᠰᠠᠨᠠᠵᠤ ᠶᠠᠪᠤᠪᠠᠯ ᠵᠤᠬᠢᠨ᠎ᠠ᠃

ᠪᠠᠶ᠎ᠠ ᠪᠡᠨ ᠪᠠᠢᠩᠭᠤ ᠤᠬᠢᠶᠠᠵᠤ ᠪᠠᠢᠬᠤ ᠨᠢ ᠪᠠᠶ᠎ᠠ ᠮᠠᠬᠠᠪᠤᠳ᠎ᠢ ᠲᠠᠮᠢᠷᠵᠢᠭᠤᠯᠤᠨ ᠢᠯᠴᠢ ᠲᠠᠢ ᠪᠤᠯᠭᠠᠵᠤ ᠂ ᠬᠦᠴᠤ ᠲᠠᠮᠢᠷ᠎ᠢ ᠨᠡᠮᠡᠭᠳᠡᠬᠦᠯᠵᠤ ᠴᠤᠭ ᠵᠢᠪᠬᠤᠯᠠᠩ᠎ᠢ ᠲᠡᠬᠦᠯᠳᠡᠷᠵᠢᠬᠦᠯᠤᠨ ᠤᠷᠳᠤ ᠨᠠᠰᠤᠯᠠᠵᠤ ᠡᠷᠡᠬᠦᠯ ᠶᠠᠪᠤᠬᠤ᠎ᠳᠤ ᠦᠯᠡᠮᠵᠢ ᠳᠤᠰᠠ ᠲᠠᠢ ᠬᠡᠵᠤ ᠰᠤᠳᠤᠷ ᠨᠤᠮ᠎ᠳᠤ ᠦᠬᠦᠯᠡᠭᠰᠡᠡ ᠪᠠᠢᠳᠠᠭ᠃ ᠪᠡᠶ᠎ᠠ ᠪᠡᠨ ᠤᠬᠢᠶᠠᠬᠤ᠎ᠳᠤ ᠤᠰᠤᠨ᠎ᠤ ᠳᠤᠯᠠᠭᠠᠨ᠎ᠤ ᠬᠡᠮᠵᠢᠶ᠎ᠠ ᠵᠢ 37᠂ 38 ᠭᠷᠠᠳᠦ᠋ᠰ ᠪᠠᠢᠯᠭᠠᠵᠤ᠂ ᠦᠷᠤᠬᠡᠨ᠎ᠤ ᠳᠤᠯᠠᠭᠠᠨ᠎ᠤ ᠬᠡᠮᠵᠢᠶ᠎ᠠ ᠵᠢ 22 —24 ᠭᠷᠠᠳᠦ᠋ᠰ ᠪᠠᠢᠯᠭᠠᠪᠠᠯ ᠳᠤᠬᠢᠷᠠᠮᠵᠢᠳᠡᠢ᠃ ᠪᠡᠶ᠎ᠠ ᠪᠡᠨ ᠤᠬᠢᠶᠠᠬᠤ᠎ᠳᠤ ᠢᠯᠠᠩᠭᠤᠶ᠎ᠠ ᠬᠠᠯᠠᠭᠤᠨ ᠠᠭᠤᠷ ᠲᠤ᠌ ᠤᠷᠤᠵᠤ ᠰᠠᠭᠤᠬᠤ ᠦᠶ᠎ᠠ᠎ᠳᠤ ᠰᠡᠳᠬᠢᠯ᠎ᠤᠨ ᠤᠢᠳᠬᠠᠷ ᠭᠤᠨᠢᠬ ᠠᠷᠢᠯᠵᠤ᠂ ᠪᠠᠶ᠎ᠠ ᠲᠠᠢᠪᠤᠰᠢᠷᠡᠨ᠂ ᠪᠠᠶ᠎ᠠ ᠮᠠᠬᠠᠪᠤᠳ᠎ᠤᠨ ᠢᠳᠡᠪᠬᠢ ᠲᠠᠢ ᠪᠤᠳᠠᠰ᠎ᠢ ᠬᠦᠳᠡᠯᠬᠡᠬᠡᠨ᠎ᠳᠤ ᠤᠷᠤᠭᠤᠯᠵᠤ ᠪᠤᠯᠴᠢᠩ ᠴᠢᠩᠭᠠᠷᠠᠳᠠᠭ ᠰᠠᠢᠨ ᠨᠦᠯᠦᠬᠡ ᠲᠠᠢ᠃ ᠮᠦᠨ ᠰᠤᠳᠠᠰᠤᠨ᠎ᠤ᠂ ᠬᠢᠯᠭᠠᠰᠤᠨ ᠰᠤᠳᠠᠰᠤᠨ ᠵᠠᠮ᠎ᠢ ᠦᠷᠬᠡᠳᠬᠡᠵᠤ ᠴᠢᠰᠤᠨ᠎ᠤ ᠬᠠᠩᠭᠠᠮᠵᠢ ᠵᠢ ᠰᠠᠢᠵᠢᠷᠠᠭᠤᠯᠤᠨ᠂ ᠠᠷᠠᠰᠤᠨ᠎ᠤ ᠮᠡᠳᠡᠷᠡᠮᠵᠢ᠂ ᠠᠷᠠᠰᠤ ᠭᠤᠸᠠᠵᠢᠭᠤᠯᠬᠤ ᠤᠢᠯᠠ ᠠᠵᠢᠯᠯᠠᠭ᠎ᠠ ᠵᠢ ᠰᠡᠷᠬᠦᠬᠡᠵᠤ᠂ ᠰᠡᠳᠬᠢᠯ᠎ᠤᠨ ᠶᠠᠳᠠᠷᠠᠭ᠎ᠠ ᠵᠢ ᠲᠠᠢᠯᠳᠠᠭ᠃ ᠪᠡᠶ᠎ᠠ ᠪᠡᠨ ᠤᠬᠢᠶᠠᠵᠤ ᠪᠠᠷᠠᠭᠰᠠᠠ᠎ᠤ ᠲᠠᠷᠠᠭ᠎ᠠ ᠪᠠᠶ᠎ᠠ ᠵᠠᠭᠠᠳᠤᠨᠠᠬᠤ᠂ ᠬᠦᠯᠤᠷᠡᠬᠦ᠂ ᠵᠠᠯᠬᠠᠭᠤ ᠬᠦᠷᠬᠦ ᠵᠡᠷᠬᠡ ᠮᠠᠭᠤ ᠦᠵᠡᠭᠳᠡᠯ᠎ᠤᠳ ᠦᠬᠡᠢ ᠪᠤᠯᠳᠠᠭ᠃ ᠤᠰᠤᠨ᠎ᠳᠤ ᠤᠷᠤᠬᠤ ᠪᠦᠷᠢ ᠳᠤᠳᠤᠷ ᠬᠤᠪᠴᠠᠰᠤ ᠪᠡᠨ ᠰᠤᠯᠢᠵᠤ ᠭᠠᠳᠠᠭᠤᠷ ᠵᠢᠠᠨ ᠴᠡᠪᠡᠷ ᠬᠤᠪᠴᠠᠰᠤ ᠪᠡᠨ ᠡᠮᠤᠰᠪᠡᠯ ᠵᠤᠬᠢᠮᠵᠢᠳᠡᠢ᠃

ᠬᠡᠷ ᠤᠷᠤᠨ ᠰᠠᠭᠤᠴᠠ ᠪᠡᠨ ᠴᠡᠪᠡᠷ ᠴᠡᠮᠴᠡᠬᠡᠷ᠂ ᠨᠠᠷᠠᠨ᠎ᠤ ᠬᠡᠷᠡᠯ ᠰᠠᠢᠨ ᠳᠤᠰᠬᠤ᠂ ᠴᠡᠪᠡᠷ ᠠᠭᠠᠷ ᠤᠷᠤᠬᠤ ᠪᠤᠯᠤᠮᠵᠢ ᠲᠠᠢ ᠪᠠᠢᠬᠤ ᠪᠡᠷ ᠳᠤᠬᠢᠷᠠᠭᠤᠯᠬᠤ ᠨᠢ ᠡᠷᠡᠬᠦᠯ ᠮᠡᠨᠳᠤ᠎ᠳᠤ ᠰᠠᠢᠨ ᠨᠦᠯᠦᠬᠡ ᠦᠵᠡᠬᠦᠯᠵᠤ᠂ ᠬᠡᠷ ᠲᠡᠬᠡᠨ ᠤᠷᠤᠭᠠᠳ ᠢᠷᠡᠬᠦ᠎ᠳᠤ ᠰᠡᠳᠬᠢᠯ᠎ᠳᠤ ᠲᠠᠭᠠᠳᠠᠢ᠂ ᠬᠦᠳᠡᠯᠬᠦ᠎ᠳᠤ ᠴᠢᠯᠦᠬᠡᠳᠡᠢ᠂ ᠠᠮᠢᠰᠬᠤᠯᠯᠠᠬᠤ᠎ᠳᠤ ᠠᠭᠤᠵᠢᠮ ᠪᠠᠢᠬᠤ ᠨᠦᠬᠦᠴᠠᠯ᠎ᠢ ᠬᠠᠩᠭᠠᠵᠤ ᠴᠢᠳᠠᠪᠠᠯ ᠰᠠᠢᠨ ᠪᠠᠢᠳᠠᠭ᠃

ᠠᠷᠴᠠ᠂ ᠬᠦᠵᠢ ᠵᠢᠨ ᠦᠨᠤᠷ ᠠᠭᠠᠷ᠎ᠢ ᠴᠡᠪᠡᠷᠯᠡᠵᠤ᠂ ᠪᠤᠬᠢᠷᠳᠤᠯ᠎ᠢ ᠠᠷᠢᠯᠭᠠᠬᠤ ᠴᠢᠳᠠᠯ ᠲᠠᠢ᠃  ᠬᠦᠮᠤᠨ ᠤᠯᠠᠨ ᠭᠠᠵᠡᠷ ᠲᠤ᠌ ᠬᠦᠮᠤᠨ᠎ᠤ ᠪᠠᠶ᠎ᠠ ᠵᠢᠨ ᠦᠨᠤᠷ᠂ ᠠᠮᠠᠨ ᠡᠴᠨ ᠭᠠᠷᠤᠭᠰᠠᠠ ᠶᠠᠩᠵᠤ ᠪᠦᠷᠢ ᠵᠢᠨ ᠦᠨᠤᠷ ᠲᠠᠨᠢᠷ᠎ᠢ ᠠᠷᠴᠠ ᠬᠦᠵᠢ ᠵᠢᠨ ᠦᠨᠤᠷ ᠵᠢᠡᠷ ᠠᠷᠢᠭᠤᠰᠬᠠᠨ ᠴᠡᠪᠡᠷᠯᠠᠵᠤ ᠪᠠᠢᠳᠠᠭ᠂ ᠬᠡᠷ ᠲᠡᠬᠡᠨ ᠴᠤ᠌ ᠬᠡᠰᠡᠨ ᠠᠷᠴᠠ ᠬᠦᠵᠢ ᠪᠡᠨ ᠤᠩᠭᠤᠳᠤᠭᠤᠯᠵᠤ᠂ ᠴᠤᠩᠬᠤ ᠪᠡᠨ ᠨᠡᠬᠡᠬᠡᠵᠤ ᠰᠡᠯᠬᠢ ᠤᠷᠤᠭᠤᠯᠵᠤ ᠪᠠᠢᠪᠠᠯ ᠵᠤᠬᠢᠨ᠎ᠠ᠃

(《ᠰᠠᠢᠬᠠᠨ ᠠᠪᠴᠤ ᠶᠠᠪᠤᠭᠰᠠᠠ ᠡᠬᠡᠯ ᠪᠠᠶ᠎ᠠ  ᠰᠠᠷᠠᠭᠤᠯ ᠤᠷᠴᠢᠯᠠᠩ᠎ᠳᠤ ᠵᠢᠷᠭᠠᠯ ᠲᠠᠢ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号