ᠭᠠᠲᠠᠭ᠎ᠠ ᠭᠤᠷᠪᠡ ᠶᠢᠰᠤ᠎ᠶᠢᠨ ᠬᠦᠢᠲᠡᠨᠦ ᠡᠷᠴᠢ ᠴᠢᠩᠭᠠᠷᠠᠵᠤ ᠪᠠᠶ᠋ᠢᠭᠰᠠᠨ ᠴᠤ᠌ ᠦᠷᠤᠬᠡᠨ᠎ᠳᠡᠬᠢ ᠬᠦᠮᠤᠰ᠎ᠤᠨ ᠰᠡᠳᠬᠢᠯ ᠶᠡᠬᠡᠳᠡ ᠳᠤᠯᠠᠭᠠᠬᠠᠨ ᠮᠦᠷᠳᠡᠬᠡᠨ ᠬᠠᠩᠬᠤᠯᠤᠭᠤᠨ ᠪᠠᠢᠯ᠎ᠠ᠃ ᠰᠤᠶᠤᠯ᠎ᠤᠨ ᠲᠤᠷᠭᠠᠨ ᠦᠯᠤᠭᠡᠢ ᠡᠴᠠ ᠨᠣᠮ᠎ᠤᠨ ᠦᠨᠤᠷ ᠬᠠᠩᠬᠤᠯᠵᠤ᠂ ᠪᠢᠯᠢᠭ ᠤᠶᠤᠨ᠎ᠤ ᠤᠩᠭᠣᠳᠡᠴᠨ ᠰᠢᠯᠦᠭ᠎ᠤᠨ ᠮᠦᠷ ᠪᠠᠳᠠᠭ ᠪᠠᠭᠤᠵᠤ᠂ ᠤᠷᠠᠨ ᠪᠦᠵᠢᠭ ᠤᠶᠠᠩᠭᠠᠳᠤ ᠡᠬᠡᠰᠢᠭ᠎ᠤᠨ ᠳᠤᠮᠳᠠ ᠴᠤᠭᠯᠠᠭᠠᠨ ᠬᠦᠷ ᠨᠠᠷᠬᠢᠶᠠᠨ ᠵᠢᠡᠷ ᠪᠢᠯᠬᠠᠵᠤ ᠪᠠᠢᠯ᠎ᠠ᠃

ᠮᠠᠯᠴᠢᠨ ᠵᠤᠬᠢᠶᠠᠯᠴᠢ ᠪᠢ᠊·ᠪᠤᠯᠤᠳᠰᠦ᠋ᠬᠡ ᠡᠴᠠ ᠲᠤᠰ ᠤᠲᠠᠭᠠᠨᠤ ᠠᠵᠢᠯᠯᠠᠭ᠎ᠠ᠎ᠶᠢ ᠵᠤᠬᠢᠶᠠᠨ ᠪᠠᠶ᠋ᠢᠭᠤᠯᠤᠭᠰᠠᠨ ᠤᠶᠤᠨᠴᠡᠴᠡᠭ ᠪᠠᠭᠰᠢ ᠪᠤᠯᠤᠨ ᠮᠠᠯᠴᠢᠨ ᠢᠷᠠᠭᠤ ᠨᠠᠶ᠋ᠢᠷᠠᠭᠴᠢ ᠲ·ᠰᠡᠴᠡᠨᠬᠤᠸᠠᠷᠲᠤ᠌ ᠨᠣᠮ᠎ᠢᠶᠠᠨ ᠬᠦᠷᠭᠡᠨ᠎ᠡ
ᠮᠠᠯᠴᠢᠨ ᠵᠤᠬᠢᠶᠠᠯᠴᠢ ᠲ·ᠰᠡᠴᠡᠨᠬᠤᠸᠠᠷ ᠭᠤᠤᠯᠯᠠᠠ᠂ ᠤᠶᠤᠨᠴᠡᠴᠡᠭ ᠪᠠᠭᠰᠢ ᠲᠠᠢ ᠬᠠᠮᠲᠤᠷᠠᠨ 《ᠨᠣᠮ᠎ᠤᠨ ᠬᠠᠨᠢᠲᠠᠳ》 ᠤ᠋ᠨ ᠴᠤᠭᠯᠠᠭᠠᠨ ᠡᠷᠬᠢᠯᠡᠵᠣ᠂ ᠬᠤᠰᠢᠭᠤ ᠨᠤᠲᠤᠭ᠎ᠤᠨ᠎ᠢᠶᠠᠨ ᠤᠷᠠᠨ ᠪᠦᠲᠤᠭᠡᠯᠴᠢᠳᠢ ᠪᠠᠶᠠᠰᠬᠠᠬᠤ ᠰᠠᠶ᠋ᠢᠬᠠᠨ ᠠᠵᠢᠯᠯᠠᠭ᠎ᠠ ᠪᠠᠷᠠᠭᠤᠨ᠎ᠠ ᠲᠠᠰᠢᠬᠤ ᠠᠯᠲᠠᠨ ᠨᠠᠷᠠᠨ᠎ᠤ ᠤᠯᠠᠪᠢᠷ ᠲᠤᠶᠠᠭ᠎ᠠ᠎ᠶᠢ ᠵᠠᠪᠲᠤᠵᠤ᠂ ᠰᠢᠯᠢ ᠵᠢᠨ ᠭᠤᠤᠯ ᠠᠢᠮᠠᠭ᠎ᠤᠨ ᠬᠦᠪᠡᠬᠡᠳᠤ ᠰᠢᠷ᠎ᠠ ᠬᠤᠰᠢᠭᠤᠨ᠎ᠤ ᠰᠢᠨᠡᠪᠣᠯᠠᠭ ᠪᠠᠯᠭᠠᠰᠤᠨ᠎ᠳᠤ ᠤᠳᠬ᠎ᠠ ᠲᠡᠬᠦᠯᠳᠡᠷ ᠶᠠᠪᠤᠭᠳᠠᠪᠠ᠃ ᠴᠤᠭᠯᠠᠭᠠᠨ᠎ᠳᠤ᠂ ᠬᠦᠭᠡᠷᠤᠬᠥᠨ ᠴᠤᠪᠤᠭᠣ ᠬᠡᠤᠬᠡᠳ᠎ᠤᠳ ᠵᠢᠡᠷ ᠪᠦᠷᠢᠯᠳᠦᠭᠰᠡᠡ ᠮᠤᠷᠢᠨ ᠬᠤᠭᠤᠷ᠎ᠤᠨ ᠨᠠᠶ᠋ᠢᠷᠠᠯ ᠬᠦᠭᠵᠢᠮ᠎ᠤᠨ ᠬᠠᠪᠰᠤᠷᠤᠯ᠎ᠳᠤ ᠪᠢᠴᠢᠬᠠᠨ ᠲᠡᠮᠡᠤᠯᠤᠨ ᠨᠠᠶ᠋ᠢᠷᠠᠭ ᠰᠢᠯᠤᠭ᠌᠎ᠢᠶᠠᠷ ᠴᠤᠭᠯᠠᠭᠠᠨ ᠤ᠋ ᠬᠦᠰᠢᠬᠡ ᠵᠢ ᠢᠷᠠᠵᠤ᠂ ᠰᠤ·ᠪᠠᠭᠠᠲᠤᠷ 《ᠲᠡᠯᠭᠡᠷᠡᠬᠥ᠌ ᠵᠠᠶᠠᠭ᠎ᠠ ᠲᠠᠢ ᠡᠬᠡ ᠤᠷᠤᠨ》 ᠠᠶ᠎ᠠ ᠲᠠᠭᠤᠤ ᠪᠡᠨ ᠡᠷᠬᠦᠨ ᠪᠠᠷᠢᠬᠰᠠᠠ ᠪᠠᠢᠨ᠎ᠠ᠃

ᠬᠠᠮᠲᠤ᠎ᠶᠢᠨ ᠰᠡᠬᠥᠲᠡᠷ ᠲᠠᠲᠠᠭᠤᠯᠵᠤ ᠲᠤᠷᠠᠰᠬᠠᠯ ᠦᠯᠡᠲᠡᠭᠡᠨᠡ
ᠲᠤᠰ ᠤᠲᠠᠭᠠᠨᠤ ᠠᠵᠢᠯᠯᠠᠭ᠎ᠠ ᠨᠢ ᠰᠤᠶᠤᠯ ᠴᠡᠩᠭᠡᠬᠥᠨᠦ ᠴᠢᠯᠤᠭᠡᠲᠣ ᠬᠡᠯᠪᠡᠷᠢ᠎ᠪᠡᠷ ᠶᠠᠪᠤᠭᠲᠠᠭᠰᠠᠨ ᠴᠤ᠌ ᠲᠤᠮᠲᠠᠲᠤ᠎ᠶᠢᠨ ᠦᠨᠲᠤᠰᠤᠲᠡᠨᠤ ᠬᠠᠮᠲᠤ᠎ᠶᠢᠨ ᠴᠤᠭᠴᠠ᠎ᠶᠢᠨ ᠤᠬᠠᠮᠰᠠᠷ᠎ᠢ ᠪᠠᠲᠤ᠌ ᠴᠤᠭᠴᠠᠯᠠᠬᠤ ᠭᠤᠣᠯ ᠰᠡᠲᠤᠪ᠎ᠦᠨ ᠲᠤᠭᠤᠷᠢᠨ᠎ᠳᠤ ᠦᠪᠡᠷ ᠦᠪᠡᠷᠰᠡᠳ᠎ᠦᠨ ᠤᠷ᠎ᠠ ᠠᠪᠢᠶᠠᠰ᠎ᠢᠶᠠᠨ ᠭᠠᠶ᠋ᠢᠬᠠᠭᠤᠯᠬᠤ ᠲᠠᠪᠴᠠᠩ ᠪᠤᠯᠵᠤ᠂ ᠤᠶᠠᠩᠭ᠎ᠠ ᠰᠢᠯᠤᠭ᠌᠎ᠢᠶᠠᠨ ᠡᠷᠬᠥᠬᠥ᠌᠂ ᠠᠶᠠᠯᠭᠤ ᠲᠠᠭᠤᠤ᠎ᠪᠠᠨ ᠪᠠᠷᠢᠬᠤ᠂ ᠦᠭᠬᠥᠭᠲᠡᠭᠰᠡᠨ ᠦᠭᠡ᠎ᠶᠢᠨ ᠤᠳᠬ᠎ᠠ᠎ᠶᠢ ᠪᠠᠷᠢᠵᠤ ᠬᠤᠶᠠᠷᠬᠠᠨ ᠮᠢᠨᠦ᠋ᠲ ᠢ᠋ ᠵᠠᠪᠲᠤᠵᠤ ᠤᠣᠯ ᠦᠭᠡ᠎ᠶᠢ ᠤᠷᠤᠭᠤᠯᠤᠭᠰᠠᠨ ᠨᠢᠭᠡ ᠪᠠᠳᠠᠭ ᠰᠢᠯᠤᠭ᠌ ᠤᠶᠠᠩᠭᠠᠯᠠᠬᠤ ᠡᠰᠡᠬᠥᠯᠡ ᠬᠤᠶᠡᠷ ᠦᠭᠡ᠎ᠶᠢᠨ ᠤᠳᠬ᠎ᠠ ᠰᠠᠨᠠᠭ᠎ᠠ᠎ᠶᠢ ᠦᠵᠡᠭᠲᠡᠵᠥ᠍ ᠪᠠᠷᠢᠬᠳᠠᠮᠠᠷ ᠠᠮᠢᠲᠤᠯᠢᠭ ᠰᠠᠶ᠋ᠢᠬᠠᠨ ᠲᠦᠷᠰᠤᠯᠡᠵᠤ᠂ ᠤᠤᠯ ᠦᠭᠡ᠎ᠶᠢ ᠬᠡᠯᠡᠵᠤ ᠭᠠᠷᠭᠠᠬᠤ ᠮᠡᠲᠤ᠌᠎ᠶᠢᠨ ᠨᠠᠭᠠᠲᠤᠮ ᠲᠤᠭᠯᠠᠭᠠᠮ ᠪᠦᠬᠦᠢ ᠠᠯᠢ ᠤᠯᠠᠨ ᠪᠠᠶᠠᠯᠢᠭ ᠠᠭᠤᠯᠭ᠎ᠠ ᠪᠠᠷ ᠶᠠᠪᠤᠭᠳᠠᠵᠠᠢ᠃ ᠡᠬᠦᠨ ᠡᠴᠨ ᠭᠠᠳᠠᠨ᠎ᠠ ᠳᠠᠯ᠎ᠠ᠎ᠶᠢᠨ ᠳᠠᠪᠠᠭ᠎ᠠ᠎ᠶᠢ ᠲᠠᠪᠠᠵᠤ ᠨᠠᠶᠠ ᠵᠢᠨ ᠪᠠᠷ᠎ᠠ ᠵᠢ ᠬᠠᠷᠠᠵᠤ ᠶᠠᠪᠤᠭ᠎ᠠ ᠨᠠᠰᠤᠲᠠᠢ ᠪᠤᠭᠤᠷᠤᠯ ᠤᠷᠠᠨ ᠪᠦᠲᠤᠭᠡᠯᠴᠢᠳ ᠲᠡᠬᠡᠨ ᠲᠤᠷᠠᠰᠬᠠᠯ᠎ᠤᠨ ᠪᠡᠯᠡᠭ ᠭᠠᠷᠲᠠᠭᠤᠯᠵᠤ᠂ᠬᠤᠷᠠᠭᠰᠠᠠ ᠤᠯᠠᠨ ᠵᠢᠠᠨ ᠪᠠᠶᠠᠰᠬᠠᠵᠤ ᠰᠠᠭᠤᠯ᠎ᠠ᠃ ᠢᠯᠠᠩᠭᠤᠶ᠎ᠠ ᠦᠶ᠎ᠡ ᠦᠶ᠎ᠡ ᠬᠠᠷᠠᠩᠭᠤᠶ᠋ᠢᠯᠠᠬᠤ ᠴᠠᠰᠤᠨ ᠰᠢᠭᠤᠷᠭ᠎ᠠ ᠦᠨᠵᠢᠬᠥᠲᠡ ᠬᠤᠨᠤᠭᠤᠳᠠ᠎ᠪᠠᠷ ᠦᠷᠬᠥᠯᠵᠢᠯᠡᠬᠥᠳᠦ ᠴᠠᠰᠤᠨ᠎ᠤ ᠴᠢᠬᠢᠭ ᠮᠦᠩᠬᠥᠨ ᠡᠪᠤᠯ᠎ᠤᠨ ᠭᠠᠶ᠋ᠢᠬᠠᠮᠰᠢᠭ᠎ᠢ ᠮᠡᠲᠡᠷᠡᠬᠥᠯᠵᠤ ᠪᠠᠶ᠋ᠢᠮᠠᠷᠬᠠᠨ ᠮᠠᠯᠴᠢᠨ ᠪᠢᠳᠠᠨ᠎ᠤ ᠰᠡᠳᠬᠢᠯ᠎ᠳᠦ ᠨᠢᠭᠡ ᠯᠠ ᠠᠶᠠᠳᠠᠢᠬᠠᠨ ᠪᠠᠶ᠋ᠢᠪᠠ᠃

ᠨᠠᠰᠤᠲᠠᠢ ᠪᠤᠭᠤᠷᠤᠯ ᠤᠷᠠᠨ ᠪᠦᠲᠤᠭᠡᠯᠴᠢᠳ ᠲᠡᠬᠡᠨ ᠲᠤᠷᠠᠰᠬᠠᠯ᠎ᠤᠨ ᠪᠡᠯᠡᠭ ᠭᠠᠷᠳᠠᠭᠤᠯᠤᠨ᠎ᠠ
《ᠨᠣᠮ᠎ᠤᠨ ᠬᠠᠨᠢᠲᠠᠳ》 ᠤ᠋ᠨ ᠴᠤᠭᠯᠠᠭᠠᠨ ᠳ᠋ᠤ ᠤᠴᠠᠷᠠᠨ ᠵᠤᠯᠭᠠᠬᠤ᠎ᠶᠢᠨ ᠢᠷᠤᠭᠡᠯ ᠲᠠᠢ ᠬᠤᠰᠢᠭᠤ ᠨᠤᠲᠤᠭ᠎ᠤᠨ ᠠᠬᠠᠮᠠᠳ ᠢᠲᠡᠷ ᠵᠠᠯᠠᠭᠤ 《ᠭᠤᠷᠪᠠᠨ ᠦᠶ᠎ᠡ》 ᠵᠢᠨ 60 ᠭᠠᠷᠤᠢ ᠤᠷᠠᠨ ᠪᠦᠲᠤᠭᠡᠯᠴᠢ ᠢᠲᠡᠪᠬᠢᠯᠡᠨ ᠤᠷᠤᠯᠴᠠᠵᠤ᠂ ᠤᠷᠠᠨ ᠪᠦᠳᠤᠬᠡᠯ ᠵᠢᠡᠷ ᠵᠢᠠᠨ ᠰᠠᠳᠬᠢᠯ ᠰᠠᠨᠠᠭ᠎ᠠ ᠪᠡᠨ ᠰᠤᠯᠢᠯᠴᠠᠵᠤ᠂ ᠨᠠᠢᠷᠠᠭ ᠰᠢᠯᠦᠭ᠎ᠤᠨ ᠤᠷᠠᠨ ᠦᠬᠡᠰ ᠬᠦᠮᠤᠰ᠎ᠤᠨ ᠰᠡᠳᠬᠢᠯ᠎ᠳᠤ ᠬᠦᠷᠬᠦ᠎ᠳᠤ ᠦᠶ᠎ᠠ ᠦᠶ᠎ᠠ ᠠᠯᠠᠭ᠎ᠠ ᠲᠠᠰᠢᠯᠳᠠ ᠨᠢᠵᠢᠬᠢᠨᠡᠨᠠ᠃ 《ᠡᠨᠡ ᠤᠳᠠᠭᠠᠨ᠎ᠤ ᠠᠵᠢᠯᠯᠠᠭ᠎ᠠ ᠵᠢ ᠵᠤᠬᠢᠶᠠᠨ ᠪᠠᠶ᠋ᠢᠭᠤᠯᠤᠭᠰᠠᠠ ᠬᠤᠶᠠᠷ ᠪᠦᠰᠡᠬᠦᠢ ᠳ᠋ᠡᠬᠡᠨ ᠮᠠᠰᠢ ᠪᠠᠶᠠᠷᠯᠠᠵᠤ ᠪᠠᠢᠨ᠎ᠠ᠂ 5 ᠡᠳᠤᠷ᠎ᠤᠨ ᠠᠵᠢᠯᠯᠠᠭ᠎ᠠ ᠪᠡᠷ ᠲᠠᠮᠵᠢᠨ ᠤᠯᠠᠨ ᠮᠠᠯᠴᠢᠨ ᠢᠷᠠᠭᠤ ᠨᠠᠢᠷᠠᠭᠴᠢ ᠨᠠᠷ ᠲᠠᠢ ᠪᠢᠯᠢᠭ ᠤᠬᠠᠭᠠᠨ ᠵᠢᠠᠨ ᠰᠤᠷᠢᠵᠤ᠂ ᠵᠠᠯᠠᠭᠤᠴᠤᠳᠡᠴᠨ ᠤᠯᠠᠨ ᠵᠤᠢᠯ᠎ᠢ ᠤᠯᠵᠤ ᠰᠤᠷᠤᠯ᠎ᠠ᠂ ᠲᠠᠷᠠᠴᠢᠯᠠᠨ ᠨᠠᠭᠠᠳᠤᠮ ᠳᠤᠭᠯᠠᠭᠠᠮ᠎ᠤᠨ ᠳᠤᠮᠳᠠ ᠪᠠᠶᠠᠷ ᠬᠦᠷ ᠲᠠᠢ ᠬᠡᠳᠤᠨ ᠡᠳᠤᠷ᠎ᠢ ᠦᠩᠬᠡᠷᠡᠬᠦᠯᠤᠯᠠ》 ᠬᠡᠵᠤ ᠵᠢᠷᠠᠨ ᠨᠠᠰᠤᠳᠠᠢ ᠤᠷᠤᠯᠴᠠᠭᠴᠢ ᠰᠡᠳᠬᠢᠯ᠎ᠤᠨ ᠦᠬᠡ ᠪᠡᠨ ᠲᠠᠯᠬᠡᠨᠠ᠃

ᠱᠠᠩᠨᠠᠯ ᠤᠯᠭᠤᠵᠣ ᠪᠠᠶ᠋ᠢᠭ᠎ᠠ ᠨᠢ
ᠤᠩᠭᠤᠨ ᠠᠭᠤᠯᠠ ᠰᠤᠮᠣ᠎ᠶᠢᠨ ᠠᠷᠤ ᠱᠠᠤᠲᠣ ᠭᠠᠴᠠᠭ᠎ᠠ᠎ᠪᠠᠷ ᠨᠤᠲᠤᠭ ᠲᠠᠢ ᠮᠠᠯᠴᠢᠨ ᠪᠦᠰᠡᠬᠥᠢ ᠲ·ᠰᠡᠴᠡᠨᠬᠤᠸᠠᠷ ᠪᠤᠯ 《ᠲᠤᠭᠤᠯ ᠬᠠᠷᠢᠭᠤᠯᠤᠭᠰᠠᠨ ᠴᠤ᠌ ᠲᠤᠭ ᠪᠠᠷᠢᠨ᠎ᠡ》 ᠭᠡᠲᠡᠭ ᠰᠢᠭ ᠬᠦᠳᠡᠭᠡ ᠨᠤᠲᠤᠭ᠎ᠤᠨ ᠬᠠᠷ᠎ᠠ ᠪᠤᠷᠣ ᠠᠵᠢᠯ᠎ᠤᠨ ᠵᠢᠠᠨ ᠵᠠᠪᠰᠠᠷ ᠡᠴᠠ ᠦᠤᠷ ᠦᠲᠡᠰᠢ᠎ᠶᠢᠨ ᠴᠢᠯᠤᠭᠡ ᠵᠠᠢ᠎ᠶᠢ ᠪᠦᠷᠢᠨ ᠠᠰᠢᠭᠯᠠᠵᠤ᠂ ᠮᠠᠯᠵᠢᠬᠤ ᠤᠶ᠋ᠢᠯᠠᠳᠪᠤᠷᠢᠯᠡᠯᠠᠮᠢᠲᠤᠷᠠᠯᠤᠨᠢᠶᠡᠨᠤᠶ᠋ᠢᠯᠡ ᠮᠦᠷ᠎ᠢ ᠦᠵᠤᠭ᠌ ᠪᠢᠷᠵᠢᠡᠷ ᠵᠢᠠᠨ ᠬᠠᠷᠠᠭᠤᠯᠬᠤ ᠵᠢ ᠪᠠᠶᠠᠷ ᠵᠢᠷᠭᠠᠯᠠᠩ ᠪᠤᠯᠭᠠᠵᠤ ᠶᠠᠪᠤᠳᠠᠭ᠎ᠤᠨ ᠨᠢᠭᠡ ᠶᠤᠮ᠃ ᠲᠡᠷᠡ ᠪᠡᠷ ᠤᠲᠤ᠌ ᠪᠣᠯᠬᠤ᠎ᠳᠤ 《ᠦᠨᠢᠷ ᠴᠡᠴᠡᠭ》᠂ 《ᠴᠤᠯᠮᠤᠨ》᠂ 《ᠰᠢᠯᠢ᠎ᠶᠢᠨ ᠭᠤᠣᠯ》 ᠵᠡᠷᠭᠡ ᠰᠡᠳᠬᠥᠯ᠎ᠢᠶᠠᠷ ᠲᠠᠪᠢᠭᠠᠳ ᠪᠦᠲᠤᠭᠡᠯ᠎ᠢᠶᠠᠨ ᠨᠠᠶ᠋ᠢᠲᠡᠯᠡᠬᠥᠯᠵᠤ ᠪᠠᠶ᠋ᠢᠭ᠎ᠠ ᠶᠤᠮ᠃ ᠲᠡᠷᠡ ᠮᠦᠷᠲᠡᠭᠡᠨ 《ᠦᠪᠡᠷ᠎ᠢᠶᠡᠨ ᠪᠢ ᠵᠢᠷᠤᠭᠠᠴᠢ ᠶᠤᠮ》᠂ 《ᠦᠬᠢᠨ ᠮᠢᠨᠢ ᠴᠢ ᠮᠢᠨᠤ ᠦᠷᠬᠥᠯᠵᠢᠯᠡᠯ》᠂ 《ᠰᠦ ᠦᠨᠤᠷᠲᠤᠭ᠌ᠰᠡᠨ ᠬᠠᠶ᠋ᠢᠷ᠎ᠠ᠎ᠶᠢᠨ ᠲᠡᠭᠷᠢ》᠂ 《ᠭᠠᠭᠴᠠ ᠤᠯᠠᠭᠠᠨ ᠰᠠᠷᠭᠠᠢ》᠂ 《ᠦᠪᠡᠷ᠎ᠢᠶᠡᠨ ᠪᠢ ᠬᠠᠶ᠋ᠢᠷ᠎ᠠ ᠶᠤᠮ》 ᠵᠡᠷᠭᠡ 20 ᠰᠢᠬᠠᠮ ᠪᠦᠲᠤᠭᠡᠯᠢᠶᠠᠷᠢᠶᠠᠨ ᠤᠷᠤᠨ ᠠᠶ᠋ᠢᠮᠠᠭ ᠲᠡᠷᠡᠴᠢᠯᠡᠨ ᠪᠦᠬᠥ᠌ ᠤᠯᠤᠰ᠎ᠤᠨ ᠬᠡᠪᠴᠢᠶᠠᠨ᠎ᠳᠤ ᠶᠠᠪᠤᠭᠲᠠᠭᠰᠠᠨ ᠢᠷᠠᠭᠤ ᠨᠠᠶ᠋ᠢᠷᠠᠭ᠎ᠤᠨ ᠶᠡᠬᠡ ᠪᠠᠭ᠎ᠠ ᠤᠷᠤᠯᠲᠤᠭᠠᠨ ᠲᠡᠮᠡᠴᠡᠭᠡᠨ ᠵᠢᠡᠷ ᠲᠦᠷᠤᠬᠥᠤ ᠭᠤᠷᠪᠠ᠎ᠳᠤ 10 ᠭᠠᠷᠤᠢ ᠤᠳᠠᠭ᠎ᠠ ᠲᠤᠲᠤᠷᠠᠵᠤ᠂ ᠠᠯᠲᠠᠷ ᠨᠡᠷ᠎ᠡ᠎ᠪᠠᠨ ᠮᠦᠩᠬᠡᠯᠡᠬᠥ᠌ ᠠᠪᠢᠶᠠᠰ ᠪᠢᠯᠢᠭ᠎ᠲᠠᠢ ᠰᠤᠷᠢᠭ᠎ᠠ ᠴᠢᠩᠭ᠎ᠠ ᠢᠷᠠᠭᠤ ᠨᠠᠶ᠋ᠢᠷᠠᠭᠴᠢ᠎ᠶᠢᠨ ᠨᠢᠭᠡ ᠪᠣᠯᠬᠤ ᠶᠤᠮ᠃

《ᠨᠣᠮ᠎ᠤᠨ ᠭᠡᠷᠡᠯ》ᠨᠤᠮ ᠤᠩᠰᠢᠬᠤ ᠤᠯᠠᠨ ᠨᠡᠶ᠋ᠢᠲᠡ᠎ᠶᠢᠨ ᠲᠠᠪᠴᠠᠩ᠎ᠢ ᠡᠷᠬᠢᠯᠡᠵᠤ ᠪᠠᠢᠭ᠎ᠠ 7 ᠪᠦᠰᠡᠬᠥᠢ ᠡᠴᠠ 《ᠲᠡᠪᠡᠯ》 ᠬᠡᠮᠡᠬᠥ᠌ ᠰᠢᠯᠤᠭ᠌᠎ᠢᠶᠠᠨ ᠤᠶᠠᠩᠭᠠᠯᠠᠵᠤ ᠪᠠᠶ᠋ᠢᠭ᠎ᠠ ᠨᠢ
ᠤᠶᠤᠨᠴᠡᠴᠡᠭ ᠪᠠᠭᠰᠢ ᠪᠣᠯ ᠬᠦᠪᠡᠭᠡᠲᠤ᠌ ᠰᠢᠷ᠎ᠠ ᠬᠤᠰᠢᠭᠤᠨ᠎ᠤ ᠶᠠᠷᠤᠩᠬᠡᠶ᠋ᠢᠯᠡᠭᠰᠡᠨ ᠲᠡᠭᠡᠲᠤ᠌ ᠵᠡᠷᠭᠡ᠎ᠶᠢᠨ ᠲᠤᠮᠲᠠᠲᠤ᠌ ᠰᠤᠷᠭᠠᠭᠤᠯᠢ᠎ᠶᠢᠨ ᠮᠤᠩᠭᠤᠯ ᠬᠡᠯᠡᠨ᠎ᠦ ᠬᠢᠴᠢᠶᠡᠯ ᠲᠦᠷᠤᠯ᠎ᠤᠨ ᠭᠤᠤᠯᠯᠠᠭᠴᠢ ᠪᠠᠭᠰᠢ᠎ᠶᠢᠨ ᠨᠢᠭᠡ ᠪᠤᠯᠬᠤ ᠶᠤᠮ᠃ ᠤᠷᠤᠨ ᠠᠶ᠋ᠢᠮᠠᠭ᠎ᠤᠨ ᠲᠡᠰ᠎ᠦᠨ《ᠰᠢᠯᠢᠲᠡᠭ ᠪᠠᠭᠰᠢ》᠂《ᠵᠢᠭᠠᠨ ᠰᠤᠷᠭᠠᠬᠤ ᠴᠢᠲᠠᠪᠤᠷᠢᠲᠠᠨ》᠂ 《5·1》 ᠤ᠋ ᠬᠦᠲᠡᠯᠮᠤᠷᠢ᠎ᠶᠢᠨ ᠱᠠᠩᠨᠠᠯ᠎ᠤᠨ ᠮᠸᠳᠠᠯ ᠬᠦᠷᠲᠡᠭᠴᠢ ᠵᠡᠷᠭᠡ᠎ᠶᠢᠨ ᠠᠯᠢ ᠤᠯᠠᠨ ᠢᠷᠠᠭᠤ ᠠᠯᠲᠠᠷ᠎ᠢᠶᠠᠷ ᠡᠩᠭᠡᠷ᠎ᠢᠶᠠᠨ ᠮᠢᠯᠢᠶᠠᠯᠭᠠᠵᠤ ᠶᠠᠪᠤᠭᠰᠠᠨ ᠶᠤᠮ᠃ ᠢᠯᠠᠩᠭᠤᠶ᠎ᠠ 2011 ᠤᠨ ᠡᠴᠠ ᠨᠠᠭᠠᠰᠢ᠂ ᠪᠦᠬᠥ᠌ ᠤᠯᠤᠰ᠎ᠤᠨ ᠮᠤᠩᠭᠤᠯ ᠬᠡᠯᠡ ᠪᠢᠴᠢᠭ᠎ᠦᠨ ᠵᠢᠭᠠᠬᠤ ᠮᠠᠲᠸᠷᠢᠶᠡᠯᠢ ᠬᠢᠨᠠᠬᠤ ᠬᠤᠷᠠᠯ᠎ᠳᠤ 4 ᠤᠳᠠᠭ᠎ᠠ ᠲᠤᠰᠬᠠᠢ ᠮᠡᠷᠭᠡᠵᠢᠯᠲᠡᠨ ᠵᠢᠡᠷ ᠤᠷᠢᠭᠲᠠᠨ ᠤᠷᠤᠯᠴᠠᠵᠤ᠂ ᠪᠤᠰᠤᠳ ᠲᠠᠢ ᠬᠠᠮᠲᠤ᠌ ᠪᠦᠬᠥ᠌ ᠤᠷᠤᠨ᠎ᠤ ᠮᠤᠩᠭᠤᠯ᠎ᠢᠶᠠᠷ ᠬᠢᠴᠢᠶᠡᠯᠯᠡᠬᠥ᠌ ᠲᠡᠭᠡᠲᠤ᠌ ᠵᠡᠷᠭᠡ᠎ᠶᠢᠨ ᠲᠤᠮᠲᠠᠲᠤ᠌ ᠰᠤᠷᠭᠠᠭᠤᠯᠢ᠎ᠶᠢᠨ ᠰᠤᠷᠤᠭᠴᠢᠳ᠎ᠤᠨ ᠶᠡᠷᠤᠩᠬᠡᠢ ᠲᠠᠪᠲᠠᠯᠭ᠎ᠠ᠎ᠳᠤ ᠵᠤᠷᠢᠭᠤᠯᠤᠭᠰᠠᠨ 《ᠬᠡᠯᠡ ᠪᠢᠴᠢᠭ᠎ᠦᠨ ᠮᠡᠳᠡᠯᠬᠡ ᠴᠢᠲᠠᠪᠤᠷᠢ᠎ᠶᠢᠨ ᠶᠡᠷᠤᠩᠬᠡᠢ ᠰᠤᠷᠢᠯᠲᠠ》 ᠬᠡᠮᠡᠬᠥ᠌ ᠨᠣᠮ᠎ᠢ ᠨᠠᠶ᠋ᠢᠷᠠᠭᠤᠯᠤᠨ ᠬᠡᠪᠯᠡᠬᠥᠯᠤᠭ᠌ᠰᠡᠨ ᠡᠴᠠ ᠭᠠᠳᠠᠨ᠎ᠠ 《ᠬᠤᠨ ᠭᠠᠯᠠᠭᠤ》᠂ 《ᠰᠢᠯᠢ᠎ᠶᠢᠨ ᠭᠤᠣᠯ》᠂ 《ᠵᠢᠷᠢᠮ᠎ᠦᠨ ᠤᠷᠠᠨ ᠵᠤᠬᠢᠶᠠᠯ》᠂ 《ᠴᠤᠮᠤᠷᠯᠢᠭ》᠂《ᠦᠪᠤᠷ ᠮᠤᠩᠭᠤᠯ᠎ᠤᠨ ᠰᠤᠷᠭᠠᠨ ᠬᠦᠮᠤᠵᠢᠯ》 ᠵᠡᠷᠭᠡ ᠰᠡᠳᠬᠥᠯ᠎ᠢᠶᠡᠷ ᠤᠷᠠᠨ ᠵᠤᠬᠢᠶᠠᠯ᠂ ᠲᠤᠰᠬᠠᠢ ᠠᠵᠢᠯ᠎ᠤᠨ ᠦᠬᠥᠯᠡᠯ ᠵᠢᠠᠨ ᠨᠡᠶ᠋ᠢᠲᠡᠯᠡᠬᠥᠯᠵᠤ᠂ ᠪᠢᠴᠢᠵᠤ ᠵᠢᠷᠤᠬᠤ ᠲᠠᠯ᠎ᠠ᠎ᠪᠠᠷ 《ᠪᠢᠯᠢᠭ᠎ᠦᠨ ᠤᠩᠭᠣᠳ》 ᠲᠠᠢ ᠬᠦᠮᠤᠨ᠎ᠤ ᠨᠢᠭᠡ ᠪᠤᠯᠬᠤ ᠶᠤᠮᠰᠠᠨ᠃
《ᠵᠠᠶᠠᠭ᠎ᠠ ᠰᠠᠶ᠋ᠢᠲᠤᠶᠢᠨ ᠵᠠᠮ ᠨᠢ ᠨᠢᠭᠡ》 ᠭᠡᠲᠡᠭ᠎ᠢᠶᠡᠷ ᠡᠨᠡ ᠬᠥ᠌ ᠠᠵᠢᠯᠯᠠᠭ᠎ᠠ᠎ᠳᠤ ᠢᠳᠡᠷ ᠵᠠᠯᠠᠭᠤ ᠵᠤᠬᠢᠶᠠᠯᠴᠢ᠂ ᠤᠷᠠᠯᠢᠬᠴᠢᠨ᠂ ᠦᠵᠤᠭ᠌ ᠨᠢᠭᠡᠲᠡᠳ ᠠᠬᠠᠮᠠᠳ ᠪᠤᠭᠤᠷᠤᠯᠴᠤᠳ᠎ᠢᠶᠠᠷ ᠲᠠᠭᠤᠷᠢᠶᠠᠯ ᠪᠤᠯᠭᠠᠵᠤ᠂ ᠰᠢᠯᠦᠭ ᠲᠠᠭᠤᠤ ᠵᠢᠨ ᠰᠤᠷᠢᠭ᠎ᠠ ᠨᠠᠢᠷ ᠴᠤᠭᠯᠠᠭᠠᠨ᠎ᠢ ᠨᠠᠩ ᠬᠦᠭᠵᠢᠶᠠᠨ ᠲᠠᠢ ᠪᠤᠯᠭᠠᠭᠰᠠᠠ ᠪᠠᠢᠨ᠎ᠠ᠃