《ᠳᠤᠮᠳᠠᠳᠤ ᠤᠯᠤᠰ ᠤ᠋ᠨ ᠬᠠᠳᠠᠭᠠᠭᠰᠠᠨ ᠤᠯᠠᠭᠠᠨ ᠯᠠᠵᠤᠤ ᠵᠢᠨ ᠬᠣᠲᠠ》 ᠭᠡᠮᠡᠬᠥ ᠰᠠᠢᠬᠠᠨ ᠠᠯᠳᠠᠷ ᠲᠠᠢ ᠲᠦᠩᠯᠢᠶᠤᠤ ᠬᠤᠳᠠ ᠶ᠋ᠢᠨ ᠺᠠᠢᠯᠤ ᠰᠢᠶᠠᠨ ᠪᠠᠰᠠ ᠨᠢᠭᠡ ᠵᠢᠯ ᠤ᠋ᠨ ᠡᠯᠪᠡᠭ ᠬᠤᠷᠢᠶᠠᠯᠲᠠ ᠪᠡᠨ ᠤᠭᠳᠤᠨ ᠠᠪᠤᠯ᠎ᠠ᠃
ᠰᠤᠷᠪᠤᠯᠵᠢᠯᠠᠭᠴᠢ ᠺᠠᠢᠯᠤ ᠰᠢᠶᠠᠨ ᠤ᠋ ᠰᠢᠦᠢ ᠬᠤᠧᠠ ᠤᠯᠠᠭᠠᠨ ᠯᠠᠵᠤᠤ ᠲᠠᠷᠢᠬᠤ ᠲᠤᠰᠬᠠᠢ ᠬᠤᠷᠰᠢᠶ᠎ᠠ ᠶ᠋ᠢᠨ 500 ᠮᠦ᠍ ᠶ᠋ᠢᠨ ᠯᠠᠵᠤᠤ ᠵᠢᠨ ᠲᠠᠷᠢᠶ᠎ᠠ ᠳ᠋ᠤ ᠬᠦᠷᠪᠡᠯ᠂ ᠬᠤᠷᠰᠢᠶ᠎ᠠ ᠶ᠋ᠢᠨ ᠬᠠᠷᠢᠭᠤᠴᠠᠯᠭᠠᠲᠠᠨ ᠸᠠᠩ ᠽᠢ ᠶᠠᠨ ᠶᠠᠭ 100 ᠭᠠᠷᠤᠢ ᠬᠥᠮᠥᠨ ᠢ᠋ ᠲᠠᠭᠠᠭᠤᠯᠤᠨ ᠯᠠᠵᠤᠤ ᠳᠡᠭᠥᠬᠥ᠂ ᠲᠡᠷᠭᠡᠨ ᠳ᠋ᠤ ᠲᠡᠭᠡᠭᠡᠪᠤᠷᠢᠯᠡᠬᠦ ᠵᠡᠷᠭᠡ ᠠᠵᠢᠯ ᠳ᠋ᠤ ᠶᠠᠭᠠᠷᠠᠯᠳᠤᠵᠤ᠂ ᠬᠦᠮᠦᠰ ᠤ᠋ᠨ ᠴᠢᠷᠠᠢ ᠳ᠋ᠤ ᠡᠯᠪᠡᠭ ᠬᠤᠷᠢᠶᠠᠯᠲᠠ ᠶ᠋ᠢᠨ ᠪᠠᠶᠠᠷ ᠪᠠᠶᠠᠰᠤᠯ ᠲᠤᠳᠤᠷᠠᠨ᠎ᠠ᠃

ᠡᠯᠪᠡᠭ ᠬᠤᠷᠢᠶᠠᠯᠲᠠ ᠶ᠋ᠢᠨ ᠪᠠᠶᠠᠰᠤᠯ
《 ᠡᠨᠡ ᠵᠢᠯ ᠤ᠋ᠨ ᠮᠤ᠌ ᠨᠢᠭᠡᠴᠢ ᠶ᠋ᠢᠨ ᠤᠨᠠᠯᠲᠠ 6000 ᠵᠢᠩ ᠢ᠋ ᠲᠠᠪᠠᠬᠤ ᠶᠠᠩᠵᠤ ᠲᠠᠢ᠃ ᠬᠤᠳᠠᠯᠳᠤᠭᠠᠴᠢᠨ ᠤ᠋ ᠥᠭᠭᠦᠭᠰᠡᠨ ᠦᠨ᠎ᠡ ᠵᠢᠩ ᠪᠦᠷᠢ ᠳ᠋ᠡᠭᠡᠨ ᠵᠠᠬ᠎ᠠ ᠳᠡᠯᠭᠡᠭᠦᠷ ᠦ᠋ᠨ ᠦᠨ᠎ᠡ ᠡᠴᠡ 20 ᠮᠥᠩᠭᠥ ᠥᠨᠳᠥᠷ ᠪᠤᠯᠬᠤᠷ ᠮᠦ᠍ ᠪᠦᠷᠢ ᠶ᠋ᠢᠨ ᠴᠡᠪᠡᠷ ᠣᠷᠣᠯᠭ᠎ᠠ 2000 ᠲᠥᠭᠥᠷᠢᠭ ᠢ᠋ ᠳᠠᠪᠠᠴᠢᠬᠠᠨᠠ》 ᠭᠡᠵᠦ ᠸᠠᠩ ᠽᠢ ᠶᠠᠨ ᠪᠠᠶᠠᠷᠳᠠᠢᠬᠠᠨ ᠶᠠᠷᠢᠵᠤ ᠪᠠᠢᠯ᠎ᠠ᠃
ᠴᠡᠴᠡᠭ ᠠᠩᠬᠢᠯᠤᠮ᠎ᠠ ᠪᠤᠯ ᠡᠷᠪᠡᠬᠡᠢ ᠠᠶᠠᠨᠳᠠᠭᠠᠨ ᠢᠷᠡᠳᠡᠭ ᠬᠤᠢᠨ᠎ᠠ᠂ ᠸᠠᠩ ᠽᠢ ᠶᠠᠨ ᠤ᠋ ᠲᠠᠷᠢᠬᠰᠠᠨ ᠯᠠᠵᠤᠤ ᠨᠢ ᠴᠢᠨᠠᠷ ᠰᠠᠢᠳᠠᠢ ᠪᠣᠯᠬᠣᠷ ᠱᠠᠨᠳᠦ᠋ᠩ ᠤ᠋ᠨ ᠬᠤᠳᠠᠯᠳᠤᠭᠠᠴᠢᠨ ᠵᠠᠬ᠎ᠠ ᠳᠡᠯᠭᠡᠭᠦᠷ ᠤ᠋ᠨ ᠦᠨ᠎ᠡ ᠡᠴᠡ ᠥᠨᠳᠥᠷ ᠦᠨ᠎ᠡ ᠪᠡᠷ ᠰᠢᠭᠤᠳ ᠳᠠᠷᠢᠶᠠᠨ ᠳᠡᠭᠡᠷ᠎ᠡ ᠨᠢ ᠢᠷᠡᠵᠤ ᠬᠤᠳᠠᠯᠳᠤᠨ ᠠᠪᠴᠤ ᠭᠠᠳᠠᠭᠠᠳᠤ ᠳ᠋ᠤ ᠭᠠᠷᠭᠠᠳᠠᠭ ᠠᠵᠢ᠃ 《ᠮᠠᠨ ᠤ᠋ ᠬᠢ ᠡᠪᠡᠳᠴᠢᠨ ᠬᠣᠷᠣᠬᠠᠢ ᠶ᠋ᠢᠨ ᠭᠠᠮᠰᠢᠭ᠋ ᠢ᠋ ᠡᠰᠡᠷᠭᠦᠴᠡᠬᠦ ᠴᠢᠳᠠᠪᠥᠷᠢ ᠪᠡᠷ ᠰᠠᠢᠨ ᠯᠠᠵᠤᠤ ᠵᠢ ᠲᠠᠷᠢᠵᠤ ᠪᠤᠢ᠂ ᠪᠦᠬᠦ ᠤᠷᠭᠤᠯᠳᠠ ᠵᠢᠨ ᠬᠤᠭᠤᠴᠠᠭᠠᠨ ᠳ᠋ᠤ ᠶᠠᠮᠠᠷ ᠴᠤ᠌ ᠲᠠᠷᠢᠶᠠᠨ ᠡᠮ ᠰᠥᠷᠴᠢᠭᠡ ᠦᠭᠡᠢ᠃ ᠰᠢᠶᠠᠨ ᠤ᠋ ᠮᠠᠯ ᠤ᠋ᠨ ᠠᠰᠢᠭ᠋ ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ ᠤ᠋ ᠶᠠᠰᠤ ᠴᠢᠨᠠᠷ ᠤ᠋ᠨ ᠲᠥᠪ ᠪᠣᠯᠣᠨ ᠬᠤᠳᠠᠯᠳᠤᠭᠠᠴᠢᠳ ᠰᠢᠯᠭᠠᠨ ᠪᠠᠢᠴᠠᠭᠠᠭᠠᠳ ᠴᠦᠮ ᠲᠠᠷᠢᠶᠠᠨ ᠡᠮ ᠦ᠋ᠨ ᠦᠯᠡᠳᠡᠭᠳᠡᠯ ᠦᠭᠡᠢ ᠭᠡᠮᠡᠨ ᠲᠤᠳᠤᠷᠬᠠᠢᠯᠠᠭᠰᠠᠨ》 ᠭᠡᠵᠤ ᠸᠠᠩ ᠽᠢ ᠶᠠᠨ ᠤᠮᠤᠭᠰᠢᠯᠳᠠᠢ ᠬᠡᠯᠡᠨ᠎ᠠ᠃

ᠯᠠᠵᠤᠤ ᠳᠡᠭᠥᠨᠡ
ᠪᠠᠷᠢᠮᠵᠢᠶᠠᠵᠢᠭᠤᠯᠤᠭᠰᠠᠨ ᠶᠠᠰᠥ ᠴᠢᠨᠠᠷ ᠤ᠋ᠨ ᠡᠵᠡᠮᠳᠡᠯ ᠪᠠ ᠤᠰᠤ ᠪᠣᠷᠳᠣᠭᠤᠷ ᠤ᠋ᠨ ᠬᠠᠮᠢᠶᠠᠷᠤᠯᠲᠠ ᠪᠤᠯ ᠯᠠᠵᠤᠤ ᠶ᠋ᠢᠨ ᠶᠠᠰᠤ ᠴᠢᠨᠠᠷ ᠰᠠᠢᠨ᠂ ᠤᠨᠠᠯᠲᠠ ᠥᠨᠳᠥᠷ ᠪᠠᠢᠬᠤ ᠶ᠋ᠢᠨ ᠵᠠᠩᠭᠢᠯᠠᠭ᠎ᠠ ᠪᠤᠯᠬᠤ ᠶᠤᠮ᠃ ᠯᠠᠵᠤᠤ ᠶ᠋ᠢᠨ ᠲᠠᠷᠢᠮᠠᠯ ᠤ᠋ᠨ ᠬᠠᠮᠢᠶᠠᠷᠤᠯᠲᠠ ᠶ᠋ᠢᠨ ᠲᠦᠪᠰᠢᠨ ᠪᠣᠯᠣᠨ ᠶᠠᠰᠤ ᠴᠢᠨᠠᠷ ᠤ᠋ᠨ ᠠᠮᠤᠷ ᠲᠦᠪᠰᠢᠨ ᠢ᠋ ᠡᠬᠢ ᠦᠨᠳᠦᠰᠦ ᠡᠴᠡ ᠨᠢ ᠴᠢᠩᠭᠠᠳᠬᠠᠬᠤ ᠶ᠋ᠢᠨ ᠲᠥᠯᠥᠭᠡ᠂ ᠺᠠᠢᠯᠤ ᠰᠢᠶᠠᠨ ᠡᠨᠡ ᠵᠢᠯ ᠤᠯᠠᠭᠠᠨ ᠯᠠᠵᠤᠤ ᠵᠢᠨ ᠬᠠᠮᠢᠶ᠎ᠠ ᠪᠦᠬᠦᠢ 61 ᠪᠠᠷᠢᠮᠵᠢᠶ᠎ᠠ ᠶ᠋ᠢᠨ ᠰᠢᠰᠲᠧᠮ ᠢ᠋ ᠲᠣᠭᠲᠠᠭᠠᠨ ᠨᠡᠢᠲᠡᠯᠡᠵᠦ᠂ 45 ᠪᠠᠷᠢᠮᠵᠢᠶᠠᠵᠢᠭ᠍ᠰᠠᠨ ᠵᠢᠱ᠌ᠢᠶ᠎ᠡ ᠦᠵᠡᠭᠦᠯᠬᠦ ᠰᠠᠭᠤᠷᠢᠨ ᠢ᠋ ᠪᠠᠢᠭᠤᠯᠥᠨ᠂ 10 ᠲᠦᠮᠡᠨ ᠮᠦ᠍ ᠤᠯᠠᠭᠠᠨ ᠯᠠᠵᠤᠤ ᠶ᠋ᠢ 《ᠲᠠᠪᠤᠨ ᠨᠢᠭᠡᠳᠥᠯᠳᠠᠢ》 ᠬᠠᠮᠢᠶᠠᠷᠤᠯᠳᠠ ᠳ᠋ᠤ ᠤᠷᠤᠭᠤᠯᠪᠠ᠃ 《ᠲᠠᠪᠤᠨ ᠨᠢᠭᠡᠳᠥᠯᠳᠠᠢ》 ᠭᠡᠳᠡᠭ ᠨᠢ ᠨᠢᠭᠡᠳᠥᠯᠲᠠᠢ ᠲᠥᠷᠢᠮᠵᠢᠭᠥᠯᠥᠭᠰᠡᠨ ᠳᠠᠷᠢᠮᠠᠯ ᠤ᠋ᠨ ᠬᠠᠮᠢᠶᠠᠷᠤᠯᠲᠠ᠂ ᠨᠢᠭᠡᠳᠥᠯᠲᠠᠢ ᠲᠠᠷᠢᠶᠠᠯᠠᠩ ᠤ᠋ᠨ ᠤᠷᠤᠭᠤᠯᠤᠯᠲᠠ ᠪᠤᠳᠠᠰ ᠤ᠋ᠨ ᠬᠠᠮᠢᠶᠠᠷᠤᠯᠲᠠ᠂ ᠨᠢᠭᠡᠳᠥᠯᠲᠠᠢ ᠡᠪᠡᠳᠴᠢᠨ ᠬᠤᠷᠤᠬᠠᠢ ᠵᠢᠨ ᠬᠥᠨᠥᠭᠡᠯ ᠢ᠋ ᠰᠡᠷᠭᠡᠢᠯᠡᠨ ᠵᠠᠰᠠᠬᠤ᠂ ᠨᠢᠭᠡᠳᠥᠯᠲᠠᠢ ᠶᠠᠰᠥ ᠴᠢᠨᠠᠷ ᠤ᠋ᠨ ᠠᠮᠤᠷ ᠲᠥᠪᠰᠢᠨ ᠤ᠋ ᠬᠢᠨᠠᠨ ᠬᠡᠮᠵᠢᠯᠲᠠ᠂ ᠨᠢᠭᠡᠳᠥᠯᠲᠠᠢ ᠪᠥᠲᠥᠭᠡᠭᠳᠡᠭᠥᠨ ᠤ᠋ ᠠᠮᠤᠷ ᠲᠥᠪᠰᠢᠨ ᠤ᠋ ᠮᠥᠷᠳᠡᠯᠲᠠ ᠵᠡᠷᠭᠡ ᠵᠢ ᠪᠠᠭᠳᠠᠭᠠᠵᠤ᠂ ᠪᠠᠷᠢᠮᠵᠢᠶᠠᠵᠢᠭ᠍ᠰᠠᠨ ᠦᠢᠯᠡᠳᠪᠦᠷᠢᠯᠡᠯ ᠶ᠋ᠢᠡᠷ ᠭᠠᠳᠠᠭᠠᠳᠤ ᠳ᠋ᠤ ᠭᠠᠷᠭᠠᠬᠤ ᠲᠠᠷᠢᠶᠠᠯᠠᠩ ᠤ᠋ᠨ ᠪᠥᠲᠥᠭᠡᠭᠳᠡᠭᠥᠨ ᠤ᠋ ᠲᠠᠷᠢᠶᠠᠨ ᠡᠮ ᠤ᠋ᠨ ᠦᠯᠡᠳᠡᠭᠳᠡᠯ ᠪᠠᠷᠢᠮᠵᠢᠶ᠎ᠠ ᠡᠴᠡ ᠬᠡᠲᠦᠷᠡᠬᠦ ᠵᠡᠷᠭᠡ ᠲᠣᠪᠣᠢᠮ᠎ᠠ ᠠᠰᠠᠭᠤᠳᠠᠯ ᠢ᠋ ᠪᠦᠲᠦᠮᠵᠢᠲᠡᠶ ᠰᠢᠢᠳᠪᠦᠷᠢᠯᠡᠬᠦᠶᠢᠨ ᠬᠠᠮᠳᠥ ᠤᠯᠠᠭᠠᠨ ᠯᠠᠵᠤᠤ ᠵᠢᠨ ᠮᠤ᠌ ᠨᠢᠭᠡᠴᠢ ᠶ᠋ᠢᠨ ᠤᠨᠠᠯᠲᠠ ᠶ᠋ᠢ 5000 ᠵᠢᠩ ᠪᠠᠢᠭᠰᠠᠨ ᠡᠴᠡ 6000 ᠵᠢᠩ ᠪᠣᠯᠭᠠᠨ ᠨᠡᠮᠡᠭᠳᠡᠬᠦᠯᠵᠤ᠂ ᠯᠠᠵᠤᠤ ᠲᠠᠷᠢᠬᠤ ᠲᠠᠷᠢᠶᠠᠴᠢᠳ ᠤ᠋ᠨ ᠮᠸ᠋ ᠨᠢᠭᠡᠴᠢ ᠶ᠋ᠢᠨ ᠣᠷᠣᠯᠭ᠎ᠠ ᠶ᠋ᠢ ᠳᠤᠮᠳᠠᠴᠢ ᠪᠠᠷ 500 ᠲᠥᠭᠥᠷᠢᠭ ᠨᠡᠮᠡᠭᠳᠡᠭᠦᠯᠥᠭᠰᠡᠨ ᠪᠠᠢᠨ᠎ᠠ᠃
ᠤᠢᠷ᠎ᠠ ᠶ᠋ᠢᠨ ᠵᠢᠯ ᠳ᠋ᠤ 《ᠺᠠᠢᠯᠤᠰᠢᠶᠠᠨ ᠤ᠋ ᠤᠯᠠᠭᠠᠨ ᠯᠠᠵᠤᠤ》 ᠵᠢᠨ ᠵᠠᠬ᠎ᠠ ᠳᠡᠯᠭᠡᠭᠦᠷᠤ᠋ᠨ ᠨᠥᠯᠥᠭᠡᠯᠡᠬᠦ ᠬᠦᠴᠦᠨ ᠲᠠᠰᠤᠷᠠᠯᠲᠠ ᠦᠭᠡᠢ ᠲᠠᠬᠡᠭᠰᠢᠯᠡᠵᠤ᠂ ᠤᠯᠠᠭᠠᠨ ᠯᠠᠵᠤᠤ ᠵᠢ ᠭᠠᠳᠠᠭᠠᠳᠤ ᠳ᠋ᠤ ᠭᠠᠷᠭᠠᠬᠤ ᠠᠵᠤ ᠠᠬᠤᠢᠯᠠᠯ 2023 ᠣᠨ ᠳ᠋ᠤ 10 ᠪᠠᠢᠭᠰᠠᠨ ᠡᠴᠡ ᠪᠠᠨ ᠨᠡᠮᠡᠭᠳᠡᠭᠡᠳ ᠣᠲᠣ᠌ 18 ᠪᠣᠯᠵᠤ᠂ ᠭᠠᠳᠠᠭᠠᠳᠤ ᠭᠠᠷᠭᠠᠯᠳᠠ ᠶ᠋ᠢᠨ ᠬᠡᠮᠵᠢᠶ᠎ᠡ ᠨᠢ ᠴᠦ᠍ 8979 ᠲᠦᠮᠡᠨ ᠲᠥᠭᠥᠷᠢᠭ ᠪᠠᠢᠭᠰᠠᠨ ᠡᠴᠡ ᠪᠡᠨ ᠨᠡᠮᠡᠭᠳᠡᠭᠡᠳ 3.5 ᠳ᠋ᠦᠩᠰᠢᠭᠤᠷ ᠲᠥᠭᠥᠷᠢᠭ ᠲᠤ᠌ ᠬᠦᠷᠴᠠᠢ᠃
ᠤᠯᠠᠭᠠᠨ ᠯᠠᠵᠤᠤ ᠨᠢ ᠺᠠᠢᠯᠤ ᠰᠢᠶᠠᠨ ᠤ᠋ ᠠᠵᠤ ᠦᠢᠯᠡᠰ ᠢ᠋ ᠬᠦᠭᠵᠢᠶᠡᠨ ᠲᠠᠢ ᠪᠤᠯᠭᠠᠵᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠠᠮ ᠢ᠋ ᠰᠠᠷᠠᠭᠤᠯᠵᠢᠭᠤᠯᠤᠬᠰᠠᠨ ᠵᠢᠨᠷ ᠪᠠᠷᠠᠬᠤ ᠥᠭᠡᠢ᠂ ᠮᠠᠯᠴᠢᠨ ᠲᠠᠷᠢᠶᠠᠴᠢᠨ ᠤ᠋ ᠠᠵᠤ ᠵᠢᠷᠭᠠᠯᠲᠤ ᠠᠮᠢᠳᠤᠷᠠᠯ ᠳ᠋ᠤ ᠦᠩᠭᠡ ᠨᠡᠮᠡᠷᠢᠯᠡᠪᠠ᠃ ᠸᠠᠩ ᠽᠢ ᠶᠠᠨ ᠤ᠋ ᠯᠠᠵᠤᠤᠶᠢᠨ ᠲᠠᠷᠢᠶᠠᠨ ᠳ᠋ᠤ ᠠᠵᠢᠯ ᠬᠢᠵᠦ ᠪᠠᠢᠬᠰᠠᠨ ᠭᠦᠸᠧ ᠵᠢᠩ ᠶᠤᠧᠠᠨ ᠪᠣᠯ ᠵᠠᠭᠤᠨ ᠬᠥᠮᠥᠨ ᠤ᠋ ᠬᠥᠯᠥᠰᠥᠨ ᠠᠵᠢᠯᠴᠢᠨ ᠤ᠋ ᠡᠩᠨᠡᠭᠡ ᠶ᠋ᠢᠨ ᠳᠠᠭᠠᠭᠤᠯᠤᠭ᠍ᠴᠢ ᠪᠣᠯᠣᠨ᠎ᠠ᠃ 《ᠺᠠᠢᠯᠤ ᠰᠢᠶᠠᠨ ᠤ᠋ ᠬᠠᠳᠠᠭᠠᠭᠰᠠᠨ ᠤᠯᠠᠭᠠᠨ ᠯᠠᠵᠤᠤᠶᠢᠨ ᠠᠵᠤ ᠦᠢᠯᠡᠰ ᠪᠤᠯ ᠵᠢᠩᠬᠢᠨᠢ ᠠᠷᠠᠳ ᠢ᠋ ᠪᠠᠶᠠᠵᠢᠭᠤᠯᠬᠤ ᠠᠵᠤ ᠦᠢᠯᠡᠰ ᠪᠣᠯᠬᠤ ᠶᠤᠮ᠂ ᠬᠠᠪᠤᠷ ᠤ᠋ᠨ ᠤᠯᠠᠷᠢᠯ ᠳ᠋ᠤ ᠯᠠᠵᠤᠤ ᠲᠠᠷᠢᠬᠤ ᠡᠴᠡ ᠡᠬᠢᠯᠡᠭᠡᠳ ᠨᠠᠮᠤᠷ ᠳᠡᠭᠥᠵᠤ ᠬᠤᠷᠢᠶᠠᠬᠤ ᠬᠦᠷᠲᠡᠯ᠎ᠡ ᠪᠠᠷᠤᠭ ᠪᠦᠬᠦ ᠵᠢᠯ ᠶ᠋ᠢᠡᠷ ᠶ᠋ᠢᠡᠨ ᠴᠦᠮ ᠬᠢᠬᠦ ᠠᠵᠢᠯ ᠲᠠᠢ᠂ ᠪᠢᠳᠡ ᠤᠯᠠᠭᠠᠨ ᠯᠠᠵᠤᠤᠶᠢᠨ ᠠᠵᠤ ᠦᠢᠯᠡᠰ ᠲᠤ᠌ ᠲᠦᠰᠢᠭᠯᠡᠨ ᠵᠢᠯ ᠳ᠋ᠤ ᠬᠥᠮᠥᠨ ᠳᠤᠮᠳᠠᠴᠢ ᠪᠠᠷ ᠭᠤᠷᠪᠠ ᠲᠦᠷᠪᠡᠨ ᠲᠦᠮᠡᠨ ᠲᠥᠭᠥᠷᠢᠭᠦᠨ ᠣᠷᠣᠯᠭ᠎ᠠ ᠤᠯᠳᠠᠭ》 ᠭᠡᠵᠤ ᠭᠦᠸᠧ ᠵᠢᠩ ᠶᠤᠧᠠᠨ ᠰᠡᠳᠬᠢᠯ ᠬᠠᠨᠤᠮᠵᠢᠳᠠᠢ ᠶᠠᠷᠢᠵᠤ ᠪᠠᠢᠯ᠎ᠠ᠃
ᠣᠢᠯᠠᠭᠠᠭᠰᠠᠨ ᠵᠢᠡᠷ᠂ ᠤᠳᠤ ᠺᠠᠢᠯᠤ ᠰᠢᠶᠠᠨ ᠤ᠋ 6 ᠲᠦᠮᠡᠨ ᠲᠠᠷᠢᠶᠠᠯᠠᠬᠤ ᠡᠷᠦᠬᠡ ᠤᠯᠠᠭᠠᠨ ᠯᠠᠵᠤᠤ ᠲᠠᠷᠢᠬᠤ ᠦᠢᠯᠡᠰ ᠡᠷᠬᠢᠯᠡᠵᠦ᠂ ᠪᠦᠬᠦ ᠰᠢᠶᠠᠨ ᠶ᠋ᠢᠡᠷ ᠶ᠋ᠢᠡᠨ ᠵᠢᠯ ᠪᠦᠷᠢ ᠳᠤᠮᠳᠠᠴᠢ ᠪᠡᠷ 60 ᠲᠦᠮᠡᠨ ᠮᠤ᠌ ᠶ᠋ᠢᠨ ᠤᠯᠠᠭᠠᠨ ᠯᠠᠵᠤᠤ ᠲᠠᠷᠢᠵᠤ᠂ 5 ᠲᠦᠮᠡ ᠭᠠᠷᠤᠢ ᠬᠥᠮᠥᠨ ᠬᠠᠳᠠᠭᠠᠭᠰᠠᠨ ᠤᠯᠠᠭᠠᠨ ᠯᠠᠵᠤᠤ ᠡᠴᠡ ᠵᠢᠯ ᠤ᠋ᠨ 3.6 ᠳ᠋ᠦᠩᠰᠢᠭᠤᠷ ᠲᠥᠭᠥᠷᠢᠭ ᠦ᠋ᠨ ᠣᠷᠣᠯᠭ᠎ᠠ ᠢᠯᠡᠭᠦᠦ ᠣᠯᠵᠤ ᠪᠠᠢᠨ᠎ᠠ᠃