— ᠳᠤᠮᠳᠠᠳᠤ ᠤᠯᠤᠰ᠎ᠤᠨ ᠡᠮᠡᠭ᠌ᠲᠡᠢᠴᠦᠳ ᠰᠣᠶᠣᠯ᠎ᠤᠨ ᠴᠡᠴᠡᠭ᠌ᠯᠡᠯᠲᠡ ᠬᠥᠭ᠌ᠵᠢᠯᠲᠡ ᠳᠤᠮᠳᠠ ᠴᠣᠭ ᠵᠢᠪᠬᠤᠭ᠎ᠠ᠎ᠪᠠᠨ ᠭᠠᠢᠬᠠᠭᠤᠯᠤᠨ᠎ᠠ
ᠥᠨᠥᠳᠦᠷ᠎ᠦᠨ ᠳᠤᠮᠳᠠᠳᠤ ᠤᠯᠤᠰ᠎ᠲᠤ ᠰᠣᠶᠣᠯ᠎ᠤᠨ ᠦᠢᠯᠡᠰ ᠨᠢ 《ᠡᠮᠡᠭᠳᠡᠢᠴᠤᠳ᠎ᠤᠨ ᠬᠦᠴᠦᠨ》ᠢ᠋ᠶ᠋ᠡᠷ ᠨᠡᠩ ᠭᠡᠷᠡᠯ ᠰᠠᠴᠤᠷᠠᠩᠭᠤᠶ ᠪᠣᠯᠵᠤ ᠪᠠᠢᠨ᠎ᠠ᠃ ᠥᠷᠭᠡᠨ ᠤᠯᠠᠨ ᠡᠮᠡᠭ᠌ᠲᠡᠢᠴᠦᠳ ᠰᠣᠶᠣᠯ᠎ᠤᠨ ᠡᠭᠦᠳᠦᠨ ᠪᠦᠲᠦᠭᠡᠭ᠌ᠴᠢ᠂ ᠠᠵᠤ ᠦᠢᠯᠡᠰ᠎ᠲᠦ ᠬᠦᠴᠦᠨ ᠴᠢᠳᠠᠯ ᠣᠯᠭᠣᠭ᠍ᠴᠢ ᠪᠠ ᠴᠠᠭ ᠦᠶ᠎ᠡ᠎ᠶ᠋ᠢᠨ ᠬᠡᠪ ᠰᠤᠷᠲᠠᠯ᠎ᠤᠨ ᠳᠠᠭᠠᠭᠤᠯᠤᠬ᠍ᠴᠢ᠎ᠶ᠋ᠢᠨ ᠲᠦᠷᠢ ᠲᠥᠷᠬᠦ᠌᠎ᠪᠡᠷ ᠤᠳᠤ ᠦᠶ᠎ᠡ᠎ᠶ᠋ᠢᠨ ᠰᠣᠶᠣᠯ᠎ᠤᠨ ᠲᠦᠷᠢ ᠲᠥᠷᠬᠦ᠌᠎ᠳᠦ ᠭᠦᠨᠵᠡᠭᠡᠢ ᠣᠷᠣᠯᠴᠠᠭ᠍ᠰᠠᠨ ᠪᠥᠭᠡᠳ ᠲᠠᠬᠢᠨ ᠱᠤᠭᠤᠵᠤ ᠪᠠᠢᠨ᠎ᠠ᠃
ᠡᠳᠦᠭᠡ ᠂ ᠵᠣᠬᠢᠶᠠᠨ ᠪᠦᠲᠦᠭᠡᠬᠦ᠌ ᠡᠴᠡ ᠤᠯᠠᠮᠵᠢᠯᠠᠬᠤ ᠬᠦᠷᠲᠡᠯ᠎ᠡ᠂ ᠰᠤᠳᠤᠯᠬᠤ ᠡᠴᠡ ᠬᠠᠮᠠᠭᠠᠯᠠᠬᠤ ᠬᠦᠷᠲᠡᠯ᠎ᠡ᠂ ᠰᠣᠶᠣᠯ᠎ᠤᠨ ᠡᠯ᠎ᠡ ᠬᠦᠷᠢᠶᠡᠨ᠎ᠳᠡᠬᠢ ᠡᠮᠡᠭ᠌ᠲᠡᠢᠴᠦᠳ᠎ᠦᠨ ᠪᠠᠷ᠎ᠠ ᠡᠳᠦᠷ ᠢᠷᠡᠬᠦᠶ᠎ᠡ ᠳᠤᠳᠤᠷᠠᠵᠤ ᠪᠠᠢᠨ᠎ᠠ᠃ ᠲᠠᠳᠠ ᠥᠷᠨᠢᠭᠦᠨ ᠪᠠᠳᠠᠷᠠᠩᠭᠤᠶ ᠡᠭᠦᠳᠦᠨ ᠪᠦᠲᠦᠭᠡᠬᠦ᠌ ᠬᠦᠴᠦᠨ᠎ᠢᠶᠡᠷ ᠰᠣᠶᠣᠯ᠎ᠢ ᠢᠯᠡᠳᠭᠡᠬᠦ ᠵᠠᠭᠠᠭ ᠬᠢᠵᠠᠭᠠᠷ᠎ᠢ ᠦᠷᠭᠦᠯᠵᠢᠯᠡᠨ ᠥᠷᠭᠡᠳᠭᠡᠵᠦ᠍᠂ ᠱᠢᠨ᠎ᠡ ᠴᠠᠭ ᠦᠶ᠎ᠡ᠎ᠶ᠋ᠢᠨ ᠰᠣᠶᠣᠯ᠎ᠤᠨ ᠬᠦᠰᠡᠯᠡᠩᠳᠤ ᠦᠵᠡᠮᠵᠢᠳᠦ ᠭᠦᠨ ᠭᠦᠨᠵᠡᠭᠡᠶ ᠪᠥᠭᠡᠳ ᠬᠠᠯᠠᠭᠤᠨ ᠲᠤᠯᠠᠭᠠᠨ ᠡᠮᠡᠭ᠌ᠲᠡᠢᠴᠦᠳ᠎ᠦᠨ ᠤᠯᠠ ᠮᠥᠷ ᠢ ᠨᠡᠮᠡᠷᠢᠯᠡᠭ᠌ᠰᠡᠨ ᠪᠠᠢᠨ᠎ᠠ᠃
ᠤᠯᠤᠰ᠎ᠤᠨ ᠰᠣᠶᠣᠯ᠎ᠤᠨ ᠰᠣᠳᠣᠨ ᠴᠢᠳᠠᠪᠤᠷᠢᠲᠠᠨ᠎ᠤ ᠲᠥᠷᠥᠯ ᠵᠦᠶ᠋ᠯ᠎ᠳᠦ ᠰᠣᠩᠭᠣᠭ᠍ᠳᠠᠭ᠍ᠰᠠᠳᠤᠨ ᠳᠤᠳᠤᠷ᠎ᠠ ᠡᠮᠡᠭ᠌ᠲᠡᠢᠴᠤᠳ 45.2% ᠢ᠋ ᠡᠵᠡᠯᠡᠵᠦ᠍᠂ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠤᠯᠠᠮᠵᠢᠯᠠᠭᠴᠢ ᠵᠢᠨ ᠳᠤᠳᠤᠷ᠎ᠠ ᠡᠮᠡᠭ᠌ᠲᠡᠢᠴᠤᠳ 25% ᠶ᠋ᠢ ᠡᠵᠡᠯᠡᠪᠡ ᠁ ᠣᠢᠷ᠎ᠠ᠎ᠳᠤ ᠨᠡᠢᠲᠡᠯᠡᠭ᠌ᠰᠡᠨ 《ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠡᠮᠡᠭ᠌ᠲᠡᠢᠴᠦᠳ᠎ᠦᠨ ᠪᠥᠬᠥ᠌ ᠲᠠᠯ᠎ᠠ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠦᠶ᠋ᠯᠡᠳᠦᠯᠭᠡ ᠪᠠ ᠠᠮᠵᠢᠯᠲᠠ》 ᠭᠡᠬᠦ᠌ ᠴᠠᠭᠠᠨ ᠭᠠᠳᠠᠷᠳᠤ ᠪᠢᠴᠢᠭ᠎ᠨᠢ ᠳᠤᠮᠳᠠᠳᠤ ᠤᠯᠤᠰ᠎ᠤᠨ ᠡᠮᠡᠭ᠌ᠲᠡᠢᠴᠦᠳ᠎ᠦᠨ ᠰᠣᠶᠣᠯ᠎ᠤᠨ ᠬᠦᠴᠦᠷᠬᠡᠭ ᠤᠯᠤᠰ᠎ᠢ ᠪᠥᠲᠥᠭᠡᠨ ᠪᠠᠢᠭᠤᠯᠬᠤ ᠠᠶᠠᠨ᠎ᠳᠤ ᠪᠠᠳᠠᠷᠠᠭᠤᠯᠤᠭ᠍ᠰᠠᠨ ᠴᠢᠬᠤᠯᠠ ᠦᠶ᠋ᠯᠡᠳᠦᠯ᠎ᠢ ᠠᠮᠢᠳᠤᠯᠢᠭ᠎ᠢᠶᠠᠷ ᠢᠯᠡᠷᠡᠭᠦᠯᠪᠡ᠃
ᠰᠣᠶᠣᠯ᠎ᠤᠨ ᠭᠠᠯ ᠪᠠᠮᠪᠠᠷ᠎ᠤᠨ ᠤᠯᠠᠮᠵᠢᠯᠠᠭᠴᠢ ᠪᠣᠯᠪᠠ
ᠰᠣᠶᠣᠯ᠎ᠤᠨ ᠥᠪ᠎ᠢ ᠬᠠᠮᠠᠭᠠᠯᠠᠬᠤ ᠦᠢᠯᠡᠰ᠎ᠲᠦ᠂ ᠹᠠᠨ ᠵᠢᠨ ᠱ᠌ᠢ ᠱᠢᠭ ᠨᠠᠰᠤᠨ ᠲᠤᠷᠱᠢᠳᠠ᠎ᠪᠠᠨ ᠳ᠋ᠦᠨᠬᠤᠸᠠᠩ᠎ᠤᠨ ᠰᠣᠶᠣᠯ᠎ᠳᠤ ᠬᠤᠪᠢ ᠨᠡᠮᠡᠷᠢ ᠦᠵᠡᠭᠦᠯᠦᠭ᠌ᠰᠡᠨ ᠠᠬᠠᠮᠠᠳ ᠨᠢᠭᠡ ᠦᠶ᠎ᠡ᠎ᠶ᠋ᠢᠨ ᠬᠠᠮᠠᠭᠠᠯᠠᠭ᠍ᠴᠢ ᠪᠠᠢᠬᠤ᠎ᠪᠠᠷ ᠪᠠᠷᠠᠬᠤ ᠦᠭᠡᠢ ᠪᠠᠰᠠ ᠱᠢᠨ᠎ᠡ ᠨᠢᠭᠡ ᠦᠶ᠎ᠡ᠎ᠶ᠋ᠢᠨ ᠡᠮᠡᠭ᠌ᠲᠡᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠤᠯᠠᠮᠵᠢᠯᠠᠭᠴᠢ ᠪᠠᠢᠨ᠎ᠠ᠃ ᠲᠣᠭ᠎ᠠ ᠲᠣᠮᠰᠢ ᠦᠭᠡᠢ ᠤᠯᠠᠨ 《ᠡᠮᠡᠭᠳᠡᠢᠴᠤᠳ》 ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ ᠴᠣ ᠱᠢᠨ᠎ᠡ ᠳᠦᠷᠰᠦ ᠪᠠᠢᠳᠠᠯ᠎ᠢᠶᠠᠷ ᠤᠳᠤ ᠦᠶ᠎ᠡ᠎ᠶ᠋ᠢᠨ ᠠᠮᠢᠳᠤᠷᠠᠯ᠎ᠳᠤ ᠠᠭᠤᠰᠴᠤ᠌᠂ ᠳᠡᠯᠡᠬᠡᠢ᠎ᠳᠦ ᠬᠠᠨᠳᠤᠬᠤ᠎ᠶ᠋ᠢ ᠠᠬᠢᠭᠤᠯᠪᠠ᠃
ᠴᠦᠩᠴᠢᠩ ᠬᠣᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯ ᠬᠠᠭᠤᠴᠢ ᠰᠤᠳᠤᠯᠤᠯ᠎ᠤᠨ ᠬᠦᠷᠢᠶᠡᠯᠡᠩ᠎ᠳᠦ ᠨᠢᠭᠡᠨ ᠰᠠᠯᠠᠭ᠎ᠠ ᠡᠮᠡᠭ᠌ᠲᠡᠶ ᠬᠠᠭᠤᠴᠢ ᠰᠤᠳᠤᠯᠤᠯ᠎ᠤᠨ ᠠᠩᠭᠢ ᠠᠵᠢᠯᠯᠠᠵᠤ ᠪᠠᠢᠨ᠎ᠠ᠃ 2012 ᠣᠨ᠎ᠳᠤ ᠪᠠᠢᠭᠤᠯᠤᠭ᠍ᠳᠠᠭ᠍ᠰᠠᠨ ᠡᠴᠡ ᠨᠠᠭᠠᠰᠢ᠂ ᠲᠡᠳᠡ ᠵᠢᠯ ᠲᠤᠵᠢ ᠸᠠᠨ ᠵᠧᠦ᠂ ᠾᠧ ᠴᠤᠸᠠᠨ᠂ ᠹᠦ᠋ ᠯᠢᠩ ᠵᠡᠷᠭᠡ ᠭᠠᠵᠠᠷ᠎ᠤᠨ ᠬᠠᠭᠤᠴᠢ ᠰᠤᠳᠤᠯᠤᠯ᠎ᠤᠨ ᠲᠤᠬᠠᠢ᠎ᠶ᠋ᠢᠨ ᠲᠠᠯᠠᠪᠠᠢ᠎ᠳᠤ ᠬᠦᠷᠴᠦ᠍᠂ ᠬᠠᠢᠷ᠎ᠠ ᠰᠡᠳᠭᠢᠯᠭᠡ᠂ ᠲᠤᠰᠭᠠᠢ ᠮᠡᠷᠭᠡᠵᠢᠯ ᠪᠣᠯᠤᠨ ᠪᠠᠲᠤ ᠰᠠᠬᠢᠯᠲᠠ᠎ᠪᠠᠷ ᠥᠪᠡᠷᠮᠢᠴᠡ ᠡᠮᠡᠭ᠌ᠲᠡᠢᠴᠦᠳ᠎ᠦᠨ ᠬᠦᠴᠦᠨ᠎ᠢ ᠢᠯᠡᠷᠡᠭᠦᠯᠪᠡ᠃
ᠡᠨᠡ ᠬᠦ᠌ ᠡᠩᠨᠡᠭᠡ ᠨᠢ ᠬᠡᠭᠡᠷ᠎ᠡ᠎ᠶ᠋ᠢᠨ ᠮᠠᠯᠲᠠᠯᠲᠠ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠠᠭᠤᠴᠢ ᠰᠤᠳᠤᠯᠤᠯ᠂ ᠪᠠᠭᠠᠵᠢ ᠬᠡᠷᠡᠭ᠌ᠰᠡᠯ᠎ᠢ ᠰᠡᠯᠪᠢᠨ ᠵᠠᠰᠠᠬᠤ᠂ ᠵᠢᠷᠤᠭᠯᠠᠬᠤ ᠵᠡᠷᠭᠡ ᠣᠯᠠᠨ ᠬᠦᠷᠢᠶᠡᠨ᠎ᠦ ᠲᠤᠰᠭᠠᠶ ᠮᠡᠷᠭᠡᠵᠢᠯ᠎ᠦᠨ ᠴᠢᠳᠠᠪᠤᠷᠢᠲᠠᠨ᠎ᠢ ᠬᠠᠮᠤᠷᠴᠠᠶ᠃ ᠨᠢᠭᠡ ᠵᠢᠯ᠎ᠦᠨ ᠳᠣᠲᠣᠷ᠎ᠠ᠂ ᠭᠡᠱᠢᠭᠦᠳ᠎ᠦᠨ ᠬᠡᠭᠡᠷ᠎ᠡ᠎ᠶ᠋ᠢᠨ ᠬᠠᠭᠤᠴᠢ ᠰᠤᠳᠤᠯᠤᠯ᠎ᠳᠦ ᠵᠠᠷᠤᠴᠠᠭᠤᠯᠬᠤ ᠴᠠᠭ ᠨᠢ 200 ᠡᠳᠦᠷ᠎ᠢ ᠳᠠᠪᠠᠵᠤ᠂ ᠦᠯᠡᠳᠡᠭ᠌ᠰᠡᠨ ᠬᠤᠭᠤᠴᠠᠭᠠᠨ᠎ᠳᠤᠨᠢ ᠪᠠᠢᠭᠤᠯᠭ᠎ᠠ᠎ᠳᠠᠭᠠᠨ ᠬᠠᠭᠤᠴᠢ ᠰᠤᠳᠤᠯᠤᠯ᠎ᠤᠨ ᠦᠷ᠎ᠡ ᠪᠦᠲᠦᠭᠡᠯ ᠢ ᠰᠤᠳᠤᠯᠵᠤ᠂ ᠬᠠᠭᠤᠴᠢ ᠰᠤᠳᠤᠯᠤᠯ᠎ᠤᠨ ᠮᠡᠳᠡᠭᠦᠯᠦᠯᠲᠡ ᠪᠢᠴᠢᠳᠡᠭ᠃
ᠣᠳᠣᠬᠠᠨ᠎ᠳᠤ᠂ ᠠᠩᠭᠢ᠎ᠶ᠋ᠢᠨ ᠭᠡᠱᠢᠭᠦᠳ 《ᠤᠯᠠᠮᠵᠢᠯᠠᠬᠤ ᠬᠠᠪᠰᠤᠷᠬᠤ ᠳᠠᠭᠠᠭᠤᠯᠬᠤ》 ᠪᠠᠷ ᠳᠠᠮᠵᠢᠨ ᠱᠢᠨ᠎ᠡ ᠬᠥᠮᠦᠨ᠎ᠢ ᠬᠥᠮᠦᠵᠢᠭᠦᠯᠵᠦ᠍᠂ ᠲᠡᠦᠬᠡ᠎ᠶ᠋ᠢᠨ ᠳᠤᠷᠠᠰᠭᠠᠯᠲᠤ ᠵᠦᠢᠯ᠎ᠦᠨ ᠠᠷᠤ᠎ᠳᠠᠬᠢ ᠦᠯᠢᠭᠡᠷ᠎ᠢ ᠦᠷᠭᠦᠯᠵᠢᠯᠡᠨ ᠬᠠᠢᠨ ᠰᠦᠪᠡᠭ᠌ᠴᠢᠯᠡᠵᠦ᠍᠂ ᠡᠨᠡ ᠬᠦ᠌ ᠦᠢᠯᠡᠰ᠎ᠢ ᠦᠶ᠎ᠡ᠎ᠶ᠋ᠢᠨ ᠦᠶ᠎ᠡ᠎ᠳᠦ ᠤᠯᠠᠮᠵᠢᠯᠠᠵᠤ ᠪᠤᠢ᠃
ᠮᠢᠩᠭᠠᠨ ᠭᠠᠵᠠᠷ᠎ᠤᠨ ᠠᠯᠤᠰ᠎ᠲᠠᠬᠢ ᠾᠧᠨᠠᠨ᠎ᠤ ᠵᠧᠩᠵᠧᠦ᠍ᠳᠦ᠂ ᠺᠠᠢᠹᠸᠩ ᠬᠠᠳᠭᠤᠮᠠᠯ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠤᠯᠠᠮᠵᠢᠯᠠᠭ᠍ᠴᠢ ᠸᠠᠨ ᠱᠢᠶᠤᠤ ᠵᠢᠤᠸᠠᠨ ᠮᠠᠰᠢ ᠤᠯᠠᠨ ᠬᠠᠳᠭᠤᠮᠠᠯᠴᠢᠨᠢ ᠳᠠᠭᠠᠭᠤᠯᠤᠨ᠂ ᠡᠨᠡ ᠬᠦ᠌ ᠡᠷᠲᠡᠨ᠎ᠦ ᠤᠷ᠎ᠠ ᠮᠡᠷᠭᠡᠵᠢᠯ᠎ᠢ ᠰᠣᠶᠣᠯ᠎ᠤᠨ ᠤᠯᠠᠮᠵᠢᠯᠠᠯ ᠪᠣᠯᠤᠨ ᠡᠮᠡᠭ᠌ᠲᠡᠢᠴᠦᠳ᠎ᠦᠨ ᠬᠥᠭ᠌ᠵᠢᠯᠲᠡ᠎ᠶ᠋ᠢᠨ ᠬᠣᠣᠰ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠪᠠ᠃
《ᠬᠠᠳᠬᠤᠭᠰᠠᠨ ᠵᠢᠭᠠᠰᠤ ᠨᠢ ᠤᠮᠪᠠᠵᠤ ᠪᠠᠢᠬᠤ ᠮᠡᠳᠦ ᠂ ᠬᠠᠳᠬᠤᠭᠰᠠᠨ ᠬᠤᠸᠠᠷ ᠡᠴᠡ ᠨᠢ ᠠᠩᠬᠢᠯᠤᠮ᠎ᠠ ᠦᠨᠦᠷ ᠦᠨᠦᠷᠲᠦᠬᠦ ᠮᠡᠳᠦ》 ᠭᠡᠵᠦ ᠸᠠᠨ ᠱᠢᠶᠣᠤ ᠵᠢᠦᠸᠠᠨ ᠺᠠᠢᠹᠸᠩ ᠬᠠᠳᠭᠤᠮᠠᠯ᠎ᠤᠨ ᠷᠢᠳᠢ ᠱᠢᠳᠢ᠎ᠶ᠋ᠢ ᠳᠦᠷᠰᠦᠯᠡᠨ᠎ᠡ᠃ ᠲᠡᠭᠦᠨ᠎ᠦ ᠤᠷᠠᠨ ᠭᠠᠷ᠎ᠢᠶᠡᠷ ᠬᠢᠭᠰᠡᠨ ᠡᠾᠧᠨᠠᠨ ᠵᠦᠴᠦᠭᠡ᠎ᠶ᠋ᠢᠨ ᠲᠦᠷᠢ᠎ᠶ᠋ᠢᠨ ᠪᠠᠭ᠎ᠤᠨ ᠬᠠᠳᠬᠤᠮᠠᠯ ᠨᠢ ᠳᠤᠮᠳᠠᠳᠤ ᠣᠷᠣᠨ᠎ᠤ ᠲᠤᠮᠤ ᠵᠦᠴᠦᠭᠡ᠎ᠶ᠋ᠢ ᠳᠠᠭᠤᠯᠠᠵᠤ ᠪᠠᠢᠭ᠎ᠠ ᠮᠡᠳᠦ ᠪᠠᠢᠵᠤ ᠂ ᠭᠣᠣᠯ ᠰᠡᠳᠦᠪᠲᠦ ᠬᠠᠳᠭᠤᠮᠠᠯ᠎ᠤᠨ ᠪᠦᠲᠦᠭᠡᠯ ᠨᠢ ᠳᠤᠮᠳᠠᠳᠤ ᠤᠯᠤᠰ᠎ᠤᠨ ᠲᠠᠭᠤᠨ᠎ᠢ ᠴᠢᠮᠡᠭᠡ ᠦᠭᠡᠢ ᠲᠠᠮᠵᠢᠭᠤᠯᠤᠨ᠎ᠠ᠃
ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠬᠤ ᠥᠷᠢᠰᠥᠯᠳᠦᠭᠡᠨ᠎ᠦ ᠡᠮᠦᠨ᠎ᠡ ᠂ ᠸᠠᠨ ᠱᠢᠶᠤᠤ ᠵᠢᠤᠸᠠᠨ ᠱᠢᠨ᠎ᠡ ᠠᠷᠭ᠎ᠠ ᠵᠠᠮ᠎ᠢ ᠢᠳᠡᠪᠬᠢᠲᠡᠶ ᠰᠦᠪᠡᠭ᠌ᠴᠢᠯᠡᠪᠡ᠄ ᠲᠡᠷᠡ 《15 ᠮᠢᠨᠦ᠋ᠲ᠎ᠦᠨ ᠬᠠᠳᠭᠤᠮᠠᠯ᠎ᠤᠨ ᠬᠢᠴᠢᠶᠡᠯ》 ᠢ᠋ ᠪᠠᠭ᠎ᠠ ᠰᠤᠷᠭᠠᠭᠤᠯᠢ᠎ᠳᠤ ᠬᠦᠷᠭᠡᠵᠦ᠂ ᠬᠡᠦᠬᠡᠳ᠎ᠦᠨ ᠰᠡᠳᠭᠢᠯ᠎ᠳᠦ ᠦᠷ᠎ᠡ ᠰᠠᠴᠤᠪᠠ; ᠶᠡᠬᠡ ᠳᠡᠭᠡᠳᠦ ᠰᠤᠷᠭᠠᠭᠤᠯᠢ᠎ᠲᠠᠶ ᠬᠠᠮᠲᠤᠷᠠᠨ ᠠᠵᠢᠯᠯᠠᠵᠤ᠂ ᠤᠷ᠎ᠠ ᠮᠡᠷᠭᠡᠰᠢᠯ ᠬᠢᠭᠡᠳ ᠣᠲᠣ ᠦᠶ᠎ᠡ᠎ᠶ᠋ᠢᠨ ᠭᠤᠤ᠎ᠠ ᠲᠠᠭᠠᠱᠢᠶᠠᠯ᠎ᠤᠨ ᠠᠭᠤᠰᠤᠯᠴᠠᠯ᠎ᠢ ᠠᠬᠢᠭᠤᠯᠪᠠ; ᠤᠷᠤᠰᠭᠠᠯ ᠳᠠᠭᠠᠭ᠍ᠰᠠᠨ ᠰᠣᠶᠣᠯ᠎ᠤᠨ ᠪᠦᠳᠦᠭᠡᠯᠴᠢ ᠦᠢᠯᠡᠳᠭᠦᠨ᠎ᠢ ᠨᠡᠭᠡᠭᠡᠨ ᠬᠥᠭ᠌ᠵᠢᠭᠦᠯᠵᠦ᠍᠂ ᠵᠠᠯᠠᠭᠤᠴᠤᠳ ᠤ᠋ᠨ ᠠᠩᠬᠠᠷᠤᠯ᠎ᠢ ᠲᠠᠲᠠᠪᠠ᠃
ᠳᠤᠮᠳᠠᠳᠤ᠎ᠶ᠋ᠢᠨ ᠪᠣᠯᠪᠠᠰᠤᠨ᠎ᠤ ᠳᠠᠮᠵᠢᠭᠤᠯᠤᠭ᠍ᠴᠢ ᠪᠣᠯᠪᠠ
ᠲᠠᠪᠤᠨ ᠠᠷᠢᠶᠠᠳᠠᠨᠤ ᠲᠠᠮᠢᠷ ᠵᠢᠭᠠᠨ ᠰᠤᠷᠭᠠᠯᠲᠠ᠎ᠶ᠋ᠢᠨ ᠸᠢᠳᠢᠣ᠋᠎ᠶ᠋ᠢ ᠱᠢᠩᠭᠡᠭᠡᠨ ᠦᠢᠯᠡᠳᠴᠦ᠍᠂ ᠲᠠᠪᠤᠨ ᠠᠷᠢᠶᠠᠳᠠᠨᠦ ᠲᠠᠮᠢᠷ᠎ᠢ ᠦᠵᠡᠮᠵᠢ᠎ᠶ᠋ᠢᠨ ᠣᠷᠣᠨ ᠪᠠ ᠨᠡᠢᠭᠡᠮ ᠲᠣᠭᠣᠷᠢᠭ᠎ᠲᠤ ᠳᠡᠯᠭᠡᠷᠡᠭᠦᠯᠪᠡ ᠁ ᠬᠤᠸᠠ ᠲᠦᠸᠸ᠎ᠶᠢᠨ ᠲᠠᠪᠤᠨ ᠠᠷᠢᠶᠠᠳᠠᠨᠦ ᠲᠠᠮᠢᠷ᠎ᠤᠨ 58᠎ᠳ᠋ᠤᠭᠠᠷ ᠦᠶ᠎ᠡ᠎ᠶᠢᠨ ᠤᠯᠠᠮᠵᠢᠯᠠᠭᠴᠢ ᠴᠸᠨ ᠵᠢᠩ 2025 ᠤᠨ᠎ᠳᠦ ᠮᠠᠰᠢ ᠶᠠᠭᠠᠷᠠᠯᠳᠠᠢ ᠪᠠᠢᠯ᠎ᠠ᠃
ᠬᠠᠷᠠᠬᠠᠨ ᠪᠠᠭ᠎ᠠ ᠡᠴᠡ᠎ᠪᠠᠨ ᠵᠢᠷᠤᠮᠲᠤ ᠪᠠᠭᠠᠲᠤᠷ᠎ᠤᠨ ᠦᠯᠢᠭᠡᠷ᠎ᠲᠤ ᠰᠤᠨᠢᠷᠬᠠᠯᠳᠠᠢ ᠳᠡᠷᠡ ᠪᠡᠷ ᠲᠠᠪᠤᠨ ᠠᠷᠢᠶᠠᠳᠠᠨᠦ ᠲᠠᠮᠢᠷ᠎ᠢ ᠤᠯᠠᠮᠵᠢᠯᠠᠬᠤ᠎ᠳᠦ ᠣᠯᠠᠨ ᠵᠢᠯ ᠣᠷᠣᠯᠴᠠᠵᠤ᠂ ᠴᠥᠭᠡᠨ ᠪᠤᠰᠤ ᠬᠥᠮᠦᠰ᠎ᠦᠨ ᠨᠢᠳᠦᠨ᠎ᠳᠡᠬᠢ 《ᠲᠠᠪᠤᠨ ᠠᠷᠢᠶᠠᠳᠠᠨᠤ ᠲᠠᠮᠢᠷ᠎ᠤᠨ ᠪᠠᠭᠰᠢ》 ᠪᠣᠯᠤᠭᠰᠠᠠ ᠪᠦᠭᠡᠳ ᠪᠠᠰᠠ ᠴᠥᠭᠡᠨ ᠪᠤᠰᠤ 《ᠬᠠᠷᠢ᠎ᠶ᠋ᠢᠨ ᠱᠠᠪᠢ》 ᠡᠯᠰᠡᠭ᠌ᠰᠡᠨ ᠶᠤᠮ᠃ 2005 ᠣᠨ ᠡᠴᠡ ᠡᠬᠢᠯᠡᠵᠦ᠍᠂ ᠴᠧᠨ ᠵᠢᠩ ᠤᠷᠢᠳ ᠬᠣᠵᠢᠳ ᠠᠮᠧᠷᠢᠺᠠ᠂ ᠭᠸᠷᠮᠠᠨ᠂ ᠹᠷᠠᠨᠼᠢ ᠵᠡᠷᠭᠡ 30 ᠭᠠᠷᠤᠶ ᠤᠯᠤᠰ᠎ᠲᠤ ᠬᠦᠷᠴᠦ᠍᠂ ᠭᠠᠳᠠᠭᠠᠳᠤ᠎ᠶ᠋ᠢᠨ ᠨᠥᠬᠥᠷᠰᠡᠭ ᠬᠥᠮᠦᠰ᠎ᠲᠦ ᠲᠠᠪᠤᠨ ᠠᠷᠢᠶᠠᠳᠠᠨᠤ ᠲᠠᠮᠢᠷ᠎ᠢ ᠳᠡᠯᠭᠡᠨ ᠦᠵᠡᠭᠦᠯᠵᠦ᠍᠂ ᠤᠯᠠᠮᠵᠢᠯᠠᠨ ᠲᠠᠷᠬᠠᠭᠠᠵᠤ᠂ ᠮᠠᠰᠢ ᠣᠯᠠᠨ ᠭᠠᠳᠠᠭᠠᠳᠤ᠎ᠶ᠋ᠢᠨ ᠬᠥᠮᠦᠰ ᠲᠠᠪᠤᠨ ᠠᠷᠢᠶᠠᠳᠠᠨᠤ ᠲᠠᠮᠢᠷ ᠲᠦ᠍ ᠮᠠᠰᠢ ᠶᠡᠬᠡ ᠰᠣᠨᠢᠷᠬᠠᠯᠲᠠᠶ ᠪᠠᠢᠬᠤ᠎ᠪᠠᠨ ᠢᠯᠡᠳᠬᠡᠭᠰᠡᠨ ᠪᠠᠢᠨ᠎ᠠ᠃
ᠠᠬᠤᠢ ᠳᠠᠯᠠᠪᠠᠢ᠎ᠶᠢᠨ ᠵᠢᠭᠠᠨ ᠰᠤᠷᠭᠠᠯᠲᠠ ᠡᠴᠡ ᠭᠠᠳᠠᠨ᠎ᠠ᠂ ᠴᠧᠨ ᠵᠢᠩ ᠪᠠᠰᠠ ᠭᠠᠳᠠᠭᠠᠳᠤ᠎ᠶ᠋ᠢᠨ ᠰᠦᠯᠵᠢᠶᠡᠨ ᠳᠡᠭᠡᠷ᠎ᠡ ᠲᠠᠪᠤᠨ ᠠᠷᠢᠶᠠᠳᠠᠨᠤ ᠲᠠᠮᠢᠷ᠎ᠤᠨ ᠵᠢᠭᠠᠨ ᠰᠤᠷᠭᠠᠯᠲᠠ᠎ᠶ᠋ᠢᠨ ᠸᠢᠳᠢᠣ᠋᠎ᠶ᠋ᠢ ᠬᠡᠳᠦᠨ ᠠᠷᠪᠠ ᠨᠡᠢᠲᠡᠯᠡᠵᠦ᠍᠂ ᠲᠡᠳᠡᠨ᠎ᠳᠦ ᠳᠤᠮᠳᠠᠳᠤ ᠤᠯᠤᠰ᠎ᠤᠨ ᠤᠯᠠᠮᠵᠢᠯᠠᠯᠲᠤ ᠰᠣᠶᠣᠯ᠎ᠢ ᠨᠠᠩ ᠱᠢᠭᠤᠳ ᠪᠣᠳᠠᠲᠠᠶ᠎ᠪᠠᠷ ᠣᠢᠯᠠᠭᠠᠭᠤᠯᠵᠠᠶ᠃
ᠬᠠᠩᠵᠧᠦ᠍ᠳᠦ ᠪᠠᠢᠭ᠎ᠠ ᠳᠤᠮᠳᠠᠳᠤ ᠤᠯᠤᠰ᠎ᠤᠨ ᠰᠦᠯᠵᠢᠶᠡᠨ᠎ᠦ ᠵᠣᠬᠢᠶᠠᠯᠴᠢᠳ᠎ᠤᠨ ᠲᠣᠰᠭᠣᠨ᠎ᠳᠤ᠂ ᠨᠢᠭᠡ ᠪᠦᠯᠦᠭ ᠡᠮᠡᠭ᠌ᠲᠡᠢ ᠵᠣᠬᠢᠶᠠᠯᠴᠢᠳ ᠶᠠᠭ《ᠡᠮᠡᠭᠳᠡᠢᠴᠤᠳ᠎ᠤᠨ ᠬᠠᠷᠠᠭᠠᠰᠤ》 ᠪᠡᠷ ᠳᠤᠮᠳᠠᠳᠤ ᠤᠯᠤᠰ᠎ᠤᠨ ᠦᠯᠢᠭᠡᠷ᠎ᠢ ᠶᠠᠷᠢᠵᠤ᠂ ᠤᠶᠠᠨ ᠵᠥᠭᠡᠯᠡᠨ ᠪᠥᠭᠡᠳ ᠡᠷᠡᠰ ᠪᠠᠲᠤ ᠪᠢᠷ᠎ᠤᠨ ᠬᠦᠴᠦᠨ᠎ᠢᠶᠡᠷ ᠬᠡᠯᠡ ᠪᠠ ᠰᠣᠶᠣᠯ᠎ᠢ ᠳᠠᠪᠠᠭᠰᠠᠨ ᠬᠥᠭᠥᠷᠭᠡ᠎ᠶ᠋ᠢ ᠴᠣᠭ᠍ᠴᠠᠯᠠᠵᠤ ᠪᠠᠢᠨ᠎ᠠ᠃
ᠵᠢᠶᠠᠩ ᠱᠧᠩ ᠨᠠᠨ᠂ ᠸᠠᠩ ᠢᠦᠢ ᠷᠦᠩ ᠵᠡᠷᠭᠡ ᠡᠮᠡᠭ᠌ᠲᠡᠢ ᠵᠣᠬᠢᠶᠠᠯᠴᠢ ᠰᠦᠯᠵᠢᠶᠡᠨ᠎ᠦ ᠤᠷᠠᠨ ᠵᠣᠬᠢᠶᠠᠯ᠎ᠢᠶᠠᠷ ᠠᠴᠢᠶᠠᠯᠠᠪᠤᠷᠢ ᠪᠣᠯᠭᠠᠵᠤ᠂ ᠳᠣᠷᠣᠨᠠᠳᠠᠬᠢᠨ᠎ᠤ ᠬᠠᠢᠷ᠎ᠠ ᠰᠡᠳᠭᠢᠯᠭᠡ ᠪᠣᠯᠤᠨ ᠡᠮᠡᠭ᠌ᠲᠡᠢᠴᠦᠳ᠎ᠦᠨ ᠬᠦᠴᠦᠨ ᠴᠢᠳᠠᠯ᠎ᠢ ᠦᠭᠡ ᠥᠭᠦᠯᠡᠪᠦᠷᠢ᠎ᠳᠦ ᠠᠭᠤᠰᠭᠠᠵᠤ᠂ 《ᠮᠢ ᠶᠤᠸᠠᠢ ᠱᠠᠰᠳᠢᠷ》 ᠵᠡᠷᠭᠡ ᠪᠦᠲᠦᠭᠡᠯ᠎ᠢ ᠭᠠᠳᠠᠭᠠᠳᠤ᠎ᠳᠤ ᠭᠠᠷᠭᠠᠵᠤ᠂ ᠪᠦᠬᠦ᠌ ᠪᠥᠮᠪᠥᠷᠴᠡᠭ᠎ᠦᠨ ᠤᠩᠱᠢᠭ᠍ᠴᠢᠳ᠎ᠤᠨ ᠬᠦᠷᠢᠶᠡᠯᠡᠯ ᠢ ᠣᠯᠤᠭ᠍ᠰᠠᠨ ᠪᠠᠢᠨ᠎ᠠ᠃ ᠲᠡᠳᠡ ᠤᠷᠠᠨ ᠨᠠᠷᠢᠯᠢᠭ ᠰᠡᠳᠭᠢᠯᠭᠡ᠂ ᠭᠦᠨ ᠵᠤᠵᠠᠭᠠᠨ ᠰᠣᠶᠣᠯ᠎ᠤᠨ ᠲᠤᠨᠳᠠᠰᠤ ᠪᠡᠷ ᠰᠣᠶᠣᠯ᠎ᠤᠨ ᠪᠡᠬᠢᠯᠡᠯᠲᠡ᠎ᠶ᠋ᠢ ᠡᠪᠳᠡᠵᠦ᠍᠂ ᠳᠡᠯᠡᠬᠡᠶ ᠳ᠋ᠠᠬᠢᠨ᠎ᠳᠤ ᠨᠡᠩ ᠪᠣᠰᠣᠭ᠎ᠠ ᠴᠣᠭ᠍ᠴᠠᠲᠤ ᠳᠤᠮᠳᠠᠳᠤ ᠤᠯᠤᠰ᠎ᠢ ᠦᠵᠡᠭᠦᠯᠦᠭ᠌ᠰᠡᠨ ᠪᠠᠢᠨ᠎ᠠ᠃
《ᠱᠢᠨ᠎ᠡ ᠴᠠᠭ ᠦᠶ᠎ᠡ᠎ᠶ᠋ᠢᠨ ᠡᠮᠡᠭ᠌ᠲᠡᠢᠴᠦᠳ ᠵᠣᠷᠢᠭ᠍ᠲᠠᠢ᠎ᠪᠠᠷ ᠥᠪᠡᠷ ᠪᠢ ᠪᠠᠨ ᠢᠯᠡᠷᠡᠬᠦᠯᠵᠦ᠂ ᠵᠣᠷᠢᠭ᠍ᠲᠠᠢ᠎ᠪᠠᠷ ᠥᠪᠡᠷ᠎ᠦᠨ ᠳᠠᠭᠤᠨ᠎ᠢᠶᠡᠨ ᠬᠠᠩᠬᠢᠨᠠᠭᠤᠯᠪᠠ》 ᠭᠡᠵᠦ ᠡᠮᠡᠭ᠌ᠲᠡᠢ ᠵᠣᠬᠢᠶᠠᠯᠴᠢᠳ ᠦᠵᠡᠵᠡᠭᠡᠪᠡ᠃
ᠤᠯᠠᠮ ᠡᠴᠡ ᠣᠯᠠᠨ ᠳᠤᠮᠳᠠᠳᠤ ᠤᠯᠤᠰ᠎ᠤᠨ ᠡᠮᠡᠭ᠌ᠲᠡᠢᠴᠦᠳ 《ᠰᠣᠶᠣᠯ᠎ᠤᠨ ᠲᠠᠨᠢᠯᠴᠠᠭᠤᠯᠤᠭ᠍ᠴᠢ》 ᠪᠣᠯᠵᠤ᠂ ᠳᠡᠯᠡᠬᠡᠶ ᠳ᠋ᠠᠬᠢᠨ᠎ᠳᠤ ᠳᠤᠮᠳᠠᠳᠤ᠎ᠶ᠋ᠢᠨ 《ᠰᠣᠶᠣᠯ᠎ᠤᠨ ᠶᠡᠬᠡ ᠬᠣᠭᠣᠯᠠ》 ᠶ᠋ᠢ ᠬᠠᠩᠭᠠᠵᠤ ᠪᠠᠢᠨ᠎ᠠ —
ᠶᠤᠸᠠᠢ ᠵᠦᠴᠦᠭᠡ᠎ᠶ᠋ᠢᠨ ᠲᠣᠭ᠍ᠯᠠᠭ᠍ᠴᠢ ᠴᠧᠨ ᠯᠢ ᠵᠢᠶᠦ᠋ᠨ ᠳᠤᠮᠳᠠᠳᠤ᠎ᠶ᠋ᠢᠨ ᠤᠯᠠᠮᠵᠢᠯᠠᠯᠳᠤ ᠤᠷᠲᠤ ᠪᠠᠩᠵᠠᠯ᠎ᠢᠶᠡᠷ ᠭᠤᠶᠤᠯᠠᠵᠤ᠂ ᠭᠠᠳᠠᠭᠠᠳᠤ᠎ᠳᠤ ᠡᠷᠲᠡᠨ᠎ᠦ ᠰᠣᠩᠭᠣᠳᠠᠭ ᠳᠠᠭᠤᠤ 《ᠭᠠᠷᠤᠳᠢ》 ᠶ᠋ᠢ ᠲᠣᠭ᠍ᠯᠠᠪᠠ; 《95 ᠣᠨ ᠡᠴᠡ ᠬᠣᠢᠰᠢ ᠲᠦᠷᠦᠭ᠌ᠰᠡᠨ》 ᠨᠢᠭᠡᠨ ᠰᠦᠯᠵᠢᠶᠡᠨ ᠤᠳᠤᠨ ᠬᠡᠦᠬᠡᠨ ᠫᠠᠷᠢᠰ᠎ᠤᠨ ᠪᠡᠯᠭᠡ ᠲᠡᠮᠳᠡᠭ᠌ᠲᠦ ᠪᠠᠷᠢᠯᠭ᠎ᠠ᠎ᠶ᠋ᠢᠨ ᠡᠮᠦᠨ᠎ᠡ ᠡᠷᠲᠡᠨ᠎ᠦ ᠶᠠᠲᠤᠭ᠎ᠠ᠎ᠪᠠᠷ 《ᠮᠡᠯᠡᠷᠡᠭ ᠴᠡᠴᠡᠭ》 ᠵᠡᠷᠭᠡ ᠳᠣᠷᠣᠨᠠᠳᠠᠬᠢᠨ᠎ᠤ ᠲᠠᠲᠠᠬᠤ ᠬᠦᠴᠦᠨ᠎ᠢᠶᠡᠷ ᠪᠢᠯᠬᠠᠮ᠎ᠠ ᠠᠶᠠᠰ᠎ᠢ ᠬᠥᠭ᠌ᠵᠢᠮᠳᠡᠪᠡ; ᠴᠥᠭᠡᠨ ᠪᠤᠰᠤ ᠭᠠᠳᠠᠭᠠᠳᠤ᠎ᠳᠤ ᠰᠤᠷᠤᠯᠴᠠᠵᠤ ᠪᠠᠢᠭ᠎ᠠ ᠰᠤᠷᠤᠭ᠍ᠴᠢᠳ ᠳᠤᠮᠳᠠᠳᠤ᠎ᠶ᠋ᠢᠨ ᠤᠯᠠᠮᠵᠢᠯᠠᠯᠲᠤ ᠬᠤᠪᠴᠠᠰᠤ ᠵᠠᠰᠠᠯ᠎ᠢᠶᠠᠨ ᠡᠮᠦᠰᠴᠦ᠍ ᠢᠲᠡᠭᠡᠯ ᠲᠡᠭᠦᠯᠳᠡᠷ᠎ᠢᠶᠡᠷ ᠬᠠᠷᠢ ᠤᠯᠤᠰ᠎ᠤᠨ ᠵᠡᠭᠡᠯᠢ ᠭᠤᠳᠤᠮᠵᠢ᠎ᠪᠠᠷ ᠠᠯᠬᠤᠵᠤ᠂ 《ᠳᠣᠷᠣᠨᠠᠳᠠᠬᠢᠨ᠎ᠤ ᠴᠠᠭ᠎ᠤᠨ ᠥᠩᠭᠡ》 ᠶ᠋ᠢ ᠳᠡᠯᠬᠡᠨ ᠦᠵᠡᠭᠦᠯᠪᠡ᠃
ᠴᠠᠭ ᠦᠶ᠎ᠡ᠎ᠶ᠋ᠢᠨ ᠱᠢᠨ᠎ᠡ ᠰᠤᠷᠲᠠᠯ᠎ᠤᠨ ᠦᠢᠯᠡᠳᠦᠯᠭᠡᠵᠢᠭᠦᠯᠦᠭ᠌ᠴᠢ ᠪᠤᠯᠪᠠ
ᠭᠡᠷ ᠪᠦᠯᠢ ᠪᠣᠯ ᠬᠥᠮᠦᠨ᠎ᠦ ᠠᠮᠢᠳᠤᠷᠠᠯ᠎ᠤᠨ ᠨᠢᠭᠡᠳᠦᠭᠡᠷ ᠬᠢᠴᠢᠶᠡᠯ᠎ᠦᠨ ᠲᠠᠩᠬᠢᠮ᠂ ᠪᠠᠰᠠ ᠨᠡᠢᠭᠡᠮ᠎ᠦᠨ ᠪᠣᠯᠪᠠᠰᠤᠨ᠎ᠤ ᠰᠠᠭᠤᠷᠢ ᠨᠢᠭᠡᠴᠢ ᠪᠤᠯᠤᠨ᠎ᠠ᠃ ᠲᠣᠭ᠎ᠠ ᠲᠣᠮᠰᠢ ᠦᠭᠡᠢ ᠪᠤᠷᠤᠭᠵᠢᠭᠤᠨ ᠡᠮᠡᠭ᠌ᠲᠡᠢᠴᠦᠳ ᠬᠠᠢᠷ᠎ᠠ ᠪᠠ ᠬᠠᠷᠢᠭᠤᠴᠠᠯᠭ᠎ᠠ᠎ᠪᠠᠷ ᠱᠢᠨ᠎ᠡ ᠴᠠᠭ ᠦᠶ᠎ᠡ᠎ᠶ᠋ᠢᠨ ᠭᠡᠷ᠎ᠦᠨ ᠰᠤᠷᠲᠠᠯ᠎ᠤᠨ ᠦᠯᠢᠭᠡᠷ᠎ᠢ ᠪᠢᠴᠢᠭ᠌ᠯᠡᠵᠦ᠍᠂ ᠨᠡᠢᠭᠡᠮ᠎ᠦᠨ ᠬᠥᠭ᠌ᠵᠢᠯᠲᠡ᠎ᠳᠦ ᠢᠳᠡᠪᠬᠢ ᠬᠦᠴᠦᠨ ᠨᠡᠮᠡᠷᠢᠯᠡᠵᠦ᠍ ᠪᠠᠢᠨ᠎ᠠ᠃
ᠴᠠᠩ ᠪᠠᠶ ᠱᠠᠨ ᠠᠭᠤᠯᠠᠨ᠎ᠤ ᠭᠦᠨ᠎ᠳᠦ᠂ ᠭᠢᠷᠢᠨ᠎ᠦ ᠬᠢᠯᠢ᠎ᠪᠡᠷ ᠣᠷᠣᠵᠤ ᠭᠠᠷᠬᠤ ᠬᠢᠯᠢ᠎ᠶ᠋ᠢᠨ ᠬᠠᠮᠠᠭᠠᠯᠠᠯᠲᠠ ᠶ᠋ᠢᠨ ᠪᠠᠢᠴᠠᠭᠠᠬᠤ ᠶᠡᠷᠦᠩᠬᠡᠶ ᠥᠷᠲᠡᠭᠡ᠎ᠶ᠋ᠢᠨ ᠴᠠᠩ ᠪᠠᠢ ᠱᠠᠨ ᠬᠢᠯᠢ᠎ᠶ᠋ᠢᠨ ᠬᠠᠮᠢᠶᠠᠷᠤᠯᠲᠠ᠎ᠶ᠋ᠢᠨ ᠰᠠᠯᠪᠤᠷᠢ ᠠᠩᠭᠢ᠎ᠶ᠋ᠢᠨ ᠾᠧᠩ ᠱᠠᠨ᠎ᠤ ᠬᠢᠯᠢ᠎ᠶ᠋ᠢᠨ ᠪᠠᠢᠴᠠᠭᠠᠬᠤ ᠥᠷᠲᠡᠭᠡ᠎ᠶ᠋ᠢᠨ ᠬᠣᠶᠠᠳᠤᠭᠠᠷ ᠳᠡᠰ᠎ᠤᠨ ᠴᠠᠭ᠍ᠳᠠᠭᠠᠨ ᠳᠠᠷᠤᠭ᠎ᠠ ᠬᠤᠸᠠᠩ ᠢ ᠵᠢᠯ ᠲᠤᠷᠰᠢ ᠭᠢᠷᠢᠨ ᠮᠤᠵᠢ᠎ᠶ᠋ᠢᠨ ᠪᠠᠢᠭᠠᠯᠢ᠎ᠶ᠋ᠢᠨ ᠨᠥᠬᠥᠴᠡᠯ᠎ᠢᠶᠡᠷ ᠬᠠᠮᠤᠭ᠎ᠤᠨ ᠬᠠᠲᠠᠭᠤᠵᠢᠯᠲᠠᠶ ᠬᠢᠯᠢ᠎ᠶ᠋ᠢᠨ ᠪᠠᠢᠴᠠᠭᠠᠬᠤ ᠥᠷᠲᠡᠭᠡ᠎ᠶ᠋ᠢ ᠰᠠᠬᠢᠵᠤ ᠪᠠᠢᠳᠠᠭ᠃ ᠡᠷ᠎ᠡ ᠨᠥᠬᠥᠷ᠎ᠤᠨ᠎ᠢᠶᠡᠨ 《ᠶᠡᠬᠡ ᠭᠡᠷ》 ᠢ᠋ ᠰᠡᠳᠭᠢᠯ ᠠᠮᠤᠷ ᠰᠠᠬᠢᠬᠤ ᠵᠢ ᠪᠠᠳᠤᠯᠠᠬᠤ᠎ᠶ᠋ᠢᠨ ᠲᠥᠯᠥᠭᠡ᠂ ᠬᠡᠷᠭᠡᠢ ᠸᠠᠩ ᠷᠦᠩ ᠱᠢᠶᠠᠩ ᠨᠢ ᠹᠦᠵᠢᠶᠠᠨ ᠡᠴᠡ ᠴᠠᠩ ᠪᠠᠢ ᠱᠠᠨ ᠠᠭᠤᠯᠠᠨ᠎ᠳᠤ ᠨᠡᠭᠦᠵᠦ᠍᠂ ᠨᠡᠢᠭᠡᠮ ᠲᠣᠭᠣᠷᠢᠭ᠎ᠤᠨ ᠦᠢᠯᠡᠴᠢᠯᠡᠭᠡᠨ᠎ᠦ ᠠᠵᠢᠯ ᠬᠢᠪᠡ᠃ ᠲᠡᠷᠡ 《ᠪᠠᠭ᠎ᠠ ᠭᠡᠷ》 ᠢ᠋ᠶ᠋ᠡᠨ ᠰᠠᠢᠲᠤᠷ ᠬᠠᠮᠢᠶᠠᠷᠬᠤ ᠬᠠᠷᠢᠭᠤᠴᠠᠯᠭ᠎ᠠ᠎ᠶ᠋ᠢ ᠡᠭᠦᠷᠭᠡᠯᠡᠭ᠌ᠰᠡᠨ᠎ᠢᠶᠡᠷ ᠪᠠᠷᠠᠬᠤ ᠦᠭᠡᠢ ᠪᠠᠰᠠ ᠨᠡᠢᠲᠡ᠎ᠶ᠋ᠢᠨ ᠠᠰᠠᠷᠠᠮᠵᠢ᠎ᠶ᠋ᠢᠨ ᠠᠩᠬᠢ᠎ᠶᠢ ᠡᠭᠦᠰᠭᠡᠨ ᠪᠠᠢᠭᠤᠯᠵᠤ᠂ ᠡᠯᠰᠡᠭ᠌ᠰᠡᠨ ᠬᠡᠦᠬᠡᠳ᠎ᠤᠨ ᠶᠡᠷᠦᠩᠬᠡᠢ ᠲᠣᠭ᠎ᠠ 200 ᠭᠠᠷᠤᠢ ᠬᠥᠮᠦᠨ ᠤᠳᠠᠭ᠎ᠠ᠎ᠳᠤ ᠬᠦᠷᠴᠦ᠍᠂ ᠪᠣᠳᠠᠲᠤ ᠠᠵᠢᠯᠯᠠᠭ᠎ᠠ᠎ᠪᠠᠷ᠎ᠢᠶᠠᠨ《ᠤᠯᠤᠰ᠎ᠢᠶᠠᠨ ᠬᠠᠢᠷᠠᠯᠠᠵᠤ ᠦᠢᠯᠡᠰ᠎ᠢᠶᠡᠨ ᠳᠡᠭᠡᠳᠦᠯᠡᠬᠦ᠌》 ᠭᠦᠨᠵᠡᠭᠡᠢ ᠠᠭᠤᠯᠤᠭ᠍ᠳᠠᠬᠤᠨ᠎ᠢ ᠲᠠᠢᠯᠪᠤᠷᠢᠯᠠᠭ᠍ᠰᠠᠨ ᠪᠠᠢᠨ᠎ᠠ᠃
ᠪᠠᠭ᠍ᠰᠢ᠎ᠶ᠋ᠢᠨ ᠠᠵᠢᠯ ᠲᠠᠢ ᠠᠪᠤ᠎ᠶᠢᠨ᠎ᠢᠶᠠᠨ ᠨᠥᠯᠥᠭᠡ᠎ᠪᠡᠷ ᠬᠤᠪᠸᠢ ᠮᠤᠵᠢ᠎ᠶ᠋ᠢᠨ ᠢᠴᠠᠩ ᠬᠣᠲᠠ᠎ᠶ᠋ᠢᠨ ᠴᠠᠩ ᠶᠠᠩ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠶ᠋ᠢᠨ ᠰᠤᠷᠭᠠᠨ ᠬᠥᠮᠦᠵᠢᠯ᠎ᠦᠨ ᠪᠦᠯᠦᠭ᠌ᠯᠡᠯ᠎ᠦᠨ ᠳᠡᠳ᠋ ᠵᠠᠬᠢᠷᠤᠯ ᠯᠢᠦ ᠹᠠ ᠢᠩ ᠬᠠᠷᠠᠬᠠᠨ ᠪᠠᠭ᠎ᠠ ᠡᠴᠡ᠎ᠪᠠᠨ ᠪᠠᠭ᠍ᠰᠢ ᠪᠤᠯᠬᠤ᠎ᠪᠠᠷ ᠵᠣᠷᠢᠭ ᠱᠢᠭᠤᠳᠴᠠᠶ᠃ ᠬᠦᠰᠡᠯ ᠵᠡᠭᠦᠳᠦ ᠲᠡᠷᠭᠡᠯᠱᠢᠬᠦᠯᠦᠭᠰᠡᠨ ᠲᠡᠷᠡ ᠪᠡᠷ ᠮᠦᠨ ᠪᠠᠭ᠍ᠰᠢ ᠵᠢᠨ ᠠᠵᠢᠯ ᠲᠠᠢ ᠡᠷ᠎ᠡ ᠨᠥᠬᠥᠷ ᠴᠢᠨ ᠱᠧᠤ ᠯᠦᠩ ᠲᠠᠢ᠎ᠪᠡᠨ 《ᠰᠤᠷᠤᠯᠭ᠎ᠠ᠎ᠶ᠋ᠢ ᠲᠡᠳᠬᠦᠭᠴᠢ ᠨᠢᠭᠡ ᠭᠡᠷ》 ᠪᠤᠯᠵᠤ᠂ 《ᠶᠢᠩ ᠽᠢ ᠡᠭᠡᠴᠢ》 ᠭᠡᠬᠦ ᠨᠡᠷ᠎ᠡ᠎ᠪᠡᠷ 20 ᠵᠢᠯ ᠳᠠᠷᠠᠭᠠᠯᠠᠨ ᠰᠦᠯᠵᠢᠶᠡᠨ ᠳᠡᠭᠡᠷᠡᠬᠢ ᠰᠤᠷᠤᠯᠭ᠎ᠠ᠎ᠶ᠋ᠢ ᠲᠡᠳᠬᠦᠬᠦ᠌ ᠠᠵᠢᠯᠯᠠᠭ᠎ᠠ ᠥᠷᠨᠢᠭᠦᠯᠵᠦ᠍᠂ 3500 ᠭᠠᠷᠤᠢ ᠲᠦᠮᠡᠨ ᠲᠥᠭᠥᠷᠢᠭ ᠪᠦᠬᠦᠢ ᠨᠢᠬᠦᠯᠡᠰᠦᠩᠬᠦᠢ᠎ᠶᠢᠨ ᠦᠢᠯᠡᠰ᠎ᠲᠦ ᠬᠡᠷᠡᠭᠯᠡᠬᠦ ᠵᠤᠭᠤᠰ ᠴᠤᠭ᠍ᠯᠠᠭᠤᠯᠵᠤ᠂ 5000 ᠭᠠᠷᠤᠢ ᠬᠡᠦᠬᠡᠳ᠎ᠤᠨ ᠪᠢᠴᠢᠭ ᠦᠵᠡᠵᠦ ᠬᠤᠯᠠ ᠶᠠᠪᠤᠬᠤ᠎ᠳᠦ ᠳᠤᠰᠠᠯᠠᠪᠠ᠃
ᠬᠦᠨᠳᠦ ᠡᠪᠡᠳᠴᠢᠯᠡᠭᠰᠡᠨ ᠠᠪᠤ ᠡᠵᠢ᠎ᠪᠡᠨ ᠠᠰᠠᠷᠠᠵᠤ᠂ ᠡᠮ ᠲᠤᠮᠢ ᠨᠢ ᠤᠢᠷᠠᠳᠤᠭᠤᠯᠵᠤ ᠪᠡᠶ᠎ᠡ ᠵᠢ ᠨᠢ ᠠᠷᠴᠢᠨ ᠦᠭᠴᠦ᠂ ᠢᠯᠢᠵᠦ᠍ ᠨᠤᠬᠤᠯᠠᠨ ᠰᠤᠪᠢᠯᠠᠨ᠎ᠠ᠃ ᠪᠡᠭᠡᠵᠢᠩ ᠬᠣᠲᠠ᠎ᠶ᠋ᠢᠨ ᠬᠤᠸᠠᠢ ᠷᠸᠦ ᠲᠣᠭᠣᠷᠢᠭ᠎ᠤᠨ ᠹᠠᠨ ᠭᠧ ᠵᠤᠸᠠᠩ ᠲᠣᠰᠭᠣᠨ᠎ᠳᠤ᠂ ᠦ᠋ ᠱᠤ᠌ ᠮᠢᠩ᠎ᠦᠨ ᠬᠢᠨ ᠬᠠᠭᠠᠰ ᠵᠠᠭᠤᠨ ᠱᠢᠬᠠᠮ᠎ᠤᠨ ᠴᠠᠭ ᠬᠤᠭᠤᠴᠠᠭ᠎ᠠ᠎ᠶ᠋ᠢ ᠬᠡᠷᠡᠭ᠌ᠯᠡᠵᠦ᠍ ᠪᠠᠢᠭᠠᠳ 《ᠥᠷᠥᠱᠢᠶᠡᠯ ᠵᠢᠷᠤᠮ ᠢ ᠭᠦᠢᠴᠡᠳᠭᠡᠬᠦ᠂ ᠰᠤᠶᠤᠯ᠎ᠢ ᠬᠦᠨᠳᠦᠳᠭᠡᠵᠦ᠍ ᠶᠣᠰᠣ ᠵᠢᠷᠤᠮ᠎ᠢ ᠡᠷᠬᠢᠮᠯᠡᠬᠦ᠌》 ᠬᠡᠷ᠎ᠦᠨ ᠰᠤᠷᠲᠠᠯ᠎ᠢ ᠬᠢᠴᠢᠶᠡᠩᠭᠦᠢᠯᠡᠨ ᠰᠠᠬᠢᠪᠠ᠃
ᠡᠳᠡᠭᠡᠷ ᠡᠭᠡᠯ ᠵᠢᠷ᠎ᠦᠨ ᠡᠮᠡᠭ᠌ᠲᠡᠢᠴᠦᠳ ᠶᠡᠷᠦ᠍ ᠪᠤᠰᠤ᠎ᠶ᠋ᠢᠨ ᠪᠠᠲᠤ ᠰᠠᠬᠢᠯᠲᠠ᠎ᠪᠠᠷ ᠭᠡᠷ᠎ᠦᠨ ᠰᠤᠷᠲᠠᠯ᠎ᠢ ᠪᠠᠳᠠᠷᠠᠭᠤᠯᠵᠤ᠂ ᠬᠠᠮᠲᠤ᠎ᠶ᠋ᠢᠨ ᠴᠠᠭ ᠦᠶ᠎ᠡ᠎ᠶ᠋ᠢᠨ ᠳᠤᠷᠠᠰᠤᠮᠵᠢ᠎ᠶ᠋ᠢ ᠬᠠᠷᠠᠭᠤᠯᠪᠠ᠃
ᠰᠣᠶᠣᠯ᠎ᠤᠨ ᠦᠨᠳᠦᠰᠦ ᠰᠤᠳᠠᠰᠤ᠎ᠶ᠋ᠢᠨ ᠬᠠᠮᠠᠭᠠᠯᠠᠭ᠍ᠴᠢ ᠡᠴᠡ ᠪᠣᠯᠪᠠᠰᠤᠨ᠎ᠤ ᠰᠣᠯᠢᠯᠴᠠᠭ᠎ᠠ᠎ᠶ᠋ᠢᠨ ᠳᠠᠮᠵᠢᠭᠤᠯᠤᠭᠴᠢ ᠬᠦᠷᠲᠡᠯ᠎ᠡ᠂ ᠲᠠᠬᠢᠭᠠᠳ ᠴᠠᠭ ᠦᠶ᠎ᠡ᠎ᠶ᠋ᠢᠨ ᠱᠢᠨ᠎ᠡ ᠰᠤᠷᠲᠠᠯ᠎ᠤᠨ ᠦᠢᠯᠡᠳᠦᠯᠭᠡᠵᠢᠭᠦᠯᠦᠭ᠌ᠴᠢ ᠪᠤᠯᠳᠠᠯ᠎ᠠ᠂ ᠳᠤᠮᠳᠠᠳᠤ ᠤᠯᠤᠰ᠎ᠤᠨ ᠡᠮᠡᠭ᠌ᠲᠡᠢᠴᠦᠳ ᠶᠠᠭ ᠨᠡᠢᠭᠡᠮ ᠵᠢᠷᠤᠮ᠎ᠤᠨ ᠰᠣᠶᠣᠯ᠎ᠤᠨ ᠬᠦᠴᠦᠷᠬᠡᠭ ᠤᠯᠤᠰ᠎ᠢ ᠪᠦᠳᠦᠭᠡᠨ ᠪᠠᠢᠭᠤᠯᠬᠤ ᠠᠶᠠᠨ᠎ᠳᠦ ᠡᠳᠦᠷ ᠢᠷᠡᠬᠦᠶ᠎ᠡ ᠤᠯᠠᠨ ᠡᠱᠢᠵᠢᠭ᠌ᠰᠡᠨ ᠪᠥᠭᠡᠳ ᠭᠦᠨ ᠭᠦᠨᠵᠡᠭᠡᠢ ᠨᠥᠯᠥᠭᠡᠯᠡᠬᠦ᠌ ᠬᠦᠴᠦᠨ᠎ᠢᠶᠡᠨ ᠢᠯᠡᠷᠡᠭᠦᠯᠵᠦ᠍ ᠪᠠᠢᠨ᠎ᠠ᠃ ᠡᠨᠡ ᠬᠦ᠌ 《ᠡᠮᠡᠭᠳᠡᠢᠴᠤᠳ᠎ᠤᠨ ᠬᠦᠴᠦᠨ ᠴᠢᠳᠠᠯ》 ᠨᠢ ᠤᠯᠠᠮᠵᠢᠯᠠᠯᠳᠦ ᠭᠦᠨ ᠦᠨᠳᠦᠰᠦᠯᠡᠭ᠌ᠰᠡᠨ ᠮᠥᠷᠲᠡᠭᠡᠨ ᠢᠷᠡᠭᠡᠳᠦᠢ᠎ᠳᠦ ᠬᠠᠨᠳᠤᠵᠤ᠂ ᠳᠤᠮᠳᠠᠳᠤ᠎ᠶ᠋ᠢᠨ ᠰᠣᠶᠣᠯ᠎ᠤᠨ ᠴᠡᠴᠡᠭ᠌ᠯᠡᠯ ᠬᠥᠭ᠌ᠵᠢᠯ᠎ᠳᠦ ᠨᠡᠩ ᠭᠡᠷᠡᠯ ᠰᠠᠴᠤᠷᠠᠩᠭᠤᠢ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠬᠦ᠌ ᠪᠤᠯᠤᠨ᠎ᠠ ᠃
(ᠱᠢᠨᠬᠤᠸᠠ ᠬᠤᠷᠢᠶ᠎ᠠ᠎ᠶᠢᠨ ᠪᠡᠭᠡᠵᠢᠩ᠎ᠦᠨ 10 ᠰᠠᠷ᠎ᠠ᠎ᠶ᠋ᠢᠨ 8 ᠤ᠋ ᠴᠠᠬᠢᠯᠭᠠᠨ ᠮᠡᠳᠡᠭᠡ)