ᠬᠠᠳᠤᠯᠠᠩ ᠤ᠋ᠨ ᠨᠠᠮᠤᠷ
2025-09-19 11:07:21
ᠵᠣᠬᠢᠶᠠᠭ᠍ᠴᠢ᠄
ᠼᠠᠢ ᠬᠤᠡᠭ᠂ ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

ᠰᠠᠯᠬᠢ ᠰᠦᠩᠬᠢᠨᠡᠬᠦ ᠡᠴᠡ ᠦᠭᠡᠷ᠎ᠠ ᠴᠢᠮᠡᠭᠡ ᠦᠭᠡᠢ ᠦᠷᠭᠡᠨ ᠠᠭᠤᠳᠠᠮ ᠲᠠᠯ᠎ᠠ ᠨᠤᠳᠤᠭ ᠲᠤ᠌ ᠦᠶᠡᠳᠦ ᠡᠪᠡᠰᠦ ᠲᠤᠯᠤᠭᠠᠢᠯᠠᠨ ᠦᠷᠡᠳᠦ ᠡᠪᠡᠰᠦ ᠴᠡᠴᠡᠭᠯᠡᠭᠰᠡᠨ ᠬᠠᠳᠤᠯᠠᠩ ᠤ᠋ᠨ ᠨᠠᠮᠤᠷ ᠰᠠᠭᠠᠳᠠᠵᠤ᠂ ᠦᠡᠭᠭᠡ ᠪᠤᠳᠤᠭ᠂ ᠦᠷ᠎ᠡ ᠵᠢᠮᠢᠰ᠂ ᠦᠨᠦᠷ ᠰᠠᠯᠬᠢ ᠪᠡᠷ ᠶ᠋ᠢᠡᠨ ᠬᠠᠳᠤᠯᠠᠩᠴᠢᠳ ᠤ᠋ᠨ ᠤᠷᠮᠠᠰ ᠢ᠋ ᠬᠦᠭᠵᠢᠭᠡᠨ᠎ᠠ᠃

ᠡᠨᠡ ᠵᠢᠯ ᠬᠤᠷ᠎ᠠ ᠪᠤᠷᠤᠭᠠᠨ ᠡᠯᠪᠡᠭ᠂ ᠡᠪᠡᠰᠦᠨ ᠤ᠋ ᠤᠷᠭᠤᠴᠠ ᠰᠠᠢᠨ ᠪᠤᠯᠬᠤᠷ 8 ᠰᠠᠷ᠎ᠠ ᠶ᠋ᠢᠨ ᠳᠤᠮᠳᠠᠴᠢ ᠡᠴᠡ ᠡᠬᠢᠯᠡᠨ ᠪᠦᠬᠦ ᠤᠷᠤᠨ ᠤ᠋ ᠡᠯ᠎ᠠ ᠭᠠᠵᠠᠷ ᠤ᠋ᠨ ᠮᠠᠯᠴᠢᠳ ᠤᠷᠢᠳ ᠬᠤᠵᠢᠳ ᠬᠠᠳᠤᠯᠠᠩ ᠳ᠋ᠠᠭᠠᠨ ᠭᠠᠷᠴᠠᠢ᠃

ᠰᠢᠯᠢ ᠶ᠋ᠢᠨ ᠭᠤᠤᠯ ᠠᠢᠮᠠᠭ ᠡᠨᠡ ᠵᠢᠯ ᠬᠠᠳᠤᠯᠠᠡᠭ ᠤ᠋ᠨ ᠠᠵᠢᠯ ᠶ᠋ᠢᠡᠨ ᠡᠷᠲᠡ ᠡᠴᠡ ᠪᠠᠢᠷᠢᠯᠠᠭᠤᠯᠵᠤ᠂ ᠡᠬᠢᠯᠡᠵᠦ ᠬᠠᠳᠤᠬᠤ ᠴᠠᠭ᠂ ᠡᠪᠡᠰᠦᠨ ᠤ᠋ ᠭᠤᠤᠷᠰᠤ ᠶ᠋ᠢ ᠬᠡᠳᠦᠢ ᠦᠨᠳᠦᠷ ᠦᠯᠡᠳᠡᠭᠡᠬᠦ᠂ ᠡᠪᠡᠰᠦᠨ ᠤ᠋ ᠦᠷ᠎ᠡ ᠶ᠋ᠢᠨ ᠪᠦᠰᠡ ᠵᠢ ᠶᠠᠭᠠᠬᠢᠵᠤ ᠦᠯᠡᠳᠡᠭᠡᠬᠦ ᠵᠡᠷᠭᠡ ᠶ᠋ᠢ ᠨᠠᠷᠢᠯᠢᠭ ᠳᠤᠭᠳᠠᠭᠠᠨ᠂ ᠡᠪᠡᠰᠦ ᠬᠠᠳᠤᠬᠤ ᠮᠠᠰᠢᠨ᠂ ᠬᠠᠮᠤᠬᠤ ᠮᠠᠰᠢᠨ᠂ ᠪᠤᠭᠤᠵᠢᠯᠠᠬᠤ ᠮᠠᠰᠢᠨ᠂ ᠬᠤᠷᠢᠶᠠᠵᠤ ᠳᠡᠭᠡᠭᠡᠬᠦ ᠮᠠᠰᠢᠨ ᠵᠡᠷᠭᠡ ᠤᠳᠤᠬᠢᠴᠢᠯᠠᠭᠰᠠᠨ ᠮᠠᠰᠢᠨ ᠲᠦᠬᠦᠭᠡᠷᠦᠮᠵᠢ ᠶ᠋ᠢ ᠢᠵᠢ ᠪᠦᠷᠢᠳᠦᠭᠦᠯᠦᠨ ᠬᠡᠷᠡᠭᠯᠡᠵᠦ᠂ 1500 ᠲᠦᠮᠡᠨ ᠮᠦ᠍ ᠶ᠋ᠢᠨ ᠲᠤᠭᠲᠠᠮᠠᠯ ᠬᠠᠳᠤᠯᠠᠡᠭ ᠶ᠋ᠢᠡᠨ ᠠᠪᠬᠤ ᠠᠵᠢᠯ ᠢ᠋ ᠡᠷᠴᠢᠮᠲᠡᠢ ᠶᠠᠪᠤᠭᠳᠠᠭᠤᠯᠪᠠ᠃

ᠵᠤᠨ ᠡᠴᠡ ᠨᠠᠭᠠᠰᠢ᠂ ᠰᠢᠯᠢ ᠶ᠋ᠢᠨ ᠭᠤᠤᠯ ᠠᠢᠮᠠᠭ ᠤ᠋ᠨ ᠶᠡᠬᠡᠡᠭᠬᠢ ᠭᠠᠵᠠᠷ ᠲᠦ᠍ ᠬᠤᠷ᠎ᠠ ᠪᠤᠷᠤᠭᠠᠨ ᠡᠯᠪᠡᠭ ᠲᠡᠡᠭᠴᠡᠭᠦᠬᠡᠨ ᠪᠠᠢᠵᠤ᠂ ᠪᠡᠯᠴᠢᠭᠡᠷ ᠡᠪᠡᠰᠦᠨ ᠤ᠋ ᠤᠷᠭᠤᠴᠠ ᠨᠡᠢᠳᠡᠮ ᠳ᠋ᠡᠭᠡᠨ ᠡᠩ ᠤ᠋ᠨ ᠵᠢᠯ ᠤ᠋ᠨ ᠬᠢ ᠡᠴᠡ ᠰᠠᠢᠨ ᠪᠠᠢᠯ᠎ᠠ᠃ ᠰᠢᠯᠢ ᠶ᠋ᠢᠨ ᠭᠤᠤᠯ ᠠᠢᠮᠠᠭ ᠤ᠋ᠨ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠡ ᠶ᠋ᠢᠨ ᠬᠢᠨᠠᠨ ᠬᠡᠮᠵᠢᠭᠰᠡᠨ ᠲᠤᠭ᠎ᠠ ᠪᠠᠷᠢᠮᠳᠠ ᠵᠢ ᠦᠨᠳᠦᠰᠤᠯᠡᠪᠡᠯ᠂ ᠪᠦᠬᠦ ᠠᠢᠮᠠᠭ ᠤ᠋ᠨ ᠪᠠᠢᠭᠠᠯᠢ ᠶ᠋ᠢᠨ ᠨᠤᠲᠤᠭ ᠪᠡᠯᠴᠢᠭᠡᠷ ᠤ᠋ᠨ ᠡᠪᠡᠰᠦ ᠨᠢ ᠳᠤᠮᠳᠠᠴᠢ ᠪᠡᠷ 15 ᠰᠠᠨᠲ᠋ᠢᠮᠧᠲ᠋ᠷ ᠦᠨᠳᠦᠷ ᠤᠷᠭᠤᠵᠤ᠂ ᠬᠠᠭᠤᠷᠠᠶ ᠡᠪᠡᠰᠦᠨ᠎ᠦ ᠤᠨᠠᠯᠲᠠ ᠨᠢ ᠮᠥ᠍ ᠪᠦᠷᠢ ᠳ᠋ᠡᠭᠡᠨ ᠳᠤᠮᠳᠠᠴᠢ ᠪᠡᠷ 53.72 ᠺᠢᠯᠣᠭ᠌ᠷᠠᠮ ᠳ᠋ᠦ ᠬᠦᠷᠴᠦ᠂ ᠡᠪᠡᠰᠦᠨ ᠤ᠋ ᠦᠨᠳᠦᠷ ᠤ᠋ᠨ ᠬᠡᠮᠵᠢᠶ᠎ᠠ᠂ ᠤᠷᠭᠤᠮᠠᠯ ᠤ᠋ᠨ ᠶᠡᠷᠦᠩᠬᠡᠢ ᠪᠦᠷᠬᠦᠴᠡ᠂ ᠬᠠᠭᠤᠷᠠᠢ ᠡᠪᠡᠰᠦᠨ ᠤ᠋ ᠤᠨᠠᠯᠲᠠ ᠵᠡᠷᠭᠡ ᠨᠢ ᠴᠦᠮ ᠤᠢᠷ᠎ᠡ ᠶ᠋ᠢᠨ ᠵᠢᠯ ᠤ᠋ᠨ ᠲᠤᠷᠰᠢᠬᠢ ᠶᠡᠬᠡ ᠰᠠᠢᠨ ᠲᠦᠪᠰᠢᠨ ᠳ᠋ᠦ ᠬᠦᠷᠴᠠᠢ᠃

ᠵᠢᠱ᠌ᠢᠯᠲᠡ ᠪᠡᠷ ᠰᠢᠯᠢ ᠶ᠋ᠢᠨ ᠭᠤᠤᠯ ᠠᠢᠮᠠᠭ ᠤ᠋ᠨ ᠨᠠᠮᠤᠷ ᠤ᠋ᠨ ᠬᠠᠳᠤᠯᠠᠡᠭ ᠤ᠋ᠨ ᠠᠵᠢᠯ 10 ᠰᠠᠷ᠎ᠠ ᠶ᠋ᠢᠨ ᠳᠤᠮᠳᠠᠴᠢ ᠪᠤᠯᠲᠠᠯ᠎ᠠ ᠦᠷᠬᠦᠯᠵᠢᠯᠡᠵᠦ᠂ ᠪᠠᠷᠤᠭ 13 ᠲᠦᠮᠡᠨ ᠳᠤᠨ ᠡᠪᠡᠰᠦ ᠨᠦᠭᠡᠴᠡᠯᠡᠨ᠂ ᠪᠦᠬᠦ ᠠᠢᠮᠠᠭ ᠤ᠋ᠨ ᠮᠠᠯ ᠠᠵᠤ ᠠᠬᠤᠢ ᠶ᠋ᠢᠨ ᠦᠷᠬᠦᠯᠵᠢᠯᠡᠨ ᠬᠦᠭᠵᠢᠬᠦ ᠪᠠ ᠮᠠᠯᠴᠢᠳ ᠤ᠋ᠨ ᠤᠷᠤᠯᠭ᠎ᠠ ᠵᠢ ᠨᠡᠮᠡᠭᠳᠡᠭᠦᠯᠬᠦ ᠳ᠋ᠦ ᠪᠠᠲᠤᠯᠠᠭ᠎ᠠ ᠬᠠᠡᠭᠭᠠᠬᠤ ᠪᠤᠯᠤᠨ᠎ᠠ᠃

ᠬᠠᠳᠤᠯᠠᠡᠭ ᠤ᠋ᠨ ᠬᠤᠭᠤᠴᠠᠭᠠᠨ ᠳ᠋ᠡᠬᠢ ᠠᠶᠤᠯᠬᠦᠢ ᠦᠢᠯᠡᠳᠪᠦᠷᠢᠯᠡᠯ ᠢ᠋ ᠪᠠᠲᠤᠯᠠᠬᠤ ᠶ᠋ᠢᠨ ᠲᠦᠯᠦᠭᠡ᠂ ᠰᠢᠯᠢ ᠶ᠋ᠢᠨ ᠭᠤᠤᠯ ᠠᠢᠮᠠᠭ ᠤ᠋ᠨ ᠡᠯ᠎ᠡ ᠭᠠᠵᠠᠷ ᠤ᠋ᠨ ᠬᠢᠨ ᠪᠠᠰᠠ ᠪᠠᠴᠢᠮ ᠪᠠᠢᠳᠠᠯ ᠢ᠋ ᠠᠷᠭᠠᠴᠠᠭᠠᠬᠤ ᠦᠢᠯᠡᠴᠢᠯᠡᠭᠡᠨ ᠤ᠋ ᠠᠡᠭᠬᠢ ᠵᠢ ᠵᠤᠬᠢᠶᠠᠨ ᠪᠠᠢᠭᠤᠯᠵᠤ᠂ ᠮᠠᠰᠢᠨ ᠲᠦᠬᠦᠭᠡᠷᠦᠮᠵᠢ ᠵᠢ ᠪᠠᠢᠴᠠᠭᠠᠨ ᠵᠠᠰᠠᠬᠤ᠂ ᠭᠠᠯ ᠤ᠋ᠨ ᠠᠶᠤᠯ ᠢ᠋ ᠰᠡᠷᠭᠡᠢᠯᠡᠬᠦ ᠠᠮᠤᠷ ᠲᠦᠪᠰᠢᠨ ᠤ᠋ ᠤᠬᠠᠭᠤᠯᠭ᠎ᠠ ᠵᠡᠷᠭᠡ ᠠᠵᠢᠯ ᠢ᠋ ᠪᠠᠢᠡᠭᠭᠤ ᠶ᠋ᠢᠨ ᠴᠢᠨᠠᠷᠲᠠᠢ ᠦᠷᠨᠢᠭᠦᠯᠪᠡ᠃

ᠬᠠᠳᠤᠯᠠᠡᠭ ᠬᠠᠳᠤᠯᠠᠡᠭ ᠡᠴᠡ ᠬᠦᠯᠦᠨ ᠪᠤᠢᠷ ᠤ᠋ᠨ ᠬᠠᠳᠤᠯᠠᠡᠭ ᠭᠡᠳᠡᠭ᠃ ᠠᠯᠳᠠᠨ ᠨᠠᠮᠤᠷ ᠤ᠋ᠨ ᠬᠦᠯᠦᠨ ᠪᠤᠢᠷ ᠤ᠋ᠨ ᠲᠠᠯ᠎ᠠ ᠨᠤᠳᠤᠭ ᠶ᠋ᠢᠡᠷ ᠬᠤᠯᠠ ᠶ᠋ᠢᠨ ᠬᠤᠯᠠ ᠬᠦᠷᠳᠡᠯ᠎ᠠ ᠵᠢᠭᠳᠡᠷᠡᠨ ᠬᠠᠷᠠᠭᠳᠠᠬᠤ ᠳᠤᠮᠤ ᠳᠤᠮᠤ ᠪᠤᠭᠤᠵᠢ ᠲᠠᠢ ᠡᠪᠡᠰᠦ ᠨᠤᠭᠦᠳ ᠨᠢ ᠬᠦᠭᠡ ᠲᠩᠷᠢ ᠬᠦᠪᠤᠩ ᠴᠠᠭᠠᠨ ᠡᠭᠦᠯᠡ ᠲᠠᠢ ᠦᠩᠭᠡ ᠨᠡᠢᠯᠡᠭᠡᠳ ᠤᠨᠴᠠ ᠶ᠋ᠢᠨ ᠭᠤᠢᠳᠠ ᠦᠵᠡᠮᠵᠢ ᠪᠤᠯᠳᠠᠭ᠃

ᠡᠨᠡ ᠵᠢᠯ ᠬᠦᠯᠦᠨ ᠪᠤᠢᠷ ᠤ᠋ᠨ ᠮᠠᠯᠴᠢᠳ 8 ᠰᠠᠷ᠎ᠠ ᠶ᠋ᠢᠨ 15 ᠤ᠋ ᠡᠳᠤᠷ ᠡᠴᠡ ᠬᠠᠳᠤᠯᠠᠩ ᠳ᠋ᠠᠭᠠᠨ ᠭᠠᠷᠴᠤ᠂ ᠡᠪᠡᠰᠦ ᠬᠠᠳᠤᠬᠤ ᠮᠠᠰᠢᠨ᠂ ᠬᠠᠮᠤᠬᠤ ᠮᠠᠰᠢᠨ᠂ ᠪᠤᠭᠤᠵᠢᠯᠠᠬᠤ ᠮᠠᠰᠢᠨ᠂ ᠬᠤᠷᠢᠶᠠᠵᠤ ᠲᠡᠭᠡᠭᠡᠬᠦ ᠮᠠᠰᠢᠨ ᠢ᠋ ᠦᠩ ᠦᠷᠭᠡᠨ ᠲᠠᠯ᠎ᠠ ᠨᠤᠳᠤᠭ ᠲᠤ᠌ ᠲᠦᠷᠴᠢᠬᠢᠨᠡᠭᠦᠯᠦᠨ᠂ ᠮᠠᠯ ᠶ᠋ᠢᠡᠨ ᠮᠡᠨᠳᠤ ᠤᠨᠳᠤᠷᠤᠭᠤᠯᠬᠤ ᠡᠪᠡᠰᠦ ᠪᠡᠨ ᠪᠠᠶᠠᠷ ᠪᠠᠶᠠᠰᠤᠯ ᠳᠠᠢ ᠨᠦᠭᠡᠴᠡᠯᠡᠵᠠᠢ᠃


QQ截图20250912101212.png


ᠬᠦᠯᠦᠨ ᠪᠤᠢᠷ

ᠬᠦᠯᠦᠨ ᠪᠤᠢᠷ ᠬᠤᠲᠠ ᠶ᠋ᠢᠨ ᠰᠢᠨ᠎ᠡ ᠪᠠᠷᠭᠤ ᠪᠠᠷᠠᠭᠤᠨ ᠬᠤᠰᠢᠭᠤᠨ ᠤ᠋ ᠪᠤᠭᠳᠠ ᠠᠭᠤᠯᠠ ᠰᠤᠮᠤ ᠵᠢᠨ ᠬᠠᠷᠠᠭᠤᠯ ᠭᠠᠴᠠᠭᠠᠨ ᠤ᠋ ᠮᠠᠯᠴᠢᠨ ᠹᠦ ᠴᠸᠡᠭ᠄

《ᠦᠡᠭᠭᠡᠷᠡᠭᠰᠡᠨ ᠵᠢᠯ ᠲᠠᠢ ᠬᠠᠷᠢᠴᠠᠭᠤᠯᠪᠠᠯ ᠡᠨᠡ ᠵᠢᠯ ᠤ᠋ᠨ ᠬᠠᠳᠤᠯᠠᠡᠭ ᠰᠠᠢᠨ᠂ ᠨᠢᠳᠤᠨᠤᠨ 10 ᠮᠦ᠍ ᠡᠴᠡ ᠨᠢᠭᠡ ᠲᠤᠮᠤ ᠪᠤᠭᠤᠵᠢ ᠡᠪᠡᠰᠦ ᠬᠠᠳᠤᠵᠤ ᠪᠠᠢᠭᠰᠠᠨ᠂ ᠡᠨᠡ ᠵᠢᠯ 6 — 7 ᠮᠦ᠍ ᠡᠴᠡ ᠨᠢᠭᠡ ᠲᠤᠮᠤ ᠪᠤᠭᠤᠵᠢ ᠡᠪᠡᠰᠦ ᠬᠤᠷᠢᠶᠠᠵᠤ᠂ ᠮᠠᠯ ᠤᠨᠤᠭ᠎ᠠ ᠪᠠᠨ ᠡᠪᠦᠯᠵᠢᠬᠦᠯᠬᠦ ᠲᠡᠵᠢᠭᠡᠯ ᠡᠪᠡᠰᠦ ᠪᠠᠨ ᠦᠯᠡᠳᠡᠭᠡᠪᠡᠯ ᠦᠯᠡᠳᠡᠭᠰᠡᠨ ᠢ᠋ ᠨᠢ ᠬᠤᠳᠠᠯᠳᠤᠭᠠᠳ ᠨᠢᠭᠡ ᠪᠦᠯᠦᠭ ᠤᠷᠤᠯᠭ᠎ᠠ ᠤᠯᠵᠤ ᠪᠤᠯᠤᠨ᠎ᠠ》᠃

ᠬᠦᠯᠦᠨ ᠪᠤᠢᠷ ᠤ᠋ᠨ ᠪᠠᠢᠭᠠᠯᠢ ᠵᠢᠨ ᠨᠤᠲᠤᠭ ᠪᠠᠯᠴᠢᠭᠡᠷ ᠤ᠋ᠨ ᠲᠠᠯᠠᠪᠠᠢ 1.5 ᠳ᠋ᠦᠡᠭᠰᠢᠭᠤᠷ ᠮᠦ᠍ ᠰᠢᠬᠠᠮ ᠳ᠋ᠦ ᠬᠦᠷᠴᠦ᠂ ᠬᠢᠶᠠᠭ᠂ ᠬᠢᠯᠭᠠᠨ᠎ᠠ ᠵᠡᠷᠭᠡ 120 ᠭᠠᠷᠤᠢ ᠵᠦᠢᠯ ᠤ᠋ᠨ ᠰᠦᠯ ᠰᠠᠢᠲᠠᠢ ᠡᠪᠡᠰᠦ ᠤᠷᠭᠤᠮᠠᠯ ᠲᠠᠢ ᠪᠠᠢᠳᠠᠭ᠃ ᠤᠢᠷ᠎ᠡ ᠶ᠋ᠢᠨ ᠵᠢᠯ ᠡᠴᠡ ᠬᠦᠯᠦᠨ ᠪᠤᠢᠷ ᠬᠤᠲᠠ ᠶ᠋ᠢᠨ ᠬᠢᠨ 《ᠬᠦᠯᠦᠨ ᠪᠤᠢᠷ ᠤ᠋ᠨ ᠨᠤᠲᠤᠭ ᠪᠡᠯᠴᠢᠭᠡᠷ ᠤ᠋ᠨ ᠬᠠᠮᠠᠭᠠᠯᠠᠯᠲᠠ ᠬᠢᠭᠡᠳ ᠪᠦᠲᠦᠭᠡᠨ ᠪᠠᠢᠭᠤᠯᠤᠯᠲᠠ ᠵᠢ ᠴᠢᠡᠭᠭᠠᠳᠬᠠᠬᠤ ᠲᠤᠬᠠᠢ ᠲᠤᠭᠲᠠᠭᠠᠯ》᠂ 《ᠬᠦᠯᠦᠨ ᠪᠤᠢᠷ ᠬᠤᠲᠠ ᠶ᠋ᠢᠨ ᠤᠢ ᠰᠢᠭᠤᠢ ᠨᠤᠳᠤᠭ ᠪᠡᠯᠴᠢᠭᠡᠷ ᠢ᠋ ᠰᠦᠢᠳᠭᠡᠭᠰᠡᠨ ᠠᠵᠢᠯᠯᠠᠭ᠎ᠠ ᠳ᠋ᠦ ᠴᠤᠬᠢᠯᠲᠠ ᠦᠭᠬᠦ ᠲᠤᠰᠬᠠᠢ ᠠᠵᠢᠯᠯᠠᠭ᠎ᠠ ᠵᠢ ᠬᠡᠷᠡᠭᠵᠢᠭᠦᠯᠬᠦ ᠲᠦᠰᠦᠯ》᠂ 《ᠬᠦᠯᠦᠨ ᠪᠤᠢᠷ ᠬᠤᠲᠠ ᠶ᠋ᠢᠨ ᠪᠡᠯᠴᠢᠭᠡᠷᠯᠡᠭᠦᠯᠬᠦ ᠵᠢ ᠴᠠᠭᠠᠵᠠᠯᠠᠬᠤ ᠪᠠ ᠮᠠᠯ ᠪᠡᠯᠴᠢᠭᠡᠷ ᠤ᠋ᠨ ᠲᠡᠡᠭᠴᠡᠭᠦᠷᠢ ᠵᠢ ᠪᠠᠲᠤᠯᠠᠬᠤ ᠬᠢᠨᠠᠯᠲᠠ ᠬᠠᠮᠢᠶᠠᠷᠤᠯᠲᠠ ᠶ᠋ᠢᠨ ᠬᠡᠷᠡᠭᠵᠢᠭᠦᠯᠬᠦ ᠠᠷᠭ᠎ᠠ》 ᠵᠡᠷᠭᠡ ᠤᠯᠠᠨ ᠵᠦᠢᠯ ᠤ᠋ᠨ ᠳᠦᠷᠢᠮ ᠲᠤᠭᠲᠠᠭᠠᠯ ᠢ᠋ ᠨᠡᠢᠲᠡᠯᠡᠬᠦ ᠶ᠋ᠢᠨ ᠬᠠᠮᠲᠤ᠂ ᠲᠠᠯ᠎ᠠ ᠨᠤᠲᠤᠭ ᠤ᠋ᠨ ᠠᠮᠢ ᠠᠬᠤᠢ ᠶ᠋ᠢᠨ ᠬᠠᠮᠠᠭᠠᠯᠠᠯᠲᠠ ᠶ᠋ᠢᠨ ᠨᠦᠬᠦᠪᠦᠷᠢ᠂ ᠲᠠᠴᠢᠷᠳᠠᠭᠰᠠᠨ ᠨᠤᠲᠤᠭ ᠪᠡᠯᠴᠢᠭᠡᠷ ᠢ᠋ ᠰᠡᠷᠭᠦᠭᠡᠬᠦ᠂ ᠬᠠᠪᠤᠷ ᠤ᠋ᠨ ᠤᠯᠠᠷᠢᠯ ᠤ᠋ᠨ ᠬᠠᠭᠳᠠ ᠨᠤᠭᠤᠭᠠᠷᠠᠵᠤ ᠪᠡᠯᠴᠢᠭᠡᠷ ᠰᠡᠷᠭᠦᠬᠦ ᠬᠤᠭᠤᠴᠠᠭᠠᠨ ᠳ᠋ᠦ 45 ᠡᠳᠦᠷ ᠪᠡᠯᠴᠢᠭᠡᠷᠯᠡᠭᠦᠯᠬᠦ ᠵᠢ ᠴᠠᠭᠠᠵᠠᠯᠠᠬᠤ ᠵᠡᠷᠭᠡ ᠠᠷᠭ᠎ᠠ ᠬᠡᠮᠵᠢᠶ᠎ᠠ ᠶ᠋ᠢ ᠵᠡᠷᠭᠡ ᠪᠡᠷ ᠬᠡᠷᠡᠭᠵᠢᠭᠦᠯᠦᠭᠰᠡᠨ ᠡᠴᠡ ᠨᠤᠳᠤᠭ ᠪᠡᠯᠴᠢᠭᠡᠷ ᠤ᠋ᠨ ᠠᠮᠢ ᠠᠬᠤᠢ ᠶ᠋ᠢᠨ ᠦᠢᠯᠡᠴᠢᠯᠡᠭᠡᠨ ᠤ᠋ ᠴᠢᠳᠠᠮᠵᠢ ᠪᠠ ᠦᠢᠯᠡᠳᠪᠦᠷᠢᠯᠡᠯ ᠤ᠋ᠨ ᠴᠢᠳᠠᠪᠤᠷᠢ ᠲᠠᠰᠤᠷᠠᠯᠳᠠ ᠦᠭᠡᠢ ᠰᠠᠢᠵᠢᠷᠠᠭᠰᠠᠨ ᠪᠠᠢᠨ᠎ᠠ᠃

ᠬᠦᠯᠦᠨ ᠪᠤᠢᠷ ᠬᠤᠲᠠ ᠶ᠋ᠢᠨ ᠰᠢᠨ᠎ᠡ ᠪᠠᠷᠭᠤ ᠪᠠᠷᠠᠭᠤᠨ ᠬᠤᠰᠢᠭᠤᠨ ᠤ᠋ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠡ ᠶ᠋ᠢᠨ ᠳᠡᠳ᠋ ᠳᠠᠷᠤᠭ᠎ᠠ ᠡᠦ ᠴᠠᠡᠭ ᠭᠸᠨ᠄

《ᠡᠨᠡ ᠵᠢᠯ ᠪᠤᠷᠤᠭᠠᠨ ᠬᠤᠷ᠎ᠠ ᠡᠯᠪᠡᠭ᠂ ᠡᠪᠡᠰᠦ ᠪᠡᠯᠴᠢᠭᠡᠷ ᠤ᠋ᠨ ᠤᠷᠭᠤᠴᠠ ᠰᠠᠢᠨ ᠪᠤᠯᠬᠤᠷ ᠪᠦᠬᠦ ᠬᠤᠲᠠ ᠶ᠋ᠢᠨ 8 ᠬᠤᠰᠢᠭᠤ ᠰᠢᠶᠠᠨ ᠲᠤᠭᠤᠷᠢᠭ ᠤ᠋ᠨ ᠨᠠᠮᠤᠷ ᠤ᠋ᠨ ᠬᠠᠳᠤᠯᠠᠡᠭ ᠤ᠋ᠨ ᠲᠠᠯᠠᠪᠠᠢ 3950 ᠲᠦᠮᠡᠨ ᠮᠦ᠍ ᠳ᠋ᠦ ᠬᠦᠷᠴᠠᠢ᠃ ᠭᠡᠬᠦ ᠳ᠋ᠡᠭᠡᠨ ᠪᠢᠳᠡ ᠬᠠᠳᠤᠯᠠᠡᠭ ᠶ᠋ᠢᠡᠨ ᠰᠡᠯᠭᠦᠨ ᠬᠠᠳᠤᠬᠤ ᠳᠦᠷᠢᠮ ᠢ᠋ ᠬᠡᠷᠡᠭᠵᠢᠭᠦᠯᠵᠦ᠂ 300 ᠮᠸᠲᠷ ᠦᠷᠬᠡᠨ ᠬᠠᠳᠤᠬᠤ ᠪᠦᠷᠢ 20 ᠮᠸᠲᠷ ᠡᠴᠡ ᠳᠡᠭᠡᠭᠰᠢᠬᠢ ᠡᠪᠡᠰᠦᠨ ᠤ᠋ ᠦᠷ᠎ᠡ ᠶ᠋ᠢᠨ ᠪᠦᠰᠡ ᠦᠯᠡᠳᠡᠭᠡᠨ᠂ 7 ᠰᠠᠨᠲ᠋ᠢᠮᠧᠲ᠋ᠷ ᠡᠴᠡ ᠦᠨᠳᠦᠷ ᠭᠤᠤᠷᠰᠤ ᠦᠯᠡᠳᠡᠭᠡᠬᠦ ᠪᠠᠷᠢᠮᠵᠢᠶ᠎ᠠ ᠵᠢ ᠴᠢᠡᠭᠭ᠎ᠠ ᠬᠡᠷᠡᠭᠵᠢᠭᠦᠯᠵᠦ᠂ ᠡᠪᠡᠰᠦᠨ ᠤ᠋ ᠤᠷᠭᠤᠴᠠ 15 ᠰᠠᠨᠲ᠋ᠢᠮᠧᠲ᠋ᠷ ᠬᠦᠷᠬᠦ ᠦᠭᠡᠢ ᠪᠤᠶᠤ ᠮᠦ᠍ ᠪᠦᠷᠢ ᠶ᠋ᠢᠨ ᠤᠨᠠᠯᠲᠠ 30 ᠺᠢᠯᠣᠭ᠌ᠷᠠᠮ ᠬᠦᠷᠬᠦ ᠦᠭᠡᠢ ᠪᠡᠯᠴᠢᠭᠡᠷ ᠡᠴᠡ ᠬᠠᠳᠤᠯᠠᠡᠭ ᠠᠪᠬᠤ ᠵᠢ ᠡᠷᠡᠰ ᠴᠠᠭᠠᠵᠠᠯᠠᠨ᠂ ᠠᠮᠢ ᠠᠬᠤᠢ ᠶ᠋ᠢᠨ ᠬᠠᠮᠠᠭᠠᠯᠠᠯᠲᠠ ᠬᠢᠭᠡᠳ ᠦᠢᠯᠡᠳᠪᠦᠷᠢᠯᠡᠯ ᠠᠮᠢᠳᠤᠷᠠᠯ ᠤ᠋ᠨ ᠵᠤᠬᠢᠴᠠᠡᠭᠭᠤᠢ ᠴᠢᠨᠠᠷ ᠢ᠋ ᠦᠨᠡᠨ ᠬᠦ᠌ ᠪᠠᠲᠤᠯᠠᠵᠤ ᠪᠠᠢᠨ᠎ᠠ》᠃

ᠬᠠᠳᠤᠯᠠᠡᠭ ᠤ᠋ᠨ ᠠᠵᠢᠯ ᠤᠷᠤᠭᠰᠢᠲᠠᠢ ᠶᠠᠪᠤᠭᠳᠠᠬᠤ ᠵᠢ ᠪᠠᠲᠤᠯᠠᠬᠤ ᠵᠢᠨ ᠲᠦᠯᠦᠭᠡ᠂ ᠬᠦᠯᠦᠨ ᠪᠤᠢᠷ ᠬᠤᠲᠠ ᠪᠠᠰᠠ ᠮᠠᠯᠴᠢᠳ ᠤ᠋ᠨ ᠲᠤᠰᠬᠠᠢ ᠬᠤᠷᠰᠢᠶ᠎ᠡ ᠵᠢᠨ ᠲᠤᠮᠤ ᠬᠡᠯᠪᠡᠷᠢ ᠶ᠋ᠢᠨ ᠲᠡᠷᠢᠭᠦᠨ ᠤ᠋ ᠡᠪᠡᠰᠦ ᠬᠠᠳᠤᠬᠤ ᠮᠠᠰᠢᠨ ᠲᠦᠬᠦᠭᠡᠷᠦᠮᠵᠢ ᠬᠤᠳᠠᠯᠳᠤᠨ ᠠᠪᠬᠤ ᠶ᠋ᠢ ᠵᠤᠷᠢᠭᠵᠢᠭᠤᠯᠤᠨ ᠲᠡᠳᠭᠦᠵᠦ᠂ ᠲᠤᠰᠬᠠᠢ ᠦᠢᠯᠡᠴᠢᠯᠡᠭᠡᠨ ᠤ᠋ ᠡᠡᠭᠨᠡᠭᠡ ᠵᠤᠬᠢᠶᠠᠨ ᠪᠠᠢᠭᠤᠯᠤᠨ᠂ ᠡᠪᠡᠰᠦ ᠬᠠᠳᠤᠵᠤ ᠨᠦᠬᠡᠴᠡᠯᠡᠬᠦ ᠠᠵᠢᠯ ᠳ᠋ᠤ ᠲᠤᠰᠬᠠᠢᠵᠢᠭᠰᠠᠨ ᠨᠡᠢᠭᠡᠮᠴᠢᠯᠡᠭᠰᠡᠨ ᠦᠢᠯᠡᠴᠢᠯᠡᠭᠡ ᠬᠠᠩᠭᠠᠬᠤ ᠲᠦᠪᠰᠢᠨ ᠶ᠋ᠢᠡᠨ ᠪᠦᠲᠦᠮᠵᠢᠲᠡᠢ ᠳᠡᠭᠡᠭᠰᠢᠯᠡᠭᠦᠯᠵᠠᠢ᠃


QQ截图20250828104424.png


ᠰᠢᠯᠢ ᠵᠢᠨ ᠭᠤᠤᠯ

ᠱᠢᠯᠢ ᠶ᠋ᠢᠨ ᠭᠤᠤᠯ ᠠᠢᠮᠠᠭ ᠤ᠋ᠨ ᠣᠶ ᠱᠢᠭᠤᠶ ᠪᠠ ᠨᠤᠲᠤᠭ ᠪᠡᠯᠴᠢᠭᠡᠷ᠎ᠦᠨ ᠳᠡᠳ᠋ ᠳᠠᠷᠤᠭ᠎ᠠ ᠬᠠᠢᠯᠠᠰᠤ᠄

《ᠡᠯ᠎ᠡ ᠭᠠᠵᠠᠷ ᠤ᠋ᠨ᠎ᠬᠢᠨ ᠨᠤᠲᠤᠭ ᠪᠡᠯᠴᠢᠭᠡᠷ ᠤ᠋ᠨ ᠪᠠᠢᠳᠠᠯ ᠶ᠋ᠢᠡᠨ ᠦᠨᠳᠦᠰᠦᠯᠡᠨ ᠵᠦᠷᠢᠶᠡᠴᠢᠯᠡᠭ᠌ᠰᠡᠨ ᠡᠭᠡᠯᠵᠢᠯᠡᠨ ᠬᠠᠳᠤᠬᠤ ᠳᠦᠷᠢᠮ ᠢ᠋ ᠬᠡᠷᠡᠭ᠌ᠵᠢᠭᠦᠯᠵᠦ᠍᠂ 500 ᠮᠥ᠍ ᠡᠴᠡ ᠳᠡᠭᠡᠭ᠌ᠰᠢᠬᠢ ᠪᠡᠯᠴᠢᠭᠡᠷ ᠢ᠋ ᠵᠢᠯ ᠠᠯᠤᠰᠯᠠᠨ ᠬᠠᠳᠤᠬᠤ ᠪᠤᠶᠤ ᠲᠣᠭᠣᠷᠢᠭ ᠬᠤᠪᠢᠶᠠᠨ ᠰᠡᠯᠬᠦᠨ ᠬᠠᠳᠤᠵᠤ᠂ 500 ᠮᠥ᠍ ᠡᠴᠡ ᠳᠣᠷᠣᠭ᠍ᠰᠢᠬᠢ ᠪᠡᠯᠴᠢᠭᠡᠷ ᠢ᠋ ᠠᠯᠠᠭ᠍ᠯᠠᠨ ᠬᠠᠳᠤᠵᠤ᠂ 300 ᠮᠸᠲᠷ ᠦᠷᠬᠡᠨ ᠬᠠᠳᠤᠬᠤ ᠪᠦᠷᠢ 5 ᠡᠴᠡ 10 ᠮᠧᠲ᠋ᠷ ᠦ᠋ᠨ ᠡᠪᠡᠰᠦᠨ ᠤ᠋ ᠦᠷ᠎ᠡ ᠶ᠋ᠢᠨ ᠪᠦᠰᠡ ᠦᠯᠡᠳᠡᠭᠡᠬᠦ᠌ ᠶ᠋ᠢᠨ ᠬᠠᠮᠲᠤ 6 ᠰᠠᠨᠲ᠋ᠢᠮᠧᠲ᠋ᠷ ᠡᠴᠡ ᠦᠨᠳᠦᠷ ᠭᠤᠤᠷᠰᠤ ᠦᠯᠡᠳᠡᠭᠡᠬᠦ ᠪᠠᠷᠢᠮᠵᠢᠶ᠎ᠡ ᠵᠢ ᠴᠢᠡᠭᠭ᠎ᠠ ᠬᠡᠷᠡᠭᠵᠢᠭᠦᠯᠵᠦ᠂ ᠨᠤᠲᠤᠭ ᠪᠡᠯᠴᠢᠭᠡᠷ ᠦ᠋ᠨ ᠠᠮᠢ ᠠᠬᠤᠶ ᠶ᠋ᠢᠨ ᠦᠷᠬᠦᠯᠵᠢᠯᠡᠬᠦ ᠬᠦᠭᠵᠢᠯᠲᠡ ᠵᠢ ᠪᠠᠲᠤᠯᠠᠵᠤ ᠪᠠᠢᠨ᠎ᠠ》᠃

ᠱᠢᠯᠢ ᠶ᠋ᠢᠨ ᠭᠤᠤᠯ ᠠᠢᠮᠠᠭ ᠤ᠋ᠨ ᠡᠯ᠎ᠡ ᠱᠠᠲᠤᠨ ᠤ᠋ ᠣᠶ ᠱᠢᠭᠤᠶ ᠨᠤᠲᠤᠭ ᠪᠡᠯᠴᠢᠭᠡᠷ ᠦ᠋ᠨ ᠰᠠᠯᠠᠭ᠎ᠠ ᠮᠥᠴᠢᠷ ᠤ᠋ᠨ ᠬᠢᠨ ᠪᠠᠰᠠ ᠲᠣᠭᠣᠷᠢᠨ ᠪᠠᠢᠴᠠᠭᠠᠵᠤ ᠬᠢᠨᠠᠨ ᠬᠠᠮᠢᠶᠠᠷᠬᠤ᠎ᠡᠷᠴᠢᠮ ᠶ᠋ᠢᠡᠨ ᠴᠢᠩᠭᠠᠷᠠᠭᠤᠯᠵᠤ᠂ ᠬᠠᠳᠤᠯᠠᠩ ᠳ᠋ᠤ ᠭᠠᠷᠬᠤ ᠮᠠᠯᠴᠢᠳ ᠤ᠋ᠨ ᠨᠤᠲᠤᠭ ᠪᠡᠯᠴᠢᠭᠡᠷ ᠦ᠋ᠨ ᠠᠮᠢ ᠠᠬᠤᠶ ᠶ᠋ᠢ ᠬᠠᠮᠠᠭᠠᠯᠠᠬᠤ ᠱᠠᠭᠠᠷᠳᠠᠯᠭ᠎ᠠ ᠶ᠋ᠢ ᠴᠢᠩᠭ᠎ᠠ ᠨᠠᠢᠳᠠᠪᠤᠷᠢᠵᠢᠭᠤᠯᠬᠤ ᠶ᠋ᠢ ᠦᠨᠡᠨ ᠬᠦ᠌ ᠪᠠᠲᠤᠯᠠᠵᠤ ᠪᠤᠢ᠃

ᠪᠠᠷᠠᠭᠤᠨ ᠦᠵᠦᠮᠦᠴᠢᠨ ᠬᠤᠰᠢᠭᠤᠨ ᠤ᠋ ᠰᠠᠢᠬᠠᠨ ᠨᠠᠭᠤᠷ ᠭᠠᠴᠠᠭᠠᠨ ᠤ᠋ ᠮᠠᠯᠴᠢᠨ ᠳ᠋ᠦᠡᠭ ᠠᠨ᠄

《ᠡᠨᠡ ᠵᠢᠯ ᠪᠤᠷᠤᠭᠠᠨ ᠬᠤᠷ᠎ᠠ ᠰᠠᠢᠨ᠂ ᠳᠤᠯᠠᠭᠠᠨ ᠤ᠋ ᠬᠡᠮᠵᠢᠶ᠎ᠡ ᠴᠦ᠍ ᠲᠤᠬᠢᠷᠠᠮᠵᠢᠲᠠᠢ᠂ ᠡᠪᠡᠰᠦ ᠪᠡᠯᠴᠢᠭᠡᠷ ᠨᠢᠳᠤᠨᠤᠨ ᠤ᠋ ᠬᠢ ᠡᠴᠡ ᠰᠠᠢᠨ ᠪᠠᠢᠨ᠎ᠠ᠃ ᠦᠡᠭᠭᠡᠷᠡᠭᠰᠡᠨ ᠳ᠋ᠦ ᠨᠢᠭᠡ ᠮᠦ᠍ ᠡᠴᠡ 1 ᠪᠤᠭᠤᠵᠢ ᠬᠠᠭᠠᠰ ᠬᠢᠷᠢᠳᠠᠢ ᠡᠪᠡᠰᠦ ᠬᠠᠳᠤᠵᠤ ᠪᠠᠢᠭᠰᠠᠨ ᠪᠤᠯ ᠡᠨᠡ ᠵᠢᠯ ᠬᠠᠷᠢᠨ 2 ᠡᠴᠡ 3 ᠪᠤᠭᠤᠵᠢ ᠡᠪᠡᠰᠦ ᠬᠠᠳᠤᠵᠤ᠂ ᠮᠠᠯ ᠤᠨᠤᠭ᠎ᠠ ᠪᠠᠨ ᠡᠪᠦᠯᠵᠢᠭᠦᠯᠬᠦ ᠡᠪᠡᠰᠦ ᠪᠠᠨ ᠦᠨᠳᠦᠰᠦᠨ ᠳ᠋ᠡᠭᠡᠨ ᠦᠪᠡᠷ ᠶ᠋ᠢᠡᠨ ᠬᠠᠡᠭᠭᠠᠴᠢᠬᠠᠨ᠎ᠠ》᠃


QQ截图20250828104401.png


ᠤᠯᠠᠭᠠᠨᠴᠠᠪ

ᠤᠯᠠᠭᠠᠨᠴᠠᠪ ᠬᠤᠲᠠ ᠶ᠋ᠢᠨ ᠳᠦᠷᠪᠡᠳ ᠬᠤᠰᠢᠭᠤᠨ ᠤ᠋ ᠴᠠᠭᠠᠨᠪᠤᠯᠠᠭ ᠰᠤᠮᠤ ᠵᠢᠨ ᠮᠠᠯᠴᠢᠨ ᠴᠤᠭᠳᠤ᠄

《ᠡᠨᠡ ᠵᠢᠯ ᠬᠤᠷ᠎ᠠ ᠪᠤᠷᠤᠭᠠᠨ ᠡᠯᠪᠡᠭ᠂ ᠪᠡᠯᠴᠢᠭᠡᠷ ᠰᠠᠢᠨ ᠤᠷᠭᠤᠵᠤ ᠬᠠᠳᠤᠯᠠᠩ ᠭᠠᠷᠤᠭᠰᠠᠨ ᠡ᠂ ᠭᠠᠳᠠᠨ᠎ᠠ ᠡᠴᠡ ᠡᠪᠡᠰᠦ ᠪᠤᠷᠳᠤᠭ᠎ᠠ ᠬᠤᠳᠠᠯᠳᠤᠨ ᠠᠪᠬᠤ ᠴᠢᠬᠤᠯᠠ ᠦᠭᠡᠢ ᠪᠤᠯᠵᠠᠢ᠂ ᠮᠠᠯ ᠶ᠋ᠢᠡᠨ ᠲᠡᠵᠢᠭᠡᠬᠦ ᠦᠪᠡᠷ ᠤ᠋ᠨ ᠦᠷᠳᠡᠭ ᠢ᠋ ᠶᠡᠬᠡ ᠪᠡᠷ ᠪᠠᠭᠤᠷᠠᠭᠤᠯᠪᠠ》᠃

ᠤᠯᠠᠭᠠᠨᠴᠠᠪ ᠬᠤᠲᠠ ᠶ᠋ᠢᠨ ᠳᠦᠷᠪᠡᠳ ᠬᠤᠰᠢᠭᠤᠨ ᠤ᠋ ᠴᠠᠭᠠᠨᠪᠤᠯᠠᠭ ᠰᠤᠮᠤ ᠵᠢᠨ ᠮᠠᠯᠴᠢᠨ ᠴᠤᠭᠳᠤ ᠶ᠋ᠢᠨ ᠬᠢ 8 ᠰᠠᠷ᠎ᠠ ᠶ᠋ᠢᠨ ᠳᠤᠮᠳᠠᠴᠢ ᠡᠴᠡ ᠬᠠᠳᠤᠯᠠᠩ ᠳ᠋ᠠᠭᠠᠨ ᠭᠠᠷᠴᠤ᠂ 2000 ᠭᠠᠷᠤᠢ ᠮᠦ᠍ ᠪᠡᠯᠴᠢᠭᠡᠷ ᠡᠴᠡ ᠪᠡᠨ 150 ᠭᠠᠷᠤᠢ ᠳᠤᠨ ᠡᠪᠡᠰᠦ ᠬᠠᠳᠤᠬᠤ ᠪᠡᠷ ᠵᠢᠱ᠌ᠢᠵᠤ ᠪᠤᠢ᠃


QQ截图20250828104424.png


ᠲᠦᠡᠭᠯᠢᠶᠤᠤ

ᠲᠦᠡᠭᠯᠢᠶᠤᠤ ᠬᠤᠲᠠ ᠶ᠋ᠢᠨ ᠵᠠᠷᠤᠳ ᠬᠤᠰᠢᠭᠤᠨ ᠤ᠋ ᠰᠠᠷᠠᠭᠤᠯ ᠲᠠᠯ᠎ᠠ ᠭᠠᠴᠠᠭᠠᠨ ᠤ᠋ ᠮᠠᠯᠴᠢᠨ ᠡᠷᠳᠡᠨᠢᠪᠢᠯᠢᠭ᠄

 《ᠡᠬᠢᠯᠡᠵᠦ ᠬᠠᠳᠤᠭᠠᠳ ᠬᠤᠶᠠᠷ ᠡᠳᠦᠷ ᠪᠤᠯᠵᠤ ᠪᠠᠢᠨ᠎ᠠ᠂ ᠤᠳᠤ ᠠᠷᠪᠠᠭᠠᠳ ᠡᠳᠦᠷ ᠬᠠᠳᠤᠪᠠᠯ ᠳᠠᠭᠤᠰᠬᠠᠴᠢᠬᠠᠨ᠎ᠠ᠃ ᠡᠨᠡ ᠵᠢᠯ ᠬᠤᠷ᠎ᠡ ᠪᠤᠷᠤᠭᠠᠨ ᠲᠡᠭᠰᠢ ᠪᠤᠯᠬᠤᠷ ᠡᠪᠡᠰᠦ ᠪᠡᠯᠴᠢᠭᠡᠷ ᠤ᠋ᠨ ᠤᠷᠭᠤᠴᠠ ᠰᠠᠢᠨ᠂ ᠪᠠᠷᠤᠭ 150 ᠳᠤᠨ ᠡᠪᠡᠰᠦ ᠬᠤᠷᠢᠶᠠᠴᠢᠬᠠᠨ᠎ᠠ᠃ ᠬᠦᠭᠡ ᠳᠠᠷᠤᠰᠢ ᠪᠤᠯᠤᠨ ᠬᠠᠭᠤᠷᠠᠢ ᠡᠪᠡᠰᠦ ᠪᠡᠨ ᠨᠡᠮᠡᠪᠡᠯ 100 ᠭᠠᠷᠤᠢ ᠬᠤᠨᠢ᠂ 80 ᠭᠠᠷᠤᠢ ᠦᠭᠡᠷ ᠶ᠋ᠢᠡᠨ ᠡᠪᠦᠯᠵᠢᠭᠦᠯᠬᠦ ᠳ᠋ᠦ ᠠᠰᠠᠭᠤᠳᠠᠯ ᠦᠭᠡᠢ》᠃

ᠬᠠᠳᠤᠯᠠᠩ ᠤ᠋ᠨ ᠨᠠᠮᠤᠷ ᠶ᠋ᠢᠡᠷ᠂ ᠰᠢᠯᠢ ᠶ᠋ᠢᠨ ᠭᠤᠤᠯ᠂ ᠬᠦᠯᠦᠨ ᠪᠤᠢᠷ ᠤ᠋ᠨ ᠮᠠᠯᠴᠢᠳ ᠲᠠᠢ ᠠᠳᠠᠯᠢ ᠪᠡᠷ ᠪᠤᠰᠤᠳ ᠠᠢᠮᠠᠭ ᠬᠤᠳᠠ ᠶ᠋ᠢᠨ ᠮᠠᠯᠴᠢᠳ ᠴᠤ᠌ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠪᠡᠷ ᠬᠠᠳᠤᠯᠠᠩ ᠤ᠋ᠨ ᠠᠵᠢᠯ ᠳ᠋ᠠᠭᠠᠨ ᠶᠠᠭᠠᠷᠠᠯᠳᠤᠨ᠎ᠠ᠃

ᠦᠢᠷ᠎ᠠ ᠳ᠋ᠤ ᠲᠦᠡᠭᠯᠢᠶᠤᠤ ᠬᠤᠲᠠ ᠶ᠋ᠢᠨ ᠵᠠᠷᠤᠳ ᠬᠤᠰᠢᠭᠤᠨ ᠤ᠋ 1242 ᠲᠦᠮᠡᠨ ᠮᠦ᠍ ᠪᠠᠢᠭᠠᠯᠢ ᠵᠢᠨ ᠪᠡᠯᠴᠢᠭᠡᠷ ᠴᠤ᠌ ᠬᠠᠳᠤᠯᠠᠡᠭ ᠤ᠋ᠨ ᠬᠤᠭᠤᠴᠠᠭᠠᠨ ᠳ᠋ᠦ ᠤᠷᠤᠵᠠᠢ᠃ 9 ᠰᠠᠷ᠎ᠡ ᠶ᠋ᠢᠨ 1 ᠤ᠋ ᠡᠳᠦᠷ᠂ ᠵᠠᠷᠤᠳ ᠬᠤᠰᠢᠭᠤᠨ ᠤ᠋ ᠠᠷᠤ ᠬᠦᠨᠳᠡᠯᠡᠨ ᠪᠠᠯᠭᠠᠰᠤ ᠵᠢᠨ 80 ᠲᠦᠮᠡᠨ ᠮᠦ᠍ ᠶ᠋ᠢᠨ ᠬᠠᠮᠠᠭᠠᠯᠠᠯᠲᠠ ᠶ᠋ᠢᠨ ᠤᠷᠤᠨ ᠳ᠋ᠦ ᠲᠷᠡᠺᠲ᠋ᠤᠷ ᠮᠠᠰᠢᠨ ᠲᠦᠷᠴᠢᠬᠢᠨᠡᠨ᠂ ᠡᠪᠡᠰᠦ ᠬᠠᠳᠤᠬᠤ ᠮᠠᠰᠢᠨ ᠬᠠᠳᠤᠯᠠᠡᠭ ᠶ᠋ᠢᠡᠷ ᠦᠡᠭᠭᠡᠷᠡᠭᠡᠳ ᠭᠠᠷᠬᠤ ᠪᠡᠷ ᠰᠢᠨᠡᠬᠡᠨ ᠬᠠᠳᠤᠭᠰᠠᠨ ᠡᠪᠡᠰᠦ ᠠᠷᠤ ᠳ᠋ᠤᠨᠢ ᠵᠢᠭᠳᠡᠷᠡᠨ ᠦᠯᠡᠳᠡᠵᠦ᠂ ᠡᠯᠪᠡᠭ ᠬᠤᠷᠢᠶᠠᠯᠲᠠ ᠶ᠋ᠢᠨ ᠨᠤᠲ ᠬᠡᠮᠡᠷ ᠡᠭᠡᠷᠡᠮ᠎ᠡ ᠲᠠᠯ᠎ᠠ ᠶ᠋ᠢ ᠴᠢᠮᠡᠨ᠎ᠠ᠃ ᠰᠠᠷᠠᠭᠤᠯ ᠲᠠᠯ᠎ᠠ ᠭᠠᠴᠠᠭᠠᠨ ᠤ᠋ ᠮᠠᠯᠴᠢᠨ ᠡᠷᠳᠡᠨᠢᠪᠢᠯᠢᠭ ᠤ᠋ᠨ ᠬᠢ ᠡᠨᠳᠡ 3000 ᠭᠠᠷᠤᠢ ᠮᠦ᠍ ᠪᠡᠯᠴᠢᠭᠡᠷ ᠲᠠᠢ ᠪᠠᠢᠵᠤ᠂ 1000 ᠮᠦ᠍ ᠵᠢ ᠨᠢ ᠬᠠᠳᠤᠯᠠᠡᠭ ᠶ᠋ᠢᠡᠷ ᠦᠯᠡᠳᠡᠭᠡᠪᠠ᠃


QQ截图20250828104401.png


ᠮᠠᠯᠴᠢᠳ ᠤ᠋ᠨ ᠬᠤᠪᠢ ᠳ᠋ᠤ᠂ ᠨᠠᠮᠤᠷ ᠲᠠᠭᠠᠨ ᠲᠡᠵᠢᠭᠡᠯ ᠡᠪᠡᠰᠦ ᠪᠤᠷᠳᠤᠭ᠎ᠠ ᠶ᠋ᠢ ᠭᠦᠢᠴᠡᠳ ᠨᠦᠬᠡᠴᠡᠯᠡᠬᠦ ᠨᠢ ᠮᠠᠯ ᠤᠨᠤᠭ᠎ᠠ ᠪᠠᠨ ᠮᠡᠨᠳᠦ ᠤᠨᠳᠤᠷᠤᠭᠤᠯᠬᠤ ᠶ᠋ᠢᠨ ᠵᠠᠡᠭᠭᠢᠯᠠᠭ᠎ᠠ ᠪᠤᠯᠬᠤ ᠪᠦᠭᠡᠳ ᠨᠡᠡᠭ ᠴᠦ᠍ ᠤᠷᠤᠯᠭ᠎ᠠ ᠪᠠᠨ ᠪᠠᠳᠤᠯᠠᠬᠤ ᠶ᠋ᠢᠨ ᠵᠠᠩᠬᠢᠯᠠᠭ᠎ᠠ ᠪᠤᠯᠤᠨ᠎ᠠ᠃ ᠠᠮᠢ ᠠᠬᠤᠢ ᠬᠢᠭᠡᠳ ᠮᠠᠯ ᠠᠵᠤ ᠠᠬᠤᠢ ᠶ᠋ᠢᠨ ᠵᠤᠬᠢᠴᠠᠡᠭᠭᠤᠢ ᠬᠦᠭᠵᠢᠯᠲᠡ ᠵᠢ ᠪᠠᠲᠤᠯᠠᠬᠤ ᠶ᠋ᠢᠨ ᠲᠦᠯᠦᠭᠡ᠂ ᠡᠨᠡ ᠵᠢᠯ ᠮᠠᠨ ᠤ᠋ ᠤᠷᠤᠨ ᠤ᠋ ᠡᠯ᠎ᠡ ᠭᠠᠵᠠᠷ ᠤ᠋ᠨ ᠬᠢᠨ ᠤᠯᠤᠰ ᠤ᠋ᠨ ᠨᠤᠲᠤᠭ ᠪᠡᠯᠴᠢᠭᠡᠷ ᠤ᠋ᠨ ᠠᠮᠢ ᠠᠬᠤᠢ ᠶ᠋ᠢᠨ ᠬᠠᠮᠠᠭᠠᠯᠠᠯᠲᠠ ᠶ᠋ᠢᠨ ᠨᠦᠬᠦᠪᠦᠷᠢ ᠪᠠ ᠱᠠᠡᠭᠨᠠᠯ ᠤ᠋ᠨ ᠲᠦᠷᠦ ᠶ᠋ᠢᠨ ᠪᠤᠳᠤᠯᠭ᠎ᠠ ᠵᠢ ᠪᠦᠬᠦ ᠲᠠᠯ᠎ᠠ ᠪᠡᠷ ᠲᠤᠭᠤᠰᠢᠳᠠᠢ ᠨᠠᠢᠳᠠᠪᠤᠷᠢᠵᠢᠭᠤᠯᠤᠭᠰᠠᠨ ᠤ᠋ ᠵᠡᠷᠭᠡ ᠪᠡᠷ ᠬᠤᠷ᠎ᠠ ᠪᠤᠷᠤᠭᠠᠨ ᠨᠡᠢᠳᠡᠮ ᠳ᠋ᠡᠭᠡᠨ ᠨᠡᠯᠢᠶᠡᠳ ᠲᠡᠭᠰᠢ ᠪᠤᠯᠤᠭᠰᠠᠨ ᠶ᠋ᠢᠡᠷ ᠪᠡᠯᠴᠢᠬᠡᠷ ᠡᠪᠡᠰᠦ ᠵᠢᠨ ᠤᠷᠭᠤᠯᠲᠠ ᠪᠠ ᠤᠨᠠᠯᠲᠠ ᠶ᠋ᠢᠨ ᠬᠡᠮᠵᠢᠶ᠎ᠡ ᠴᠦ᠍ ᠶᠡᠷᠦᠡᠭᠭᠡᠢ ᠳ᠋ᠡᠭᠡᠨ ᠡᠩ ᠤ᠋ᠨ ᠵᠢᠯ ᠤ᠋ᠨ ᠬᠢ ᠡᠴᠡ ᠰᠠᠢᠨ ᠪᠤᠯᠵᠠᠢ᠃ ᠡᠭᠦᠨ ᠤ᠋ ᠬᠠᠮᠲᠤ ᠮᠠᠰᠢᠨᠴᠢᠯᠠᠯᠲᠠ ᠶ᠋ᠢᠨ ᠲᠦᠪᠰᠢᠨ ᠢᠯᠠᠳᠲᠠ ᠳᠡᠭᠡᠭᠰᠢᠯᠡᠭᠰᠡᠨ ᠶ᠋ᠢᠡᠷ ᠡᠪᠡᠰᠦ ᠬᠠᠳᠤᠵᠤ ᠬᠤᠷᠢᠶᠠᠬᠤ ᠦᠷ᠎ᠡ ᠪᠦᠲᠦᠮᠵᠢ ᠶᠡᠬᠡ ᠪᠡᠷ ᠳᠡᠭᠡᠭᠰᠢᠯᠡᠪᠠ᠃

《ᠪᠤᠷᠬᠠᠨ ᠲᠩᠷᠢ ᠬᠡᠰᠢᠭ ᠶ᠋ᠢᠡᠨ ᠦᠭᠴᠤ ᠴᠤ᠌ ᠴᠢᠳᠠᠨ᠎ᠠ ᠠᠪᠴᠤ ᠴᠤ᠌ ᠴᠢᠳᠠᠨ᠎ᠠ᠂ ᠡᠨᠡ ᠠᠵᠢᠯ ᠪᠤᠯ ᠵᠢᠩᠬᠢᠨᠢ ᠰᠢᠨᠳᠠᠰᠤ ᠰᠢᠯᠭᠠᠬᠤ ᠬᠡᠴᠡᠭᠦᠦ ᠬᠦᠳᠡᠯᠮᠦᠷᠢ ᠪᠠᠢᠨ᠎ᠠ ᠳ᠋ᠠ》 ᠭᠡᠵᠦ ᠬᠦᠪᠡᠭᠡᠳᠦ ᠰᠢᠷ᠎ᠠ ᠶ᠋ᠢᠨ ᠮᠠᠯᠴᠢᠨ ᠡᠮᠦᠨ᠎ᠠ ᠬᠤᠶᠠᠷ ᠡᠳᠦᠷ ᠤ᠋ᠨ ᠪᠤᠷᠤᠭᠠᠨ ᠳ᠋ᠤ ᠳᠡᠪᠳᠦᠭᠰᠡᠨ ᠡᠪᠡᠰᠦ ᠪᠡᠨ ᠵᠦᠭᠡᠭᠡᠬᠦ ᠶ᠋ᠢᠨ ᠳᠠᠭᠠᠤ ᠶᠠᠷᠢᠨ᠎ᠠ᠃

《ᠰᠦᠨᠢᠳ ᠨᠤᠳᠤᠭ ᠮᠢᠨᠢ ᠨᠢᠳᠤᠨᠤᠨ ᠪᠤᠯᠤᠨ ᠡᠨᠡ ᠵᠢᠯ ᠰᠢᠭ ᠬᠡᠵᠢᠶᠡᠳᠡ ᠬᠠᠳᠤᠯᠠᠩ ᠲᠠᠢ ᠪᠠᠢᠬᠤ ᠪᠤᠯᠳᠤᠭᠠᠢ》 ᠭᠡᠵᠦ ᠰᠦᠨᠢᠳ ᠤ᠋ᠨ ᠮᠠᠯᠴᠢᠨ ᠵᠠᠯᠪᠠᠷᠢᠨ᠎ᠠ᠃

《ᠤᠳᠤ ᠴᠤ᠌ ᠡᠪᠡᠰᠦ ᠲᠡᠭᠡᠭᠡᠬᠦ ᠲᠡᠷᠭᠡ ᠡᠷᠢᠭᠰᠡᠨ ᠵᠠᠷ ᠤ᠋ᠳ ᠨᠡᠯᠢᠶᠡᠳ ᠭᠠᠷᠤᠭᠠᠳ ᠢᠷᠡᠯ᠎ᠠ᠂ ᠲᠡᠭᠡᠭᠡᠪᠤᠷᠢ ᠶ᠋ᠢᠨ ᠬᠦᠯᠦᠰᠦ ᠦᠰᠬᠦ ᠤᠢᠷᠠᠳᠴᠤ ᠪᠠᠢᠨ᠎ᠠ ᠰᠢᠤ!》 ᠭᠡᠵᠦ ᠡᠪᠡᠰᠦᠨ ᠤ᠋ ᠠᠷᠠᠯᠵᠢᠶᠠᠴᠢᠨ ᠶᠠᠷᠢᠨ᠎ᠠ᠃

ᠨᠠᠷᠠ ᠲᠠᠢ ᠪᠦᠭᠡᠳ ᠬᠤᠷ᠎ᠠ ᠲᠠᠢ ᠬᠠᠳᠤᠯᠠᠩ ᠤ᠋ᠨ ᠨᠠᠮᠤᠷ ᠦᠷᠭᠦᠯᠵᠢᠯᠡᠨ᠎ᠠ᠃ ᠪᠦᠬᠦ ᠤᠷᠤᠨ ᠤ᠋ ᠡᠯ᠎ᠠ ᠭᠠᠵᠠᠷ ᠤ᠋ᠨ ᠮᠠᠯᠴᠢᠳ ᠬᠦᠳᠡᠯᠮᠦᠷᠢᠴᠢ ᠬᠤᠶᠠᠷ ᠭᠠᠷ ᠶ᠋ᠢᠡᠷ ᠶ᠋ᠢᠡᠨ ᠪᠠᠢᠭᠠᠯᠢ ᠳᠡᠯᠡᠬᠡᠢ ᠶ᠋ᠢᠨ ᠬᠠᠢᠷᠠᠯᠠᠭᠰᠠᠨ ᠬᠡᠰᠢᠭ ᠪᠤᠶᠠᠨ ᠢ᠋ ᠬᠤᠷᠢᠶᠠᠵᠤ ᠨᠦᠭᠡᠴᠡᠯᠡᠨ᠂ ᠮᠠᠯ ᠰᠦᠷᠦᠭ ᠶ᠋ᠢᠡᠨ ᠦᠨᠢᠷ ᠦᠰᠭᠡᠬᠦ ᠪᠡᠯᠡᠳᠭᠡᠯ ᠶ᠋ᠢᠡᠨ ᠱᠠᠯᠠᠪᠳᠠᠨ ᠬᠢᠵᠡᠭᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号