ᠭᠡᠵᠢᠭᠡ ᠴᠢᠨᠢ ᠴᠠᠶ᠋ᠢᠪᠠᠯ ᠪᠢᠳᠡᠬᠡᠢ ᠦᠭᠳᠡᠬᠡᠬᠡᠷᠡᠢ ​
2026-02-27 10:42:07
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠺᠣᠯᠣᠮᠪᠢᠶ᠎ᠠ ᠶᠡᠬᠡ ᠰᠤᠷᠭᠠᠭᠤᠯᠢ ᠵᠢᠨ ᠰᠤᠳᠤᠯᠭᠠᠨ᠎ᠢᠶᠠᠷ᠂ ᠦᠰᠦᠨ᠎ᠤ ᠥᠩᠭᠡ ᠪᠠ ᠲᠤᠷᠰᠢᠭᠴᠢ᠎ᠶᠢᠨ ᠠᠮᠢᠳᠤᠷᠠᠯ᠎ᠤᠨ ᠳᠠᠷᠤᠭᠠᠰᠤ᠎ᠶᠢᠨ ᠮᠡᠳᠡᠭᠦᠯᠦᠯᠲᠡ᠎ᠶᠢᠨ ᠬᠣᠭᠣᠷᠣᠨᠳᠣ ᠳᠡᠭᠡᠳᠦ ᠬᠡᠮᠵᠢᠶᠡᠨ᠎ᠤ ᠬᠠᠷᠠᠭᠠᠯᠵᠠᠭᠰᠠᠨ ᠬᠠᠷᠢᠴᠠᠭ᠎ᠠ ᠣᠷᠣᠰᠢᠵᠤ ᠪᠠᠶ᠋ᠢᠳᠠᠭ᠂ ᠬᠡᠷᠪᠡ ᠳᠠᠷᠤᠭᠠᠰᠤ ᠨᠢ ᠬᠥᠩᠭᠡᠷᠡᠪᠡᠯ᠂ ᠵᠠᠷᠢᠮ ᠴᠠᠶ᠋ᠢᠷᠠᠭᠰᠠᠨ ᠭᠡᠵᠢᠭᠡ᠎ᠨᠢ ᠲᠠᠬᠢᠨ ᠤᠤᠯ ᠥᠩᠭᠡ᠎ᠪᠠᠨ ᠰᠡᠷᠭᠦᠭᠡᠵᠦ᠍ ᠲᠠᠶ᠋ᠢᠯᠤᠨ᠎ᠠ ᠭᠡᠳᠡᠭ ᠢ᠋ ᠤᠯᠵᠤ ᠮᠡᠳᠡᠵᠡᠢ᠃ ᠢᠢᠮᠤ ᠡᠴᠨ ᠪᠡᠨ ᠬᠡᠵᠢᠬᠡ ᠴᠢᠨᠢ ᠴᠠᠢᠷᠠᠪᠠᠯ ᠪᠤᠤ ᠦᠭᠳᠡᠬᠡ᠂ ᠭᠡᠵᠢᠭᠡ ᠵᠢ ᠴᠢᠨᠢ ᠬᠠᠷ᠎ᠠ ᠪᠣᠯᠭᠠᠬᠤ ᠠᠷᠭ᠎ᠠ ᠲᠠᠢ ᠪᠤᠯᠵᠠᠢ᠃

ᠰᠤᠳᠤᠯᠭᠠᠨ᠎ᠳᠤ ᠢᠯᠡᠷᠡᠭᠦᠯᠦᠭᠰᠡᠨ᠎ᠢᠶᠠᠷ᠂ ᠵᠠᠷᠢᠮ ᠭᠡᠵᠢᠭᠡ ᠨᠢ ᠴᠠᠭᠠᠨ ᠪᠠᠶ᠋ᠢᠭᠰᠠᠨ᠎ᠠᠴᠠ ᠪᠡᠨ ᠬᠠᠷ᠎ᠠ ᠪᠣᠯᠬᠤ᠎ᠳᠤ ᠵᠥᠪᠬᠡᠨ 3 ᠡᠴᠡ 7 ᠡᠳᠦᠷ ᠬᠡᠷᠡᠭᠰᠡᠨ᠎ᠡ᠂ ᠴᠢᠨᠠᠭᠰᠢᠯᠠᠪᠠᠯ ᠲᠤᠮᠤᠷᠠᠭᠤᠯᠤᠬᠴᠢ ᠰᠢᠯ ᠵᠢᠨᠷ ᠲᠣᠳᠣᠷᠬᠠᠶ ᠵᠠᠭᠠᠭ ᠱᠤᠭᠤᠮ᠎ᠢ ᠣᠯᠵᠤ ᠦᠵᠡᠳᠡᠭ᠂ ᠡᠨᠡ᠎ᠨᠢ ᠶᠠᠭ ᠳᠤᠮᠳᠠ᠎ᠠᠴᠠ᠎ᠨᠢ ᠭᠡᠨᠡᠳᠲᠡ ᠭᠡᠵᠢᠭᠡ᠎ᠶᠢ ᠨᠢ ᠪᠤᠳᠤᠭᠰᠠᠨ᠎ᠲᠠᠢ ᠠᠳᠠᠯᠢ ᠪᠠᠶ᠋ᠢᠳᠠᠭ᠃ ᠣᠯᠠᠩᠬᠢ ᠴᠠᠭᠠᠨ ᠭᠡᠵᠢᠭᠡ ᠵᠢᠨ ᠬᠠᠷ᠎ᠠ ᠪᠤᠯᠬᠤ ᠡᠷᠭᠢᠯᠲᠡ᠎ᠨᠢ ᠬᠡᠳᠦᠨ ᠭᠠᠷᠠᠭ᠎ᠠᠴᠠ ᠬᠡᠳᠦᠨ ᠰᠠᠷ᠎ᠠ ᠪᠤᠯᠳᠠᠭ᠂ ᠭᠡᠪᠡᠴᠦ᠍ ᠡᠨᠡ᠎ᠨᠢ ᠮᠥᠨ ᠬᠦ᠌ ᠬᠥᠮᠦᠰ᠎ᠤᠨ 《ᠥᠲᠡᠯᠬᠦ᠌》 ᠵᠢᠨ ᠲᠤᠬᠠᠶ ᠲᠥᠰᠦᠭᠡᠯᠡᠯ᠎ᠠᠴᠠ ᠬᠣᠯᠠ ᠬᠤᠷᠳᠤᠨ ᠪᠠᠶ᠋ᠢᠳᠠᠭ᠃

ᠲᠡᠬᠡᠪᠡᠯ ᠠᠮᠢᠳᠤᠷᠠᠯ ᠠᠵᠢᠯ᠎ᠤᠨ ᠳᠠᠷᠤᠭᠠᠰᠤ ᠶᠠᠭᠠᠬᠢᠭᠠᠳ ᠭᠡᠵᠢᠭᠡᠨ᠎ᠳᠤ ᠡᠶ᠋ᠢᠮᠦ᠍ ᠶᠡᠬᠡ ᠨᠥᠯᠥᠭᠡ ᠦᠵᠡᠭᠦᠯᠳᠡᠭ ᠪᠣᠢ? ᠪᠡᠶ᠎ᠡ ᠮᠠᠬᠠᠪᠤᠳ᠎ᠤᠳᠠᠭᠠᠨ ᠴᠢᠨᠠᠷᠲᠠᠶ ᠰᠡᠳᠬᠢᠴᠡ᠎ᠶᠢᠨ ᠳᠠᠷᠤᠭᠠᠰᠤ᠎ᠶᠢᠨ ᠳᠤᠮᠳᠠ ᠪᠠᠶ᠋ᠢᠬᠤ ᠦᠶ᠎ᠡ ᠎ᠳᠤ  ᠮᠡᠳᠡᠷᠡᠯ᠎ᠤᠨ ᠰᠢᠰᠲ᠋ᠧᠮ᠂ ᠬᠣᠷᠮᠣᠨ᠎ᠤ ᠰᠢᠰᠲ᠋ᠧᠮ᠂ ᠢᠰᠦᠯᠳᠦᠯ᠎ᠤᠨ ᠰᠢᠰᠲ᠋ᠧᠮ᠎ᠳᠤ ᠪᠦᠷ ᠬᠡᠯᠬᠢᠶ᠎ᠡ ᠬᠤᠪᠢᠷᠠᠯᠲᠠ ᠭᠠᠷᠳᠠᠭ᠂ ᠦᠰᠦᠨ᠎ᠤ  ᠣᠷᠴᠢᠨ ᠲᠣᠭᠣᠷᠢᠨ᠎ᠳᠤ ᠲᠤᠶ᠋ᠢᠯ᠎ᠤᠨ ᠰᠡᠷᠭᠡᠭ ᠪᠠᠶ᠋ᠢᠳᠠᠭ ᠨᠡᠬᠡᠳᠡᠰᠦ᠎ᠨᠢ ᠬᠠᠷᠢᠨ ᠡᠨᠡ ᠬᠦ᠌ ᠬᠤᠪᠢᠷᠠᠯᠲᠠ᠎ᠶᠢ ᠮᠠᠰᠢ ᠲᠦᠷᠭᠡᠨ ᠰᠡᠷᠡᠵᠦ᠍ ᠮᠡᠳᠡᠳᠡᠭ᠃ ᠡᠭᠦᠨ ᠡᠴᠡ ᠪᠤᠯᠵᠤ ᠬᠠᠷ᠎ᠠ ᠥᠩᠭᠡᠲᠦ᠍ ᠡᠳ᠋ ᠡᠭᠦᠰᠬᠦ᠌ ᠬᠠᠮᠢᠶ᠎ᠠ ᠪᠦᠬᠦᠢ ᠡᠰ᠎ᠤᠨ ᠬᠥᠳᠡᠯᠭᠡᠭᠡᠨ ᠬᠠᠷᠰᠢᠯᠠᠬᠳᠠᠵᠦ᠍᠂ ᠭᠡᠵᠢᠭᠡ ᠴᠠᠶ᠋ᠢᠷᠠᠳᠠᠭ ᠪᠠᠶ᠋ᠢᠨ᠎ᠠ᠃ ᠭᠡᠪᠡᠴᠦ᠍ ᠳᠠᠷᠤᠭᠠᠰᠤ᠎ᠨᠢ ᠲᠠᠶ᠋ᠢᠯᠤᠭᠳᠠᠭᠰᠠᠭᠠᠷ ᠦᠰᠦᠨ᠎ᠳᠤ 《ᠠᠮᠢᠰᠬᠤᠭ᠎ᠠ ᠠᠪᠬᠤ》 ᠣᠷᠣᠨ ᠵᠠᠶ᠎ᠲᠠᠢ ᠪᠣᠯᠵᠣ᠂ ᠰᠣᠯᠢᠯᠴᠠᠭᠠᠨ᠎ᠤ ᠠᠵᠢᠯᠯᠠᠭ᠎ᠠ᠎ᠨᠢ ᠰᠡᠷᠭᠦᠬᠦ᠌ ᠵᠠᠪᠰᠢᠶᠠᠨ᠎ᠲᠠᠢ ᠪᠣᠯᠵᠣ᠂ ᠬᠠᠷ᠎ᠠ ᠥᠩᠭᠡ᠎ᠶᠢᠨ ᠡᠳ᠋᠎ᠤᠨ ᠤᠶ᠋ᠢᠯᠡᠳᠪᠦᠷᠢᠯᠡᠯ᠎ᠨᠢ ᠳᠠᠬᠢᠨᠲᠠ ᠤᠶ᠋ᠢᠯᠡᠳᠪᠦᠷᠢᠯᠡᠯ ᠵᠢᠨᠨ ᠡᠬᠢᠯᠡᠬᠦᠯᠳᠡᠭ᠂ ᠢᠨᠭᠬᠢᠪᠡᠯ ᠭᠡᠵᠢᠭᠡ ᠴᠢᠨᠢ ᠳᠠᠬᠢᠨ ᠬᠠᠷᠠᠯᠠᠵᠤ ᠮᠡᠳᠡᠨ᠎ᠡ᠃

(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号