ᠫᠤᠤᠵᠢᠩ᠎ᠤᠨ ᠪᠤᠬᠢᠷᠲᠤᠯ
2026-02-27 11:51:36
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠰᠠᠷ᠎ᠠ ᠰᠢᠨ᠎ᠡ᠎ᠶᠢᠨ ᠪᠠᠶᠠᠷ᠎ᠢᠶᠠᠷ ᠠᠬ᠎ᠠ ᠲᠡᠬᠥᠤ ᠲᠦᠷᠤᠯ ᠰᠠᠳᠤᠨ᠎ᠢᠶᠡᠷ᠎ᠢᠶᠡᠨ ᠬᠤᠷᠠᠨ ᠴᠤᠭᠯᠠᠷᠠᠵᠤ ᠪᠠᠶᠠᠰᠤᠯᠲᠤᠨ ᠬᠦᠭᠡᠷᠤᠯᠲᠤᠬᠥ᠌ ᠨᠢ ᠪᠠᠶᠠᠷ ᠨᠠᠶ᠋ᠢᠷ᠎ᠤᠨ ᠨᠢᠭᠡᠨ ᠶᠡᠬᠡ ᠵᠢᠷᠭᠠᠯᠠᠩ ᠪᠠᠶ᠋ᠢᠵᠤ ᠲᠠᠭᠠᠷᠠᠨ᠎ᠠ᠃ ᠭᠡᠲᠡᠯ᠎ᠡ ᠡᠨᠡ ᠶᠡᠬᠡ ᠵᠢᠷᠭᠠᠯᠠᠩ᠎ᠤᠨ ᠬᠠᠵᠠᠭᠤᠳᠠ ᠫᠤᠤᠵᠢᠩ᠎ᠤᠨ ᠪᠤᠬᠢᠷᠲᠤᠯ ᠦᠨᠡᠬᠡᠷ ᠬᠡᠴᠡᠬᠥᠲᠡᠵᠤ᠂ ᠲᠠᠶᠠᠭᠠᠷ ᠲᠦᠮᠡᠨ᠎ᠦ ᠡᠭᠲᠡᠬᠥᠤ᠎ᠶᠢ ᠬᠦᠷᠤᠭᠡᠮᠡᠷ ᠪᠤᠯᠠᠢ ᠲᠠᠢ ᠰᠠᠨᠠᠭᠲᠠᠬᠤ᠎ᠶᠢ ᠶᠠᠭᠠᠬᠢᠨ᠎ᠠ⁈ ᠭᠡᠲᠡᠯ᠎ᠡ ᠪᠤᠯᠵᠤ ᠪᠦᠲᠤᠬᠥ᠌ ᠦᠭᠡᠢ ᠪᠣᠯᠬᠢ ᠮᠠᠭᠤᠬᠠᠢ ᠡᠯᠲᠡᠪ ᠡᠰᠡᠨ ᠶᠠᠪᠤᠲᠠᠯ᠎ᠤᠳ ᠢ᠋ ᠡᠷᠢᠶᠡᠨ ᠬᠤᠷᠸ᠎ᠠ᠎ᠳᠤ ᠠᠮᠢᠲᠤᠷᠠᠯ ᠪᠤᠴᠠᠯᠭᠠᠵᠤ ᠶᠠᠪᠤᠭ᠎ᠠ ᠬᠦᠮᠤᠨ ᠦᠪᠡᠷ ᠲᠡᠭᠡᠨ ᠬᠢᠲᠡᠭ ᠪᠠᠶ᠋ᠢᠨ᠎ᠠ᠃ ᠡᠢᠮᠦ ᠡᠴᠠ ᠡᠨᠡ ᠲᠤᠬᠠᠢ  ᠪᠢᠳᠡ  ᠶᠠᠭᠤ ᠨᠢᠭᠡ᠎ᠶᠢ ᠰᠠᠶ᠋ᠢᠲᠤᠷ ᠰᠡᠳᠬᠢᠵᠤ᠂ ᠤᠴᠢᠷ ᠶᠠᠪᠤᠲᠠᠯ᠎ᠤᠨ ᠤᠭ 《ᠮᠦᠨ ᠴᠢᠨᠠᠷ》 ᠢ᠋ ᠨᠢ ᠬᠠᠶ᠋ᠢᠨ ᠦᠵᠡᠬᠥ᠌ ᠴᠢᠬᠤᠯᠠᠲᠠᠢ ᠪᠤᠯᠤᠭᠰᠠᠨ ᠪᠠᠶ᠋ᠢᠨ᠎ᠠ᠃

ᠪᠠᠶᠠᠷ ᠲᠤᠷᠠᠰᠬᠠᠯ᠂ ᠬᠤᠷᠢᠮ ᠨᠠᠶ᠋ᠢᠷ᠎ᠢᠶᠠᠷ ᠫᠤᠤᠵᠢᠩ ᠲᠠᠯᠪᠢᠬᠤ ᠵᠠᠩᠰᠢᠯ ᠬᠡᠵᠢᠶ᠎ᠡ ᠡᠴᠠ ᠡᠬᠢᠯᠡᠭᠰᠡᠨ᠎ᠢ ᠮᠡᠬᠥᠰ ᠪᠢ ᠬᠡᠯᠡᠵᠤ ᠴᠢᠲᠠᠬᠤ ᠦᠭᠡᠢ ᠪᠠᠢᠨ᠎ᠠ᠃ ᠶᠠᠭᠤ ᠴᠤ᠌ ᠪᠤᠯᠤᠭᠰᠠᠨ ᠨᠠᠮ᠎ᠠ᠎ᠶᠢ ᠬᠡᠤᠬᠡᠳ ᠪᠠᠶ᠋ᠢᠬᠤ᠎ᠳᠤ ᠴᠠᠭᠠᠨ ᠰᠠᠷ᠎ᠠ᠎ᠪᠠᠷ ᠠᠶ᠋ᠢᠯ ᠪᠤᠯᠭᠠᠨ ᠨᠢᠭᠡ ᠬᠡᠲᠤᠨ ᠬᠤᠯᠤᠭᠠᠨ᠎ᠠ᠎ᠶᠢᠨ ᠫᠤᠤᠵᠢᠩ (ᠵᠡᠯ᠎ᠡ ᠫᠤᠤᠵᠢᠩ ᠴᠤ᠌ ᠭᠡᠵᠤ ᠬᠡᠯᠡᠲᠡᠭ) ᠲᠠᠯᠪᠢᠬᠤ᠎ᠶᠢᠨ ᠲᠠᠭᠠᠤ ᠪᠠᠰᠠ ᠲᠡᠭᠡᠷ᠎ᠡ ᠲᠤᠤᠷ᠎ᠠ ᠬᠤᠶᠡᠷ ᠲᠠᠭᠤᠨ ᠭᠠᠷᠳᠠᠭ ᠪᠦᠲᠤᠬᠥᠨ ᠫᠤᠤᠵᠢᠩ (ᠮᠠᠨ᠎ᠤ ᠨᠤᠲᠤᠭ᠎ᠲᠤ᠌ ᠪᠠᠰᠠ ᠲᠡᠨᠡᠭ ᠤᠯᠠᠭᠠᠨ ᠭᠡᠵᠤ ᠬᠡᠯᠡᠲᠡᠭ) ᠎ᠢ᠋ ᠮᠦᠨ ᠯᠠ ᠨᠢᠭᠡ ᠬᠡᠲᠤ᠎ᠶᠢ ᠲᠠᠯᠪᠢᠳᠠᠭ ᠪᠠᠶ᠋ᠢᠯ᠎ᠠ᠃ ᠫᠤᠤᠵᠢᠩ ᠲᠠᠯᠪᠢᠬᠤ ᠨᠢ ᠰᠠᠷ᠎ᠠ ᠰᠢᠨ᠎ᠡ᠎ᠶᠢᠨ ᠪᠠᠶᠠᠷ᠎ᠢᠶᠠᠨ ᠬᠦᠷ ᠨᠠᠷᠬᠢᠶᠡᠨ ᠲᠠᠢ ᠦᠩᠭᠡᠷᠡᠬᠥᠯᠬᠥ᠎ᠳᠦ ᠨᠡᠶ᠋ᠢᠲᠡ ᠤᠯᠠᠨ᠎ᠤ ᠮᠠᠨᠢ ᠨᠢᠭᠡᠨ ᠶᠤᠰᠤᠨ᠎ᠤ ᠵᠠᠩᠰᠢᠭᠰᠠᠨ ᠪᠡᠯᠭᠡᠲᠡᠯ ᠪᠠᠶ᠋ᠢᠵᠤ ᠲᠠᠭᠠᠷᠠᠨ᠎ᠠ᠃ ᠤᠲᠤ᠌ ᠪᠤᠳᠤᠬᠤ᠎ᠳᠤ ᠤᠭ ᠰᠠᠨᠠᠭ᠎ᠠ ᠨᠢ ᠴᠤ᠌ ᠮᠦᠨ ᠡᠢᠮᠦ ᠪᠠᠶ᠋ᠢᠵᠠᠢ᠃ ᠡᠬᠥᠨ ᠢ᠋ ᠪᠢᠳᠡ ᠲᠤᠮᠤᠴᠤᠣᠯ ᠡᠴᠠ ᠠᠪᠤᠭᠠᠳ ᠬᠡᠤᠬᠡᠳ ᠪᠠᠭᠠᠴᠤᠳ᠎ᠤᠨ ᠫᠤᠤᠵᠢᠩ᠎ᠤᠨ ᠲᠠᠭᠤᠨ᠎ᠢᠶᠠᠷ ᠲᠠᠭᠠᠨ ᠪᠠᠶᠠᠰᠴᠤ᠂ᠲᠠᠳᠠ ᠨᠡᠷ᠎ᠤᠨ ᠨᠢᠭᠤᠷ ᠴᠢᠷᠠᠢ᠂ ᠲᠡᠷᠡᠴᠢᠯᠡᠨ ᠰᠡᠳᠬᠢᠯ᠎ᠦᠨ ᠶᠡᠬᠡ ᠬᠦᠭᠰᠡᠯ ᠡᠴᠠ ᠨᠢ ᠦᠵᠡᠨ ᠭᠠᠷᠴᠤ᠌ ᠪᠤᠯᠤᠨ᠎ᠠ᠃ ᠦᠬᠡᠷ᠎ᠡ᠎ᠪᠡᠷ ᠬᠡᠯᠡᠪᠡᠯ᠂ ᠪᠦᠬᠥ᠌ ᠠᠷᠠᠳ᠎ᠵᠢᠡᠷ ᠬᠦᠰᠡᠵᠤ ᠬᠦᠯᠢᠶᠡᠳᠡᠭ  ᠪᠠᠶᠠᠷᠲᠤ᠌ ᠴᠠᠭᠠᠨ ᠰᠠᠷ᠎ᠠ᠎ᠶᠢᠨ ᠬᠢᠨᠢ ᠪᠠᠰᠠ ᠨᠢᠭᠡᠨ ᠪᠠᠶᠠᠷ ᠪᠠᠶᠠᠰᠬᠤᠯᠠᠩ ᠪᠤᠯᠵᠤ ᠪᠠᠶ᠋ᠢᠭ᠎ᠠ ᠶᠤᠮ᠃ ᠭᠡᠲᠡᠯ᠎ᠡ ᠤᠷᠴᠢᠮ᠎ᠤᠨ ᠬᠣᠷᠢ ᠭᠤᠴᠢᠨ ᠵᠢᠯ᠎ᠳᠦ ᠡᠨᠡ ᠶᠠᠪᠤᠲᠠᠯ᠎ᠤᠨ ᠦᠩᠬᠡ ᠴᠢᠨᠠᠷ ᠠᠷᠠᠢ ᠦᠬᠡᠷ᠎ᠡ ᠪᠤᠯᠵᠤ᠂ ᠴᠠᠭᠠᠨ ᠰᠠᠷ᠎ᠠ ᠪᠠᠶ᠋ᠢᠲᠤᠭᠠᠢ ᠬᠤᠷᠢᠮ ᠨᠠᠶ᠋ᠢᠷ᠎ᠢᠶᠠᠷ ᠴᠤ᠌ ᠭᠡᠰᠡᠨ ᠬᠦᠮᠤᠰ᠎ᠤᠨ ᠫᠤᠤᠵᠢᠩ ᠲᠠᠯᠪᠢᠬᠤ ᠦᠵᠡᠭᠲᠡᠯ ᠬᠡᠮᠵᠢᠶ᠎ᠡ᠎ᠪᠡᠨ ᠠᠯᠲᠠᠭᠰᠠᠨ ᠶᠤᠮ ᠰᠢᠭ᠋ ᠵᠢᠯ ᠡᠴᠨ ᠵᠢᠯ ᠡᠷᠤᠢ ᠬᠤᠷᠤᠢ ᠦᠭᠡᠢ ᠪᠤᠯᠤᠭᠰᠠᠨ᠎ᠢᠶᠠᠷ ᠡᠷᠬᠢᠭᠡᠳ ᠬᠠᠷᠢᠨ ᠪᠤᠬᠢᠷᠲᠤᠯ ᠡᠭᠲᠡᠬᠥᠴᠡᠯ᠎ᠢᠶᠡᠷ ᠪᠠᠶᠠᠷ ᠨᠠᠶ᠋ᠢᠷ᠎ᠤᠨ᠎ᠢᠶᠡᠨ ᠵᠢᠩᠬᠢᠨᠢ ᠤᠳᠬ᠎ᠠ ᠤᠴᠢᠷ᠎ᠢ ᠠᠯᠲᠠᠭᠤᠯᠬᠤ ᠬᠡᠮᠵᠢᠶᠡᠨ᠎ᠳᠦ ᠬᠦᠷᠤᠭ᠌ᠰᠡᠨ ᠪᠠᠶ᠋ᠢᠨ᠎ᠠ᠃

ᠶᠠᠭᠠᠬᠢᠭᠠᠳ ᠭᠡᠪᠡᠯ᠂ ᠪᠢᠳᠡ ᠫᠤᠤᠵᠢᠩ᠎ᠤᠨ ᠪᠤᠬᠢᠷᠲᠤᠯ᠎ᠢ ᠲᠠᠭᠤ ᠱᠤᠤᠬᠢᠶᠠᠨ᠂ ᠲᠠᠷᠢ᠎ᠶᠢᠨ ᠦᠮᠤᠬᠡᠢ ᠦᠨᠤᠷ᠂ ᠤᠲᠤᠭ᠎ᠠ ᠮᠠᠨᠠᠨ ᠵᠢᠴᠢ ᠵᠡᠭᠡᠯᠢ ᠭᠤᠲᠤᠮᠵᠢ᠎ᠪᠠᠷ ᠲᠦᠬᠥᠷᠲᠡᠯ᠎ᠡ ᠪᠦᠷᠬᠥᠭᠰᠡᠨ ᠫᠤᠤᠵᠢᠩ᠎ᠤᠨ ᠴᠠᠭᠠᠰᠤᠨ᠎ᠤ ᠦᠷᠤᠲᠡᠰᠤ᠎ᠶᠢᠨ ᠪᠤᠬᠢᠷᠲᠤᠯ ᠡᠴᠠ ᠪᠦᠷᠢᠮᠤᠰᠤᠨ ᠦᠵᠡᠵᠤ ᠭᠠᠷᠬᠤ ᠶᠤᠰᠤᠲᠠᠢ᠃ ᠲᠡᠷᠡ ᠮᠦᠷᠲᠡᠭᠡᠨ ᠭᠠᠯ᠎ᠤᠨ ᠠᠶᠤᠯ᠎ᠤᠨ ᠳᠠᠯᠳᠠ ᠭᠡᠮ ᠬᠢᠭᠡᠳ ᠪᠦᠷᠢᠯᠭᠡᠨ ᠰᠤᠶ᠋ᠢᠳᠬᠡᠵᠤ ᠪᠠᠶ᠋ᠢᠬᠤ ᠨᠢᠭᠡ ᠵᠤᠶ᠋ᠢᠯ᠎ᠤᠨ ᠨᠠᠵᠠᠭᠠᠢ ᠰᠤᠷᠲᠠᠯ᠎ᠢ ᠴᠤ᠌ ᠳᠠᠮ ᠵᠢᠡᠷ ᠤᠯᠵᠣ ᠬᠠᠷᠠᠨ᠎ᠠ᠃ ᠶᠡᠷᠤ ᠨᠢ ᠰᠠᠶ᠋ᠢᠨ ᠶᠠᠪᠤᠲᠠᠯ᠎ᠢ ᠬᠡᠷᠪᠡ ᠰᠠᠶ᠋ᠢᠬᠠᠨ ᠬᠢᠵᠤ ᠴᠢᠲᠠᠬᠤ ᠦᠭᠡᠢ᠎ᠳᠦ ᠬᠦᠷᠪᠡᠯ᠂ ᠪᠤᠴᠠᠭᠠᠳ ᠬᠠᠷᠢᠨ ᠰᠠᠨᠠᠭᠠᠨ ᠡᠴᠠ ᠭᠠᠲᠠᠭᠤᠷ ᠮᠠᠭᠤ ᠦᠷ᠎ᠡ ᠳ᠋ᠦᠩ ᠭᠠᠷᠳᠠᠭ᠎ᠢ ᠪᠢᠳᠡ ᠨᠠᠷ ᠴᠤ᠌ ᠮᠡᠲᠡᠬᠦ ᠪᠠᠶ᠋ᠢᠯᠬᠥᠢ᠃ ᠶᠠᠭ ᠡᠢᠮᠦ ᠡᠴᠨ᠎ᠪᠢᠳᠡ ᠪᠦᠬᠥᠨ ᠶᠠᠮᠡᠷᠪᠡ ᠶᠠᠭᠤᠮ᠎ᠠ ᠬᠢᠷᠢ ᠬᠡᠮᠨᠡᠯ᠎ᠢᠶᠡᠨ ᠠᠯᠳᠠᠵᠤ᠂ ᠬᠡᠮᠵᠢᠶ᠎ᠡ ᠲᠤᠮᠵᠢᠶ᠎ᠡ ᠦᠭᠡᠢ ᠪᠤᠯᠬᠣ᠎ᠳᠤ ᠬᠦᠷᠪᠡᠯ᠂ ᠭᠡᠲᠡᠷᠬᠥ᠌ ᠬᠠᠷᠢᠨ ᠵᠤᠬᠢᠴᠠᠯ᠎ᠢᠶᠠᠨ ᠠᠯᠳᠠᠵᠤ ᠭᠠᠢ ᠪᠠᠷᠴᠢᠳ ᠪᠤᠯᠤᠨ᠎ᠠ ᠭᠡᠲᠡᠭ ᠢ᠋ ᠪᠤᠲᠤᠭᠤᠰᠢᠲᠠᠢ ᠪᠠᠶ᠋ᠢᠨ᠎ᠠ᠃

ᠦᠨᠡᠨ᠎ᠳ᠋ᠡᠬᠡᠨ ᠪᠠᠶᠠᠷ ᠨᠠᠢᠷ ᠨᠢ ᠪᠡᠯᠭᠡ ᠲᠡᠮᠪᠠᠷᠢᠯ᠎ᠤᠨ ᠰᠢᠨᠵᠢ ᠲᠡᠮᠳᠡᠭ ᠪᠠᠢᠵᠤ᠂ ᠬᠡᠨ ᠴᠤ᠌ ᠪᠣᠯᠤᠭ ᠨᠢᠭᠡ ᠶᠤᠰᠤᠨ᠎ᠤ ᠪᠠᠶᠠᠷ ᠪᠠᠬᠠᠲᠤᠯ᠎ᠢᠶᠠᠷ ᠰᠢᠨ᠎ᠡ ᠠᠶᠠᠨ ᠰᠢᠨ᠎ᠡ ᠨᠢᠭᠡᠨ ᠤᠶ᠋ᠢᠯᠡᠰ᠎ᠤᠨ ᠵᠢᠠᠨ ᠭᠠᠷᠤᠭ᠎ᠠ᠎ᠶᠢ ᠡᠬᠢᠯᠡᠬᠥᠯᠤᠨ ᠦᠯᠵᠡᠢ ᠬᠡᠢᠮᠤᠷᠢ᠎ᠲᠠᠢ ᠰᠠᠶ᠋ᠢᠬᠠᠨ ᠶᠠᠪᠤᠬᠤ ᠵᠢ ᠪᠤᠳᠤᠳᠠᠭ᠃ ᠡᠢᠮᠦ ᠪᠤᠯᠬᠤᠷ ᠬᠦᠮᠤᠰ ᠶᠡᠷᠤ᠎ᠳᠡᠭᠡᠨ ᠯᠠ ᠰᠠᠷ᠎ᠠ᠎ᠶᠢᠨ  ᠬᠤᠷᠢᠨ ᠭᠤᠷᠪᠠᠨ᠎ᠳᠤ ᠭᠠᠯ ᠵᠢᠠᠨ ᠲᠡᠬᠢᠵᠤ᠂ ᠴᠠᠭ᠎ᠢ  ᠵᠠᠪᠲᠤᠨ ᠭᠡᠷ ᠤᠷᠤᠨ᠎ᠢᠶᠠᠨ ᠴᠡᠪᠡᠷᠯᠡᠵᠤ ᠵᠠᠰᠠᠨ ᠴᠢᠮᠡᠭᠯᠡᠵᠤ᠂ ᠴᠠᠭᠠᠨ ᠰᠠᠷ᠎ᠠ᠎ᠶᠢᠨ ᠪᠡᠯᠡᠳᠭᠡᠯ ᠠᠵᠢᠯ᠎ᠳᠠᠭᠠᠨ ᠶᠠᠭᠠᠷᠠᠵᠤ ᠡᠬᠢᠯᠡᠳᠡᠭ ᠪᠠᠢᠨ᠎ᠡ᠃

ᠶᠡᠷᠤ ᠨᠢ ᠫᠤᠤᠵᠢᠩ ᠲᠠᠯᠪᠢᠬᠤ ᠨᠢ ᠲᠤᠮᠲᠡᠲᠤ᠎ᠶᠢᠨ ᠦᠨᠲᠤᠰᠤᠲᠡᠨ᠎ᠤ ᠤᠯᠠᠮᠵᠢᠯᠠᠯᠲᠤ᠌ ᠴᠠᠭᠠᠨ ᠰᠠᠷ᠎ᠠ᠎ᠶᠢᠨ ᠪᠠᠶᠠᠷ ᠲᠤᠷᠠᠰᠬᠠᠯ᠎ᠢᠶᠡᠨ ᠪᠡᠯᠭᠡᠯᠡᠬᠥ ᠶᠤᠰᠤ ᠵᠠᠩᠰᠢᠯ ᠶᠤᠮ᠃ ᠭᠡᠪᠡᠴᠤ᠌ ᠤᠲᠤ᠌ ᠪᠢᠳᠡ ᠬᠠᠷᠢᠨ ᠦᠩᠭᠡᠷᠡᠭᠰᠡᠨ᠎ᠦ ᠲᠡᠷᠡ ᠬᠦ᠌ ᠴᠠᠭ ᠦᠶ᠎ᠡ᠎ᠶᠢᠨ ᠫᠤᠤᠵᠢᠩ᠎ᠤᠨ ᠲᠠᠭᠤᠨ ᠲᠠᠢ ᠴᠠᠭᠠᠨ ᠰᠠᠷ᠎ᠠ᠎ᠶᠢᠨ ᠪᠠᠶᠠᠷ ᠪᠠᠶᠠᠰᠬᠤᠯᠠᠩ᠎ᠢ ᠤᠯᠵᠣ ᠬᠠᠷᠠᠬᠤ᠎ᠳᠤ ᠵᠠᠷᠢᠮ ᠲᠠᠯ᠎ᠠ᠎ᠪᠠᠷ ᠦᠨᠡᠨ ᠪᠡᠷᠬᠡ ᠪᠤᠯᠵᠠᠢ᠃ ᠤᠴᠢᠷ ᠶᠠᠭᠤᠨ ᠭᠡᠪᠡᠯ᠂ ᠪᠢᠳᠡ ᠪᠥᠬᠥᠨ᠎ᠦ ᠠᠮᠢᠲᠤᠷᠠᠯ ᠰᠠᠶ᠋ᠢᠵᠢᠷᠠᠵᠤ ᠶᠠᠭᠤᠮ᠎ᠠ ᠡᠯᠪᠡᠭ ᠪᠣᠯᠬᠤ᠎ᠶᠢ ᠲᠠᠭᠠᠯᠲᠤᠨ᠂ ᠭᠡᠰᠡᠭ ᠬᠦᠮᠤᠰ᠎ᠤᠨ ᠲᠠᠩᠰᠤᠭᠯᠠᠬᠤ ᠯᠠᠷᠵᠠ ᠨᠠᠮᠪᠠ ᠲᠤᠶ᠋ᠢᠯ ᠦᠭᠡᠢ ᠶᠡᠬᠡ ᠪᠤᠯᠵᠤ᠂ ᠡᠭᠡᠭᠡ ᠯᠠ ᠪᠠᠶᠠᠨ ᠴᠠᠳᠬᠤᠯᠠᠩ᠎ᠢᠶᠠᠨ ᠭᠠᠶ᠋ᠢᠬᠠᠭᠤᠯᠵᠤ ᠪᠠᠶ᠋ᠢᠬᠤ ᠰᠢᠭ᠋《ᠮᠦᠩᠬᠥ᠌ ᠲᠦᠬᠥᠷᠢᠭ᠎ᠢᠶᠡᠨ ᠶᠠᠭᠠᠬᠢᠵᠤ ᠵᠠᠷᠤᠬᠤ ᠨᠢ ᠮᠢᠨᠤ ᠦᠪᠡᠷ᠎ᠤᠨ ᠤᠴᠢᠷ》 ᠭᠡᠰᠡᠨ ᠦᠵᠡᠯᠲᠡ᠎ᠪᠡᠷ 《ᠨᠢᠲᠣ ᠨᠢ ᠲᠠᠷᠭᠤᠯᠠᠬᠤ》 ᠲᠤᠲᠤᠮ 《ᠰᠡᠳᠬᠢᠯ ᠨᠢ ᠴᠠᠳᠬᠤ ᠦᠭᠡᠢ》 ᠤᠯᠠᠮ ᠬᠤᠪᠲᠤᠭ ᠰᠢᠨᠤᠬᠠᠢ ᠪᠣᠯᠬᠢ ᠮᠠᠭᠤᠬᠠᠢ ᠰᠤᠷᠲᠠᠯ᠎ᠢᠶᠠᠷ ᠪᠡᠶ᠎ᠡ ᠰᠡᠳᠬᠢᠯ᠎ᠢᠶᠡᠨ ᠡᠵᠡᠮᠲᠡᠬᠥᠯᠬᠥ᠌ ᠪᠤᠯᠵᠠᠢ᠃ ᠰᠢᠭᠤᠳ ᠬᠡᠯᠡᠬᠥ᠎ᠳᠦ ᠬᠤᠷᠢᠭ᠎ᠠ ᠴᠡᠭᠡᠷ᠎ᠢᠶᠡᠨ ᠨᠢᠭᠡᠮᠤᠰᠤᠨ ᠠᠯᠲᠠᠭᠰᠠᠨ᠎ᠤ ᠭᠠᠢ ᠢᠷᠸ᠎ᠠ ᠴᠤ᠌ ᠶᠤᠮ ᠤᠤ ᠬᠡᠮᠡᠷ ᠪᠤᠲᠤᠭᠲᠠᠯ᠎ᠠ᠃ ᠡᠢᠮᠦ ᠡᠴᠠ ᠪᠢᠳᠡ ᠪᠦᠬᠥᠨ ᠤᠯᠠᠮᠵᠢᠯᠠᠯᠲᠣ ᠪᠠᠶᠠᠷ ᠲᠤᠷᠠᠰᠬᠠᠯ᠎ᠤᠨ ᠡᠲᠤᠷ ᠪᠣᠯᠬᠤ ᠴᠠᠭᠠᠨ ᠰᠠᠷ᠎ᠠ᠎ᠪᠠᠨ ᠪᠠᠶᠠᠷ ᠬᠦᠷ ᠲᠠᠢ ᠦᠩᠭᠡᠷᠡᠬᠥᠯᠬᠥ᠎ᠳᠦ ᠫᠤᠤᠵᠢᠩ ᠲᠠᠯᠪᠢᠬᠤ ᠲᠠᠯ᠎ᠠ᠎ᠪᠠᠷ ᠡᠷᠤᠬᠡ ᠪᠦᠷᠢ ᠬᠦᠮᠤᠨ ᠪᠤᠯᠭᠠᠨ ᠬᠠᠷᠢᠭᠤᠴᠠᠯᠭ᠎ᠠ ᠲᠠᠢ ᠪᠠᠶ᠋ᠢᠵᠤ᠂ ᠬᠡᠮᠵᠢᠶ᠎ᠡ ᠬᠢᠵᠠᠭᠠᠷ᠎ᠢ ᠠᠩᠬᠠᠷᠪᠠᠯ ᠵᠤᠬᠢᠨ᠎ᠡ᠃ ᠲᠡᠷᠤᠢ ᠲᠠᠭᠤ ᠱᠤᠤᠬᠢᠶᠠᠨ᠂ ᠤᠲᠤᠭ᠎ᠠ ᠮᠠᠨᠠᠨ ᠵᠡᠷᠭᠡ ᠫᠤᠤᠵᠢᠩ᠎ᠤᠨ ᠪᠤᠬᠢᠷᠲᠤᠯ᠎ᠢ ᠬᠦᠨ ᠤᠶ᠋ᠢᠯᠠᠭᠠᠬᠤ᠎ᠶᠢᠨ ᠲᠠᠭᠠᠤ ᠪᠦᠷᠢᠯᠭᠡᠨ ᠰᠤᠶ᠋ᠢᠳᠭᠡᠬᠥ᠌ ᠨᠠᠵᠠᠭᠠᠢ ᠰᠤᠷᠲᠠᠯ᠎ᠢ ᠡᠷᠡᠰ ᠲᠡᠪᠴᠢᠵᠤ᠂ ᠠᠷᠪᠢᠴᠢ ᠭᠠᠮᠲᠠᠢ᠂ ᠪᠤᠯᠪᠠᠰᠤᠨ ᠰᠤᠷᠲᠠᠯ᠎ᠢ ᠡᠷᠬᠢᠮᠯᠡᠬᠥ᠌ ᠡᠬᠥᠲᠡᠨ ᠡᠴᠠ《ᠨᠡᠶ᠋ᠢᠭᠡᠮ ᠨᠡᠶ᠋ᠢᠲᠡ》 ᠭᠡᠰᠡᠨ ᠨᠢᠭᠡᠨ ᠶᠤᠰᠤ ᠪᠡᠷ ᠡᠬᠥᠨ ᠯᠤᠭᠡ ᠦᠯᠤ ᠵᠤᠬᠢᠴᠠᠯᠲᠤᠬᠤ ᠦᠪᠡᠷ᠎ᠦᠨ ᠪᠡᠶ᠎ᠡ ᠲᠡᠭᠡᠷᠡᠬᠢ ᠬᠣᠭ ᠲᠤᠭᠤᠰᠤ᠎ᠪᠠᠨ ᠰᠠᠶ᠋ᠢᠲᠤᠷ ᠬᠦᠪᠢᠵᠤ᠂ ᠰᠠᠷ᠎ᠠ ᠰᠢᠨ᠎ᠡ ᠳ᠋ᠡᠬᠡᠨ ᠠᠵᠢᠯ ᠤᠶ᠋ᠢᠯᠡᠰ ᠦᠬᠡᠳᠡ ᠡᠰᠡᠷᠩ᠂ ᠦᠯᠵᠠᠢ ᠬᠡᠢᠮᠤᠷᠢ ᠲᠠᠢ ᠶᠠᠪᠤᠵᠠᠭᠠᠶ᠎ᠠ !

ᠬᠡᠯᠡᠯᠭᠡᠨ ᠦᠭᠡᠢ ᠤᠲᠤ᠌ ᠶᠡᠬᠡ ᠶᠡᠬᠡ ᠬᠤᠳᠠ ᠪᠡᠷ  ᠫᠤᠤᠵᠢᠩ᠎ᠤᠨ ᠲᠠᠯ᠎ᠠ᠎ᠪᠠᠷ ᠬᠢ ᠬᠠᠮᠢᠶᠠᠷᠣᠯᠲᠠ ᠶᠡᠬᠡ ᠴᠢᠩᠭ᠎ᠠ ᠪᠤᠯᠵᠤ᠂ ᠶᠤᠰᠤᠨ ᠲᠡᠲᠤᠢ ᠫᠤᠤᠵᠢᠩ ᠲᠠᠯᠪᠢᠬᠤ ᠨᠡᠶ᠋ᠢᠲᠡᠮ᠎ᠦᠨ ᠰᠠᠶ᠋ᠢᠬᠠᠨ ᠵᠠᠩ ᠵᠠᠩᠰᠢᠯ ᠲᠠᠢ ᠪᠤᠯᠤᠭᠰᠠᠠ ᠪᠠᠶ᠋ᠢᠨ᠎ᠠ᠃ ᠭᠡᠪᠡᠴᠤ᠌ ᠪᠦᠬᠥ᠌ ᠲᠠᠯ᠎ᠠ᠎ᠪᠡᠷ ᠦᠵᠡᠬᠥ᠎ᠳᠦ ᠬᠡᠲᠤᠶ᠋ᠢᠪᠡᠷ ᠴᠢᠩᠭ᠎ᠠ ᠬᠠᠲᠠᠭᠤ ᠪᠤᠲᠠᠲᠤ᠌ ᠠᠷᠭ᠎ᠠ ᠬᠡᠮᠵᠢᠶ᠎ᠡ ᠠᠪᠴᠤ᠌ ᠪᠠᠶ᠋ᠢᠪᠠᠴᠤ᠌ ᠵᠠᠷᠢᠮ ᠭᠠᠵᠠᠷ ᠤᠷᠤᠨ᠎ᠳᠤ ᠮᠦᠨ ᠬᠦ᠌ 《ᠬᠠᠭᠤᠴᠢᠨ ᠳᠠᠭᠤᠤ》 ᠪᠠᠨ ᠬᠠᠩᠬᠢᠨᠠᠭᠤᠯᠵᠤ ᠪᠠᠶ᠋ᠢᠬᠤ ᠦᠵᠡᠭᠲᠡᠯ ᠭᠠᠷᠬᠤ᠎ᠪᠠᠷ᠎ᠢᠶᠠᠨ ᠭᠠᠷᠴᠤ᠌ ᠯᠠ ᠪᠠᠶ᠋ᠢᠨ᠎ᠠ᠃ ᠡᠢᠮᠦ ᠡᠴᠠ ᠪᠦᠬᠥ᠌ ᠠᠷᠠᠳ᠎ᠤᠨ ᠴᠢᠨᠠᠷᠲᠠᠢ ᠤᠬᠠᠭᠤᠯᠭ᠎ᠠ ᠬᠦᠮᠤᠵᠢᠯ᠎ᠤᠨ ᠠᠵᠢᠯ᠎ᠢ ᠲᠦᠪᠯᠡᠷᠡᠩᠬᠥᠢ  ᠰᠠᠶ᠋ᠢᠳᠤᠷ ᠬᠢᠵᠤ᠂ ᠴᠢᠩᠭ᠎ᠠ ᠬᠠᠮᠢᠶᠠᠷᠤᠯᠲᠠ ᠲᠠᠢ ᠪᠠᠶ᠋ᠢᠬᠤ᠎ᠶᠢ ᠬᠦᠰᠠᠨ ᠱᠠᠭᠠᠷᠲᠠᠵᠤ ᠪᠠᠶ᠋ᠢᠨ᠎ᠠ᠃ ᠬᠠᠷᠢᠨ ᠦᠩᠭᠡᠷᠡᠭᠰᠡᠨ᠎ᠦ ᠠᠳᠠᠯᠢ ᠵᠠᠷᠢᠮ ᠭᠠᠵᠠᠷ ᠤᠷᠤᠨ ᠨᠢ ᠵᠠᠰᠠᠭ᠎ᠤᠨ ᠭᠠᠵᠠᠷ᠎ᠤᠨ᠎ᠢᠶᠡᠨ ᠨᠡᠷ᠎ᠡ᠎ᠪᠡᠷ ᠪᠤᠶᠤ ᠶᠠᠮᠠᠷ ᠨᠢᠭᠡᠨ ᠬᠠᠮᠢᠶᠠᠲᠠᠢ ᠪᠠᠶ᠋ᠢᠭᠤᠯᠭ᠎ᠠ᠎ᠶᠢᠨ᠎ᠢᠶᠡᠨ ᠨᠡᠷ᠎ᠡ᠎ᠪᠡᠷ ᠪᠢᠴᠢᠭ ᠮᠠᠲ᠋ᠧᠷᠢᠶᠠᠯ ᠪᠠᠭᠤᠯᠭᠠᠵᠤ᠂ 《ᠲᠦᠮᠡᠨ ᠬᠡᠷᠡᠭ ᠲᠡᠬᠥᠰ ᠪᠦᠲᠤᠭᠡᠭᠰᠡᠨ》 ᠮᠡᠲᠤ᠌ ᠪᠠᠢᠬᠤ᠎ᠶᠢ ᠤᠨᠴᠡ ᠠᠩᠬᠠᠷᠪᠠᠯ ᠵᠤᠬᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号