ᠨᠢᠬᠡᠨ ᠡᠳᠤᠷ ᠪᠢᠴᠢᠬᠠᠨ ᠰᠢᠪᠠᠭᠤᠬᠠᠢ ᠮᠤᠳᠤᠨᠤ ᠮᠦᠴᠢᠷ ᠲᠡᠬᠡᠷ᠎ᠠ ᠢᠷᠡᠵᠤ ᠰᠠᠭᠤᠵᠠᠢ᠃ ᠰᠢᠪᠠᠭᠤᠬᠠᠢ ᠮᠤᠳᠤ ᠲᠠᠢ ᠶᠠᠷᠢᠵᠤ ᠡᠬᠢᠯᠡᠪᠡ᠃ ᠨᠢᠰᠬᠦ ᠵᠢᠨ ᠰᠠᠢᠬᠠᠨᠢ ᠤᠯᠠᠨ ᠵᠤᠢᠯᠢ ᠲᠡᠬᠡᠷ᠎ᠠ ᠡᠴᠨ ᠬᠠᠷᠠᠳᠠᠭ ᠳᠤᠬᠠᠢ ᠪᠡᠨ ᠡᠬᠡᠷᠡᠮᠠ ᠲᠠᠯ᠎ᠠ᠂ ᠡᠯᠡᠰᠤᠨ ᠴᠦᠯ᠂ ᠬᠦᠯ ᠦᠬᠡᠢ ᠲᠠᠯᠠᠢ᠂ ᠮᠦᠨ ᠤᠯᠠᠨ ᠶᠠᠩᠵᠤ ᠵᠢᠨ ᠮᠤᠳᠤ ᠪᠠᠢᠳᠠᠭ ᠲᠠᠯ᠎ᠠ ᠪᠡᠷ ᠶᠠᠷᠢᠭᠠᠳ ᠦᠷᠬᠦᠯᠵᠢ ᠨᠢᠬᠡ ᠭᠠᠵᠡᠷ ᠵᠢᠠᠨ ᠪᠠᠢᠬᠤ ᠨᠢ ᠤᠢᠳᠬᠠᠷ ᠲᠠᠢ ᠪᠠᠢᠬ᠎ᠠ ᠬᠡᠵᠤ ᠪᠤᠳᠤᠳᠠᠭ ᠵᠢᠠᠨ ᠴᠤ᠌ ᠮᠤᠳᠤᠨᠳᠤ ᠬᠡᠯᠡᠵᠤ ᠠᠮᠵᠢᠵᠠᠢ᠃ ᠲᠡᠬᠦᠨᠢ ᠭᠠᠢᠬᠠᠰᠢᠷᠠᠭᠤᠯᠤᠭᠰᠠᠠ ᠵᠤᠢᠯ ᠪᠤᠯ ᠦᠷᠬᠦᠯᠵᠢ ᠨᠢᠬᠡ ᠭᠠᠵᠡᠷ ᠵᠢᠠᠨ ᠪᠠᠢᠬᠤ ᠡᠴᠨ ᠤᠢᠳᠳᠠᠭ ᠦᠬᠡᠢ ᠮᠤᠳᠤ ᠦᠪᠡᠷᠤᠨ ᠬᠢᠨᠢ ᠶᠠᠷᠢᠵᠤ ᠪᠠᠢᠭ᠎ᠠ ᠰᠤᠨᠢᠨ ᠰᠠᠢᠬᠠᠨᠳᠤ ᠶᠠᠷᠤ ᠲᠠᠳᠠᠭᠳᠠᠵᠤ ᠰᠡᠳᠬᠢᠯ ᠬᠦᠳᠡᠯᠦᠭᠰᠡᠡ ᠰᠢᠨᠵᠢ ᠦᠬᠡᠢ ᠪᠠᠢᠭᠠᠳ ᠪᠠᠢᠯ᠎ᠠ᠃
ᠮᠤᠳᠤ ᠰᠢᠪᠠᠭᠤᠨᠤ ᠶᠠᠷᠢᠵᠤ ᠪᠠᠢᠭ᠎ᠠ ᠰᠤᠨᠢᠨ ᠬᠠᠴᠢᠨᠢ ᠶᠡᠬᠡ ᠲᠠᠢᠪᠤᠩ ᠵᠢᠡᠷ ᠰᠤᠨᠤᠰᠤᠭᠠᠳ᠄ 《ᠴᠢᠨᠤ ᠶᠠᠷᠢᠶᠠᠨᠳᠤ ᠪᠠᠢᠭ᠎ᠠ ᠲᠠᠷᠠ ᠵᠤᠢᠯᠤᠳ ᠴᠢᠨᠢ ᠲᠠᠢᠮᠤ ᠴᠤ᠌ ᠴᠢᠬᠤᠯᠠ ᠵᠤᠢᠯ ᠪᠢᠰᠢ》 ᠬᠡᠳᠡᠭ ᠪᠠᠢᠪᠠ᠃ ᠰᠢᠪᠠᠭᠤ ᠮᠤᠳᠤ ᠵᠢ ᠶᠠᠷᠤ ᠤᠢᠯᠠᠭᠠᠬᠤ ᠦᠬᠡᠢ ᠪᠠᠢᠯ᠎ᠠ᠃ ᠲᠠᠢᠮᠤ ᠡᠴᠨ ᠨᠢᠬᠡ ᠡᠳᠤᠷ ᠲᠡᠰᠬᠡᠯ ᠦᠬᠡᠢ ᠨᠠᠰᠤᠨ ᠳᠤᠷᠰᠢ ᠳ᠋ᠠᠭᠠᠨ ᠦᠷᠬᠦᠯᠵᠢ ᠨᠢᠬᠡ ᠭᠠᠵᠡᠷ ᠦᠷᠬᠦᠯᠵᠢ ᠬᠦᠳᠡᠯᠬᠦ ᠦᠬᠡᠢ ᠠᠮᠢᠳᠤᠷᠠᠬᠤ ᠨᠢ ᠶᠠᠮᠠᠷ ᠪᠤᠯᠬᠤ ᠵᠢ ᠠᠰᠠᠭᠤᠵᠠᠢ᠃ ᠮᠤᠳᠤ ᠮᠦᠨ ᠯᠠ ᠨᠦᠬᠦᠬᠡ ᠲᠠᠢᠪᠤᠩ ᠪᠠᠢᠳᠠᠯ ᠵᠢᠡᠷ ᠵᠢᠠᠨ ᠦᠷᠬᠦᠯᠵᠢ ᠵᠤᠭᠠᠯᠠᠵᠤ᠂ ᠠᠶᠠᠯᠠᠬᠤ ᠨᠢ ᠲᠠᠢᠮᠤ ᠴᠤ᠌ ᠰᠠᠢᠬᠠᠨ ᠪᠢᠰᠢ᠂ ᠰᠢᠨ᠎ᠠ ᠵᠤᠢᠯ ᠰᠤᠷᠴᠤ ᠮᠡᠳᠡᠬᠦ ᠲᠠᠯ᠎ᠠ ᠪᠡᠷ ᠶᠡᠬᠡ ᠱᠠᠭᠠᠷᠳᠠᠯᠭ᠎ᠠ ᠲᠠᠢ ᠪᠢᠰᠢ ᠬᠡᠵᠤ ᠬᠡᠯᠡᠵᠠᠢ᠃ ᠮᠤᠳᠤ ᠰᠢᠪᠠᠭᠤ ᠬᠤᠶᠠᠷ ᠡᠢᠨ ᠬᠦ᠌ ᠶᠠᠷᠢᠬᠰᠠᠭᠠᠷ ᠤᠷᠤᠢ ᠪᠤᠯᠭᠠᠵᠠᠢ᠃ ᠰᠦᠨᠢ ᠵᠢᠨ ᠲᠡᠭᠷᠢ ᠮᠡᠴᠢᠳ ᠲᠦᠬᠡᠵᠤ ᠡᠬᠢᠯᠡᠪᠡ᠃ ᠰᠢᠪᠠᠭᠤ ᠡᠬᠦᠨᠢ ᠬᠠᠷᠠᠭᠠᠳ ᠮᠠᠰᠢ ᠶᠡᠬᠡ ᠰᠡᠳᠬᠢᠯ ᠬᠦᠳᠡᠯᠵᠡᠢ᠃ ᠲᠠᠷᠠ ᠡᠢᠮᠤ ᠦᠨᠳᠤᠷ ᠲᠤ᠌ ᠪᠠᠢᠭ᠎ᠠ ᠶᠤᠮ ᠴᠢᠨᠢ ᠶᠠᠭᠤᠮ᠎ᠠ ᠪᠤᠯᠭᠠᠨᠢ ᠬᠠᠷᠠᠵᠤ ᠴᠢᠳᠠᠳᠠᠭ᠂ ᠢᠩᠬᠢᠵᠤ ᠰᠠᠢᠬᠠᠨ ᠬᠢᠯᠠᠯᠵᠠᠬᠤ ᠨᠢ ᠶᠠᠮᠠᠷ ᠪᠠᠢᠳᠠᠬᠢ ᠮᠡᠳᠡᠬᠦ ᠰᠤᠨᠢᠷᠬᠠᠯ ᠳᠤᠩ ᠶᠡᠬᠡ ᠲᠦᠷᠤᠵᠠᠢ᠃ ᠰᠢᠪᠠᠭᠤᠬᠠᠢ ᠬᠡᠳᠤᠢᠪᠡᠷ ᠡᠳᠡᠬᠡᠷ ᠬᠢᠯᠠᠯᠵᠠᠭᠰᠠᠠ ᠵᠤᠢᠯᠠᠰᠢ ᠰᠦᠨᠢ ᠪᠤᠯᠭᠠᠨ ᠬᠠᠷᠠᠳᠠᠭ ᠴᠤ᠌ ᠴᠤᠬᠤᠮ ᠶᠠᠭᠤ ᠪᠤᠯᠬᠤ ᠵᠢ ᠨᠢ ᠬᠡᠨ ᠡᠴᠨ ᠴᠤ᠌ ᠠᠰᠠᠭᠤᠭ᠎ᠠ ᠦᠬᠡᠢ ᠪᠠᠢᠯ᠎ᠠ᠃ ᠲᠠᠢᠮᠤ ᠡᠴᠨ ᠪᠤᠯᠤᠮᠵᠢ ᠭᠠᠷᠤᠭᠰᠠᠠ ᠲᠡᠬᠡᠷ᠎ᠠ ᠮᠤᠳᠤᠨ ᠡᠴᠨ ᠠᠰᠠᠭᠤᠭᠠᠳ ᠠᠪᠤᠶ᠎ᠠ ᠬᠡᠵᠤ ᠪᠤᠳᠤᠨ ᠰᠦᠨᠢ ᠪᠤᠯᠬᠤᠳᠤ ᠲᠡᠭᠷᠢᠳᠤ ᠬᠠᠷᠠᠭᠳᠠᠳᠠᠭ ᠡᠳᠡᠬᠡᠷ ᠬᠢᠯᠠᠯᠵᠠᠭᠰᠠᠠ ᠵᠤᠢᠯ ᠶᠠᠭᠤ ᠪᠤᠯᠬᠤ ᠵᠢ ᠮᠤᠳᠤᠨ ᠡᠴᠨ ᠠᠰᠠᠭᠤᠵᠠᠢ᠃
《ᠲᠡᠭᠷᠢᠳᠤ ᠪᠠᠢᠭ᠎ᠠ ᠡᠳᠡᠬᠡᠷ ᠬᠢᠯᠠᠯᠵᠠᠭᠰᠠᠠ ᠵᠤᠢᠯ ᠤ᠋ᠳᠢ ᠬᠦᠮᠤᠰ ᠤᠳᠤ ᠬᠡᠳᠡᠭ ᠶᠤᠮ᠃ ᠲᠡᠭᠷᠢᠳᠤ ᠪᠠᠢᠭ᠎ᠠ ᠨᠢ᠂ ᠪᠠᠰᠠ ᠬᠢᠯᠠᠯᠵᠠᠵᠤ ᠪᠠᠢᠭ᠎ᠠ ᠨᠢ ᠨᠠᠳᠠᠳᠤ ᠤᠭᠳᠤᠬᠠᠨ ᠴᠤ᠌ ᠰᠤᠨᠢᠨ ᠪᠢᠰᠢ᠂ ᠬᠡᠵᠢᠶ᠎ᠠ ᠴᠤ᠌ ᠠᠩᠬᠠᠷᠤᠯᠢ ᠮᠢᠨᠢ ᠲᠡᠳᠡᠵᠤ ᠪᠠᠢᠬᠰᠠᠠ ᠦᠬᠡᠢ》 ᠬᠡᠯ᠎ᠠ᠃
ᠰᠢᠪᠠᠭᠤ ᠮᠤᠳᠤᠨᠤ ᠬᠡᠯᠡᠭᠰᠡᠡᠢ ᠳᠤᠭᠤᠭᠰᠠᠠ ᠦᠬᠡᠢ᠂ ᠬᠠᠷᠢᠨ ᠨᠢᠰᠤᠬᠡᠳ ᠶᠠᠪᠤᠪᠠᠯ ᠤᠳᠤᠨᠳᠤ ᠬᠦᠷᠴᠤ ᠪᠤᠯᠬᠤ ᠡᠰᠡᠬᠦ ᠵᠢ ᠠᠰᠠᠭᠤᠪᠠ᠃ ᠮᠤᠳᠤ ᠱᠤᠤᠯᠠᠩᠭᠤᠢ ᠪᠠᠢᠳᠠᠯ ᠵᠢᠡᠷ ᠰᠢᠪᠠᠭᠤᠨᠤ ᠠᠰᠠᠭᠤᠭᠰᠠᠠ ᠵᠤᠢᠯ ᠪᠤᠯᠤᠮᠵᠢ ᠦᠬᠡᠢ ᠪᠤᠯᠬᠤ ᠵᠢ ᠮᠦᠨ ᠬᠡᠨ ᠴᠤ᠌ ᠤᠳᠤᠨᠳᠤ ᠬᠦᠷᠴᠤ ᠴᠢᠳᠠᠭ᠎ᠠ ᠦᠬᠡᠢ ᠬᠡᠪᠡ᠃ ᠬᠡᠪᠡᠴᠤ ᠰᠢᠪᠠᠭᠤ ᠲᠠᠬᠢᠵᠤ ᠰᠢᠨ᠎ᠠ ᠵᠤᠢᠯᠢ ᠬᠦᠰᠡᠵᠤ ᠤᠯᠵᠤ ᠮᠡᠳᠡᠬᠦ ᠵᠢ ᠬᠦᠰᠡᠭᠰᠡᠡ ᠰᠡᠳᠬᠢᠯᠳ᠋ᠡᠬᠡᠨ ᠲᠡᠢᠯᠦᠭᠳᠡᠵᠤ ᠡᠬᠢᠯᠡᠪᠡ᠃ ᠢᠩᠬᠢᠬᠡᠳ ᠬᠡᠨ ᠴᠤ᠌ ᠨᠠᠮ᠎ᠠ ᠵᠢ ᠵᠤᠭᠰᠤᠭᠠᠵᠤ ᠴᠢᠳᠠᠬᠤ ᠦᠬᠡᠢ ᠬᠡᠳ ᠲᠡᠭᠷᠢ ᠦᠬᠡᠳᠡ ᠨᠢᠰᠴᠤ ᠡᠬᠢᠯᠡᠪᠡ᠃ ᠵᠠᠮᠳᠠᠭᠠᠨ ᠪᠤᠷᠤᠭ᠎ᠠ ᠴᠠᠰᠤ ᠬᠠᠯᠠᠭᠤᠨ ᠬᠦᠢᠳᠡᠨ ᠲᠠᠢ ᠳᠤᠯᠵᠤ ᠪᠠᠢᠬᠰᠠᠠ ᠴᠤ᠌ ᠰᠢᠪᠠᠭᠤ ᠦᠬᠡᠳᠡ ᠪᠡᠨ ᠨᠢᠰᠦᠭᠰᠡᠬᠡᠷ ᠯᠠ ᠪᠠᠢᠯ᠎ᠠ᠃ ᠬᠡᠳᠤᠨ ᠭᠠᠷᠠᠭ ᠨᠢᠰᠪᠡ᠃ ᠶᠠᠪᠤᠭᠠᠨᠳᠠᠭᠠᠨ ᠰᠢᠪᠠᠭᠤᠨᠤ ᠲᠠᠯᠠᠪᠴᠢ ᠨᠢ ᠲᠡᠪᠢᠬᠦ ᠪᠡᠨ ᠪᠤᠯᠢᠵᠤ ᠲᠡᠮᠢᠷᠳᠡᠵᠤ ᠡᠬᠢᠯᠡᠪᠡ᠂ ᠬᠡᠳᠡᠯ᠎ᠠ ᠤᠳᠤᠨᠳᠤ ᠬᠦᠷᠬᠦ ᠶᠠᠭᠠᠬᠢᠭ᠎ᠠ ᠴᠤ᠌ ᠦᠬᠡᠢ ᠪᠠᠢᠳᠠᠭ᠃ ᠬᠡᠰᠡᠨᠴᠤ ᠰᠢᠪᠠᠭᠤ ᠨᠢᠰᠦᠭᠰᠡᠬᠡᠷ ᠯᠠ ᠪᠠᠢᠯ᠎ᠠ᠃ ᠰᠡᠬᠦᠯᠳ᠋ᠡᠬᠡᠨ ᠶᠠᠮᠠᠷᠴᠤ ᠲᠠᠮᠢᠷ ᠲᠡᠩᠬᠡᠬᠡ ᠦᠬᠡᠢ ᠪᠤᠯᠵᠤ᠂ ᠦᠨᠳᠤᠷ ᠡᠴᠨ ᠡᠷᠬᠢᠵᠤ ᠭᠠᠵᠡᠷ ᠤᠨᠠᠬᠤᠳᠠᠭᠠᠨ ᠨᠦᠬᠦᠬᠡ ᠮᠤᠳᠤᠨᠤ ᠲᠡᠷᠬᠡᠳᠡ ᠤᠨᠠᠵᠠᠢ᠃ ᠠᠮᠢᠰᠬᠤᠭ᠎ᠠ ᠴᠤ᠌ ᠠᠪᠬᠤ ᠲᠡᠩᠬᠡᠬᠡ ᠦᠬᠡᠢ ᠶᠠᠳᠠᠷᠠᠵᠤ ᠳᠤᠢᠯᠳᠠᠭᠰᠠᠠ ᠰᠢᠪᠠᠭᠤ ᠤᠨᠠᠬᠤᠳᠠᠭᠠᠨ ᠴᠤ᠌ ᠮᠦᠨ ᠦᠬᠦᠯᠤᠨ ᠰᠢᠷᠬ᠎ᠠ ᠠᠪᠴᠠᠢ᠃ ᠮᠤᠳᠤ ᠮᠦᠨ ᠯᠠ ᠨᠦᠬᠦᠬᠡ ᠶᠠᠩᠵᠤ ᠪᠡᠷ ᠵᠢᠠᠨ᠄
《ᠪᠢ ᠴᠢᠮᠠᠳᠤ ᠬᠡᠯᠡᠭᠰᠡᠡ ᠰᠢᠤᠳᠠ᠂ ᠬᠡᠨ ᠴᠤ᠌ ᠬᠦᠷᠴᠤ ᠴᠢᠳᠠᠬᠤ ᠦᠬᠡᠢ ᠬᠡᠵᠤ ᠁》 ᠬᠡᠪᠡᠴᠤ ᠰᠢᠪᠠᠭᠤᠨᠤ ᠡᠴᠤᠰᠤᠨ ᠦᠬᠡ ᠡᠢᠮᠤ ᠪᠠᠢᠯ᠎ᠠ᠃
《ᠲᠡᠢᠮᠤ ᠡ᠂ ᠪᠢ ᠬᠡᠳᠤᠢᠪᠡᠷ ᠤᠳᠤᠨᠳᠤ ᠬᠦᠷᠴᠤ ᠴᠢᠳᠠᠭ᠎ᠠ ᠦᠬᠡᠢ ᠴᠤ᠌ ᠲᠡᠬᠦᠨᠳᠤ ᠬᠦᠷᠬᠦ ᠵᠢᠨ ᠲᠦᠯᠦᠬᠡ ᠦᠬᠦᠵᠤ ᠪᠤᠯᠬᠤ ᠦᠬᠡᠢ ᠬᠡᠵᠤ ᠤᠤ?》
(《ᠲᠡᠯᠡᠬᠡᠢ ᠵᠢᠨ ᠰᠤᠷᠭᠠᠮᠵᠢᠳᠤ ᠦᠬᠦᠯᠡᠯᠬᠡ》 ᠨᠤᠮ ᠡᠴᠨ ᠨᠠᠢᠷᠠᠭᠤᠯᠤᠨ ᠠᠪᠤᠪᠠ)