ᠤᠷᠠᠨ ᠬᠠᠳᠬᠤᠮᠠᠯᠴᠢᠨ ᠰᠠᠷᠠᠨ᠎ᠠ
2026-02-27 11:28:54
ᠵᠣᠬᠢᠶᠠᠭ᠍ᠴᠢ᠄
ᠡᠤ ᠰᠡᠷᠬᠦᠯᠡᠩ
ᠣᠩᠱᠢᠭ᠍ᠰᠠᠨ ᠣᠳᠠᠭ᠎ᠠ᠄
★★★☆☆

ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ᠋ ᠤᠯᠠᠭᠠᠨᠮᠤᠳᠤ ᠰᠤᠮᠤᠨ᠎ᠤ ᠤᠯᠤᠰᠤᠳᠠᠢ ᠭᠠᠴᠠᠭᠠᠨ᠎ᠤ ᠰᠠᠷᠠᠨ᠎ᠠ ᠪᠤᠯ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ ᠤ᠋ ᠵᠢᠷᠭᠤᠳᠤᠭᠠᠷ ᠪᠦᠯᠦᠭ᠎ᠤᠨ ᠬᠤᠰᠢᠭᠤᠨ ᠲᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠵᠠᠰᠠᠬᠳᠤ ᠬᠠᠳᠬᠤᠮᠠᠯ ᠤ᠋ᠨ ᠤᠯᠠᠮᠵᠢᠯᠠᠬᠴᠢ ᠪᠤᠯᠤᠨ᠎ᠠ᠃


QQ20260227-113008.png


ᠰᠠᠷᠠᠨ᠎ᠠ ᠲᠤᠪᠴᠢ ᠵᠠᠩᠬᠢᠳᠴᠤ ᠪᠤᠢ 


ᠵᠢᠷᠠ ᠬᠦᠷᠴᠤ ᠶᠠᠪᠤᠭ᠎ᠠ ᠰᠠᠷᠠᠨ᠎ᠠ ᠭᠤᠸᠠᠢ ᠬᠠᠷᠠᠬᠠᠨ ᠪᠠᠭ᠎ᠠ ᠡᠴᠨ ᠪᠠᠨ ᠡᠮᠡᠬᠡ ᠡᠵᠢ᠂ ᠡᠵᠢ ᠵᠢᠨ ᠵᠢᠡᠨ ᠤᠶᠤᠳᠠᠯ ᠤᠶᠤᠬᠤ ᠵᠢ ᠦᠵᠡᠬᠡᠳ ᠦᠷᠬᠦᠯᠵᠢ ᠬᠠᠵᠠᠭᠤ ᠳ᠋ᠤᠨᠢ ᠰᠠᠭᠤᠵᠦ ᠲᠠᠭᠤᠷᠢᠶᠠᠵᠦ ᠤᠶᠤᠳᠠᠭ ᠪᠠᠢᠪᠠ᠃ ᠲᠡᠷᠡ ᠰᠠᠶᠢ ᠡᠬᠢᠯᠡᠵᠦ ᠰᠤᠷᠬᠤ ᠳ᠋ᠤ ᠬᠦᠪᠦᠷᠢᠳᠬᠦ᠂ ᠱᠠᠬᠯᠠᠬᠤ ᠵᠢ ᠰᠤᠷᠴᠦ ᠠᠭᠠᠵᠢᠮ ᠵᠢᠡᠷ ᠨᠠᠭᠠᠬᠤ᠂ ᠤᠷᠢᠶᠠᠬᠤ ᠬᠠᠳᠬᠤᠮᠠᠯ ᠎ᠢ ᠰᠤᠷᠴᠦ ᠡᠵᠡᠮᠰᠢᠵᠡᠢ᠃ 1984 ᠤᠨ ᠡᠴᠨ ᠡᠬᠢᠯᠡᠨ ᠰᠠᠷᠠᠨ᠎ᠠ ᠤᠷᠢᠳ ᠬᠤᠵᠢᠳ ᠲᠤᠬᠤᠮ ᠰᠤᠮᠤᠨ ᠎ᠤ ᠵᠤᠷᠢᠬᠳᠤ ᠭᠠᠴᠠᠭ᠎ᠠ᠂ ᠤᠯᠠᠭᠠᠨᠮᠤᠳᠤ ᠰᠤᠮᠤᠨ᠎ᠤ ᠤᠯᠤᠰᠤᠳᠠᠢ ᠭᠠᠴᠠᠭᠠᠨ ᠤ᠋ ᠰᠤᠷᠬᠤ ᠨᠠᠰᠦᠨ ᠡᠴᠡ ᠡᠮᠦᠨᠡᠬᠢ ᠠᠩᠬᠢ ᠳ᠋ᠤ ᠬᠢᠴᠢᠶᠡᠯ ᠵᠢᠭᠠᠵᠦ᠂ ᠦᠪᠡᠷ ᠤ᠋ᠨ ᠬᠢᠵᠦ ᠪᠠᠢᠭ᠎ᠠ ᠠᠵᠢᠯ ᠳ᠋ᠠᠭᠠᠨ ᠢᠳᠡᠬᠡᠯ ᠲᠠᠢ ᠬᠠᠷᠢᠭᠤᠴᠠᠯᠭ᠎ᠠ ᠲᠠᠢ ᠪᠠᠷ ᠰᠤᠷᠭᠠᠨ ᠬᠦᠮᠦᠵᠢᠯ ᠤ᠋ᠨ ᠦᠢᠯᠡᠰ ᠤ᠋ᠨ ᠲᠦᠯᠦᠬᠡ ᠬᠤᠷᠢᠭᠠᠳ ᠵᠢᠯ ᠭᠠᠪᠰᠢᠭᠠᠢᠯᠠᠨ ᠠᠵᠢᠯᠯᠠᠵᠠᠢ᠃ 2003 ᠤᠨ ᠳ᠋ᠤ᠂ ᠰᠠᠷᠠᠨ᠎ᠠ ᠠᠮᠢᠳᠦᠷᠠᠯ ᠤ᠋ᠨ ᠰᠢᠯᠳᠠᠭᠠᠨ ᠡᠴᠨ ᠪᠤᠯᠵᠦ᠂ ᠬᠠᠪᠦᠷᠵᠢᠶᠠᠨ ᠳ᠋ᠠᠭᠠᠨ ᠤᠴᠢᠵᠦ᠂ ᠬᠡᠷ ᠤ᠋ᠨ ᠲᠤᠳᠤᠨ᠎ᠠ ᠭᠠᠳᠠᠨᠠᠬᠢ ᠠᠵᠢᠯ ᠵᠢᠡᠨ ᠲᠦᠪᠬᠢᠨᠡᠬᠦᠯᠬᠦ ᠵᠢᠨ ᠲᠠᠭᠠᠤ ᠴᠢᠯᠦᠬᠡ ᠵᠠᠪ ᠵᠢᠡᠷ ᠵᠢᠡᠨ ᠬᠠᠳᠬᠤᠮᠠᠯ ᠤᠶᠤᠳᠠᠯ ᠵᠢᠡᠨ ᠬᠢᠵᠦ ᠪᠠᠢᠵᠠᠢ᠃ 2016 ᠤᠨ ᠡᠴᠨ ᠡᠬᠢᠯᠡᠨ ᠤᠮᠪᠤᠯᠤ ᠬᠡᠤᠬᠡᠳ ᠵᠢᠡᠨ ᠪᠢᠴᠢᠭ ᠦᠵᠡᠬᠦᠯᠬᠦ ᠭᠡᠳ ᠬᠠᠪᠦᠷᠵᠢᠶᠠᠨ ᠡᠴᠨ ᠪᠠᠨ ᠤᠯᠠᠭᠠᠨᠮᠤᠳᠤ ᠰᠤᠮᠤᠨ᠎ᠤ ᠰᠤᠮᠤᠨ ᠲᠦᠪ ᠲᠦ᠍ ᠢᠷᠡᠵᠦ ᠰᠠᠭᠤᠭᠠᠳ᠂ ᠤᠮᠪᠤᠯᠤ ᠬᠡᠤᠬᠡᠳ ᠵᠢᠡᠨ ᠬᠠᠷᠠᠭᠠᠯᠵᠠᠬᠤ ᠵᠢᠨ ᠲᠠᠭᠠᠤ ᠲᠤᠷᠠᠳᠠᠢ ᠪᠠᠬᠠᠳᠠᠢ ᠬᠠᠳᠬᠤᠮᠠᠯ ᠤᠶᠤᠳᠠᠯ ᠵᠢᠡᠨ ᠨᠢᠬᠡ ᠰᠡᠳᠬᠢᠯ ᠵᠢᠡᠷ ᠤᠷᠤᠯᠳᠤᠨ᠂ ᠤᠢᠷ᠎ᠠ ᠬᠠᠪᠢ ᠵᠢᠨ ᠬᠠᠳᠬᠤᠮᠠᠯᠴᠢᠨ ᠪᠦᠰᠡᠬᠦᠢᠴᠤᠳ ᠲᠠᠢ ᠬᠠᠮᠳᠤ ᠤᠷᠠᠯᠠᠵᠦ ᠤᠶᠤᠵᠦ ᠶᠠᠪᠤᠳᠠᠭ ᠪᠤᠯᠵᠠᠢ᠃


QQ20260227-112530.png


ᠰᠠᠷᠠᠨ᠎ᠠ ᠠᠢᠮᠠᠭ ᠬᠤᠰᠢᠭᠤᠨ ᠡᠴᠨ ᠡᠷᠬᠢᠯᠡᠭᠰᠡᠨ ᠬᠠᠳᠬᠤᠮᠠᠯ ᠤ᠋ᠨ ᠪᠤᠯᠪᠠᠰᠦᠷᠠᠯ ᠳ᠋ᠤ 30 ᠭᠠᠷᠦᠢ ᠤᠳᠠᠭ᠎ᠠ ᠤᠷᠤᠯᠴᠠᠵᠦ᠂ ᠬᠠᠳᠬᠤᠵᠦ ᠤᠷᠠᠯᠠᠬᠤ ᠤᠷ᠎ᠠ ᠮᠡᠷᠬᠡᠵᠢᠯ ᠵᠢᠡᠨ ᠤᠯᠠᠮ ᠨᠢᠬᠡ ᠠᠯᠬᠤᠮ ᠲᠡᠭᠡᠭᠰᠢᠯᠡᠬᠦᠯᠪᠡ᠃《ᠬᠦᠮᠦᠨ ᠤ᠋ ᠰᠠᠢᠬᠠᠨ ᠬᠦᠰᠡᠯ ᠳ᠋ᠡᠬᠡᠨ᠂ ᠬᠦᠰᠡᠯ ᠤ᠋ᠨ ᠰᠠᠢᠬᠠᠨ ᠢᠳᠡᠬᠡᠯ ᠳ᠋ᠡᠬᠡᠨ》 ᠬᠡᠳᠡᠭᠴᠢᠯᠡᠨ ᠰᠠᠷᠠᠨ᠎ᠠ  ᠵᠢᠨ ᠰᠢᠷᠭᠠᠭᠤ ᠴᠢᠷᠮᠠᠢᠯᠭ᠎ᠠ ᠪᠡᠷ ᠲᠡᠬᠦᠨ ᠤ᠋ ᠬᠠᠳᠬᠤᠵᠦ ᠤᠷᠠᠯᠠᠬᠰᠠᠨ ᠲᠡᠷ᠎ᠡ ᠵᠢᠨ ᠪᠤᠯᠤᠩ᠂ ᠴᠠᠮᠴᠠ᠂ ᠲᠠᠮᠠᠬᠢᠨ ᠤᠭᠤᠳᠠ᠂ ᠴᠢᠬᠢᠪᠴᠢ᠂ ᠵᠡᠬᠦᠯᠳᠡ᠂ ᠬᠤᠸᠠᠷ ᠬᠠᠳᠬᠤᠬᠰᠠᠨ ᠪᠤᠬᠴᠤ ᠵᠡᠷᠭᠡ ᠪᠦᠳᠦᠬᠡᠯ ᠨᠢ ᠨᠡᠢᠬᠡᠮ ᠨᠡᠢᠳᠡ ᠵᠢᠨ ᠰᠠᠢᠨ ᠦᠨᠡᠯᠡᠯᠳᠡ ᠵᠢ ᠤᠯᠵᠤ᠂ 2022 ᠤᠨ ᠳ᠋ᠤ ᠬᠤᠷᠴᠢᠨ ᠪᠠᠷᠠᠭᠤᠨ ᠡᠮᠦᠨᠡᠳᠤ ᠬᠤᠰᠢᠭᠤᠨ ᠤ᠋ ᠵᠢᠷᠭᠤᠳᠤᠭᠠᠷ ᠪᠦᠯᠦᠭ᠎ᠤᠨ ᠬᠤᠰᠢᠭᠤᠨ ᠲᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠵᠠᠰᠠᠬᠳᠤ ᠬᠠᠳᠬᠤᠮᠠᠯ ᠤ᠋ᠨ ᠤᠯᠠᠮᠵᠢᠯᠠᠬᠴᠢ ᠪᠡᠷ ᠨᠡᠷᠡᠢᠳᠦᠭᠳᠡᠪᠡ᠃ ᠲᠡᠷᠡ ᠪᠠᠰᠠ ᠤᠷᠢᠳ ᠬᠤᠵᠢᠳ 2022 ᠤᠨ ᠤ᠋ ᠬᠢᠨᠭᠭᠠᠨ ᠠᠢᠮᠠᠭ ᠤ᠋ᠨ ᠡᠪᠦᠯ ᠤ᠋ᠨ ᠤᠯᠠᠷᠢᠯ ᠤ᠋ᠨ ᠨᠠᠭᠠᠳᠦᠮ ᠂ ᠦᠪᠡᠷᠳᠡᠬᠡᠨ ᠵᠠᠰᠠᠬᠤ ᠤᠷᠤᠨ ᠤ᠋ ᠶᠢᠰᠦᠳᠦᠬᠡᠷ ᠬᠤᠭᠤᠴᠠᠭᠠᠨ ᠤ᠋ ᠤᠯᠠᠭᠠᠨᠮᠦ᠋ᠴᠢᠷ ᠤ᠋ᠨ ᠤᠷᠠᠯᠢᠭ ᠤ᠋ᠨ ᠨᠠᠢᠷ ᠵᠢᠴᠢ《2022• ᠬᠢᠨᠭᠭᠠᠨ ᠠᠢᠮᠠᠭ ᠤ᠋ᠨ ᠨᠠᠭᠠᠳᠦᠮ》᠂《2023• ᠲᠤᠮᠳᠠᠳᠤ ᠤᠯᠤᠰ ᠤ᠋ᠨ ᠵᠢᠭᠤᠯᠴᠢᠯᠠᠯ ᠤ᠋ᠨ ᠶᠡᠬᠡ ᠬᠤᠷᠠᠯ — ᠬᠢᠨᠭᠭᠠᠨ ᠠᠢᠮᠠᠭ ᠤ᠋ᠨ ᠨᠠᠭᠠᠳᠦᠮ ᠤ᠋ᠨ ᠤᠯᠠᠨ ᠤᠯᠤᠰ ᠤ᠋ᠨ ᠬᠤᠪᠴᠠᠰᠦ ᠵᠠᠰᠠᠯ ᠤ᠋ᠨ ᠦᠵᠡᠬᠦᠯᠬᠡ》ᠵᠡᠷᠭᠡ ᠳ᠋ᠤ ᠤᠷᠤᠯᠴᠠᠵᠦ᠂ ᠵᠠᠰᠠᠬᠳᠤ ᠬᠠᠳᠬᠤᠮᠠᠯ ᠢ᠋ ᠬᠤᠳᠠᠯᠠ ᠤᠯᠠᠨ ᠳ᠋ᠠᠭᠠᠨ ᠭᠠᠢᠬᠠᠭᠤᠯᠵᠦ ᠶᠠᠪᠤᠵᠠᠢ᠃


QQ20260227-113023.png


ᠰᠠᠷᠠᠨ᠎ᠠ ᠵᠢᠨ ᠤᠷᠠᠯᠠᠵᠤ ᠬᠠᠳᠬᠤᠭᠰᠠᠨ ᠪᠦᠲᠦᠭᠡᠯ᠎ᠤᠳ


ᠤᠳᠤ ᠰᠠᠷᠠᠨ᠎ᠠ ᠡᠳᠦᠷ ᠪᠦᠷᠢ ᠲᠠᠮᠠᠬᠢᠨ ᠤᠭᠤᠳᠠ᠂ ᠵᠡᠬᠦᠯᠳᠡ ᠵᠡᠷᠭᠡ ᠵᠢ ᠬᠠᠳᠬᠤᠵᠦ ᠤᠷᠠᠯᠠᠬᠤ ᠵᠢᠨ ᠲᠠᠭᠠᠤ ᠬᠠᠳᠬᠤᠮᠠᠯᠴᠢᠨ ᠨᠠᠢᠵᠠ ᠨᠠᠷ ᠲᠠᠢ ᠪᠠᠨ ᠪᠤᠳᠤᠯ ᠰᠠᠨᠠᠯ ᠵᠢᠡᠨ ᠰᠤᠯᠢᠯᠴᠠᠨ᠂ ᠦᠳᠡᠯᠦᠬᠡ ᠨᠠᠰᠦᠨ᠎ᠤ ᠪᠠᠶᠠᠰᠦᠯ ᠵᠢᠷᠭᠠᠯ᠎ᠢ ᠡᠳ᠋ᠯᠡᠵᠦ ᠶᠠᠪᠤᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号