ᠵᠢᠯ ᠪᠤᠯᠭᠠᠨ ᠤ᠋ 5 — 6 ᠰᠠᠷ᠎ᠠ ᠶ᠋ᠢᠨ ᠦᠶᠡᠰ ᠪᠤᠯ ᠠᠯᠠᠱᠠ ᠶ᠋ᠢᠨ ᠮᠠᠯᠴᠢᠳ ᠤ᠋ᠨ ᠬᠠᠮᠤᠭ ᠤ᠋ᠨ ᠶᠠᠭᠠᠷᠠᠤ ᠤᠯᠠᠷᠢᠯ ᠪᠤᠯᠤᠨ᠎ᠠ᠃ ᠲᠡᠳᠡ ᠤᠯᠠᠮᠵᠢᠯᠠᠯᠳᠤ ᠲᠦᠬᠦᠭᠡᠷᠦᠮᠵᠢ ᠪᠡᠷ ᠲᠡᠮᠡᠭᠡ ᠶ᠋ᠢᠨ ᠨᠤᠤᠰᠤ ᠨᠤᠤᠯᠤᠭᠤᠷ ᠢ᠋ ᠨᠢᠮᠪᠠᠢ ᠰᠠᠮᠨᠠᠨ ᠠᠪᠴᠤ᠂ ᠨᠢᠭᠡ ᠬᠡᠰᠡᠭ ᠢ᠋ ᠨᠢ ᠠᠷᠭᠠᠮᠵᠢᠶ᠎ᠠ ᠳᠡᠭᠡᠰᠦ ᠲᠠᠮᠤᠬᠤ᠂ ᠤᠳᠠᠰᠤ ᠡᠭᠡᠷᠡᠬᠦ᠂ ᠮᠤᠩᠭᠤᠯ ᠭᠡᠷ ᠤ᠋ᠨ ᠤᠭᠤᠰᠤᠷ ᠪᠦᠰᠡᠯᠡᠭᠦᠷ ᠬᠢᠬᠦ᠂ ᠢᠰᠡᠭᠡᠢ ᠰᠢᠷᠳᠡᠭ ᠤᠶᠤᠬᠤ ᠵᠡᠷᠭᠡ ᠡᠳᠦᠷ ᠲᠤᠳᠤᠮ ᠤ᠋ᠨ ᠦᠢᠯᠡᠳᠪᠤᠷᠢᠯᠡᠯ ᠠᠮᠢᠳᠤᠷᠠᠯ ᠳ᠋ᠤ ᠬᠡᠷᠡᠭᠯᠡᠨ᠂ ᠨᠢᠭᠡ ᠬᠡᠰᠡᠭ ᠢ᠋ ᠨᠢ ᠬᠤᠳᠠᠯᠳᠤᠭᠠᠳ ᠠᠵᠤ ᠠᠮᠢᠳᠤᠷᠠᠯ ᠶ᠋ᠢᠡᠨ ᠦᠭᠡᠳᠡ ᠳᠠᠳᠠᠳᠠᠭ ᠶᠤᠮ᠃
ᠵᠢᠯ ᠪᠤᠯᠭᠠᠨ ᠤ᠋ 6 — 8 ᠰᠠᠷ᠎ᠠ ᠨᠢ ᠮᠦᠨ ᠴᠦ᠍ ᠠᠯᠠᠱᠠ ᠶ᠋ᠢᠨ ᠲᠦᠧᠧ ᠵᠦᠩ ᠸᠠᠩ ᠲᠡᠮᠡᠭᠡᠨ ᠨᠤᠤᠰᠤ ᠵᠢᠨ ᠦᠢᠯᠡᠳᠭᠦᠨ ᠤ᠋ ᠬᠢᠵᠠᠭᠠᠷᠳᠦ ᠺᠤᠮᠫᠠᠨᠢ ᠶ᠋ᠢᠨ ᠬᠠᠮᠤᠭ ᠤ᠋ᠨ ᠶᠠᠭᠠᠷᠠᠤ ᠴᠠᠭ ᠪᠤᠯᠤᠨ᠎ᠠ᠃ ᠲᠡᠳᠡ 10 ᠰᠠᠯᠠᠭ᠎ᠠ ᠬᠤᠳᠠᠯᠳᠤᠨ ᠠᠪᠬᠤ ᠡᠩᠨᠡᠭᠡ ᠵᠢ ᠵᠤᠬᠢᠶᠠᠨ ᠪᠠᠢᠭᠤᠯᠤᠨ ᠠᠯᠠᠱᠠ ᠠᠢᠮᠠᠭ ᠤ᠋ᠨ ᠲᠡᠮᠡᠭᠡ ᠲᠠᠢ ᠠᠢᠯ ᠪᠤᠯᠭᠠᠨ ᠶ᠋ᠢᠡᠷ ᠬᠦᠷᠴᠤ᠂ ᠵᠢᠯ ᠤ᠋ᠨ 300 ᠳᠤᠨ ᠤᠷᠴᠢᠮ ᠲᠡᠮᠡᠭᠡᠨ ᠤ᠋ ᠨᠤᠤᠰᠤ ᠨᠤᠤᠯᠤᠭᠤᠷ ᠢ᠋ ᠬᠤᠳᠠᠯᠳᠤᠵᠤ ᠠᠪᠳᠠᠭ᠃ ᠭᠤᠪᠢ ᠨᠤᠳᠤᠭ ᠤ᠋ᠨ ᠨᠠᠷᠠ ᠰᠠᠯᠬᠢᠨ ᠤ᠋ ᠦᠨᠦᠷ ᠰᠢᠩᠭᠡᠭᠰᠡᠨ ᠡᠳᠡᠭᠡᠷ ᠨᠤᠤᠰᠤ ᠨᠤᠤᠯᠤᠭᠤᠷ ᠨᠢ ᠲᠦᠧᠧ ᠵᠦᠩ ᠸᠠᠩ ᠺᠤᠮᠫᠠᠨᠢ ᠶ᠋ᠢᠨ ᠤᠳᠤ ᠦᠶ᠎ᠠ ᠶ᠋ᠢᠨ ᠦᠢᠯᠡᠳᠪᠤᠷᠢᠯᠡᠯ ᠤ᠋ᠨ ᠱᠤᠭᠤᠮ ᠶ᠋ᠢᠡᠷ ᠳᠠᠮᠵᠢᠨ ᠭᠤᠶᠤ ᠵᠦᠭᠡᠯᠡᠨ ᠲᠡᠮᠡᠭᠡᠨ ᠨᠤᠤᠯᠤᠭᠤᠷ ᠤ᠋ᠨ ᠬᠦᠨᠵᠢᠯᠡ᠂ ᠨᠠᠷᠢᠯᠢᠭ ᠬᠢᠴᠡ ᠲᠠᠢ ᠲᠡᠮᠡᠭᠡᠨ ᠨᠤᠤᠯᠤᠭᠤᠷ ᠤ᠋ᠨ ᠲᠠᠨᠽᠢ᠂ ᠮᠤᠳ᠋ ᠬᠡᠪ ᠤ᠋ᠨ ᠨᠡᠭᠡᠮᠡᠯ ᠬᠤᠪᠴᠠᠰᠤ ᠪᠤᠯᠤᠨ ᠬᠤᠪᠢᠷᠠᠵᠤ᠂ ᠤᠯᠤᠰ ᠤ᠋ᠨ ᠲᠤᠳᠤᠭᠠᠳᠤ ᠭᠠᠳᠠᠭᠠᠳᠦ ᠳ᠋ᠤ ᠪᠤᠷᠤᠯᠠᠭᠤᠯᠤᠭᠳᠠᠵᠤ ᠪᠠᠢᠨ᠎ᠠ᠃ 2024 ᠤᠨ ᠳ᠋ᠤ ᠲᠤᠰ ᠺᠤᠮᠫᠠᠨᠢ ᠶ᠋ᠢᠨ ᠪᠤᠷᠤᠯᠠᠭᠤᠯᠭ᠎ᠠ ᠶ᠋ᠢᠨ ᠤᠷᠤᠯᠭ᠎ᠠ 5500 ᠲᠦᠮᠡᠨ ᠲᠦᠭᠦᠷᠢᠭ ᠢ᠋ ᠳᠠᠪᠠᠵᠤ᠂ 6000 ᠭᠠᠷᠤᠢ ᠬᠦᠮᠦᠨ ᠳ᠋ᠤ ᠳᠤᠭᠳᠠᠪᠤᠷᠢᠳᠠᠢ ᠤᠷᠤᠯᠭ᠎ᠠ ᠤᠯᠭᠤᠭᠰᠠᠨ ᠠᠵᠢ᠃
《ᠪᠢᠳᠡ 10 ᠭᠠᠷᠤᠢ ᠬᠤᠳᠠᠯᠳᠤᠭᠠᠴᠢᠨ ᠲᠠᠢ ᠵᠤᠯᠭᠠᠯᠴᠠᠭᠠᠳ ᠪᠠᠢᠨ᠎ᠠ᠃ ᠤᠷᠤᠰ᠂ ᠰᠠᠦ᠋ᠳᠢ ᠠᠷᠠᠪ ᠪᠠ ᠲᠦᠷᠺ ᠤ᠋ᠨ ᠬᠤᠳᠠᠯᠳᠤᠭᠠᠴᠢᠳ ᠮᠠᠨ ᠤ᠋ ᠦᠢᠯᠡᠳᠭᠦᠨ ᠢ᠋ ᠶᠡᠬᠡ ᠱᠠᠭᠰᠢᠵᠤ ᠪᠠᠢᠨ᠎ᠠ᠂ ᠪᠠᠷᠤᠭ 100 ᠲᠦᠮᠡᠨ ᠲᠦᠭᠦᠷᠢᠭ ᠤ᠋ᠨ ᠵᠠᠬᠢᠶᠠᠯᠠᠭ᠎ᠠ ᠶ᠋ᠢᠨ ᠬᠠᠭᠤᠳᠠᠰᠤ ᠲᠤᠰᠴᠢᠬᠠᠨᠠ》 ᠭᠡᠵᠦ ᠲᠦᠧᠧ ᠵᠦᠩ ᠸᠠᠩ ᠺᠤᠮᠫᠠᠨᠢ ᠶ᠋ᠢᠨ ᠭᠠᠳᠠᠭᠠᠳᠦ ᠠᠷᠠᠯᠵᠢᠶᠠᠨ ᠤ᠋ ᠬᠡᠯᠳᠡᠰ ᠤ᠋ᠨ ᠳᠠᠭᠠᠭᠠᠮᠠᠯ ᠭᠤᠤ ᠵᠢᠶᠧ ᠪᠠᠶᠠᠷᠳᠠᠢᠬᠠᠨ ᠶᠠᠷᠢᠨ᠎ᠠ᠃ 《ᠮᠠᠨ ᠤ᠋ ᠺᠤᠮᠫᠠᠨᠢ ᠡᠳ᠋ ᠪᠠᠷᠠᠭ᠎ᠠ ᠪᠡᠨ ᠭᠤᠤᠯᠳᠠᠭᠤ ᠢᠲ᠋ᠠᠯᠢ᠂ ᠠᠩᠭᠯᠢ᠂ ᠭᠧᠷᠮᠠᠨ ᠵᠡᠷᠭᠡ ᠤᠯᠤᠰ ᠲᠤ᠌ ᠪᠤᠷᠤᠯᠠᠭᠤᠯᠵᠤ ᠪᠠᠢᠨ᠎ᠠ᠃ ᠡᠨᠡ ᠵᠢᠯ ᠤ᠋ᠨ ᠲᠦᠷᠦᠭᠦᠦ 4 ᠰᠠᠷ᠎ᠠ ᠳ᠋ᠤ 20 ᠲᠦᠮᠡᠨ ᠳ᠋ᠤᠯᠯᠠᠷ ᠤ᠋ᠨ ᠭᠠᠳᠠᠭᠠᠳᠤ ᠭᠤᠪᠢᠭᠤᠯᠭ᠎ᠠ ᠡᠭᠦᠳᠴᠠᠢ》 ᠭᠡᠵᠦ ᠠᠯᠠᠱᠠ ᠵᠡᠭᠦᠨ ᠬᠤᠰᠢᠭᠤᠨ ᠤ᠋ ᠯᠠᠢ ᠹᠦ ᠡᠯ ᠨᠤᠤᠰᠤ ᠨᠤᠤᠯᠤᠭᠤᠷ ᠤ᠋ᠨ ᠬᠢᠵᠠᠭᠠᠷᠳᠦ ᠺᠤᠮᠫᠠᠨᠢ ᠶ᠋ᠢᠨ ᠪᠤᠷᠤᠯᠠᠭᠤᠯᠭ᠎ᠠ ᠶ᠋ᠢᠨ ᠳᠠᠭᠠᠭᠠᠮᠠᠯ ᠶᠠᠩ ᠬᠤᠩ ᠮᠧᠢ ᠶᠠᠷᠢᠵᠤ ᠪᠠᠢᠯ᠎ᠠ ᠁
《ᠮᠠᠩᠬᠠᠨ ᠨᠤᠳᠤᠭ ᠤ᠋ᠨ ᠤᠩᠭᠤᠴᠠ᠂ ᠮᠠᠯᠵᠢᠬᠤ ᠤᠷᠤᠨ ᠤ᠋ ᠵᠠᠭᠠᠨ》 ᠬᠡᠮᠡᠨ ᠠᠯᠳᠠᠷᠰᠢᠭᠰᠠᠨ ᠲᠡᠮᠡᠭᠡ ᠪᠤᠯ ᠤᠯᠠᠨ ᠵᠦᠢᠯ ᠤ᠋ᠨ ᠠᠵᠤ ᠠᠬᠤᠢ ᠶ᠋ᠢᠨ ᠦᠷᠳᠡᠭ ᠲᠠᠢ ᠲᠠᠪᠤᠨ ᠬᠤᠰᠢᠭᠤ ᠮᠠᠯ ᠤ᠋ᠨ ᠨᠢᠭᠡ ᠶᠤᠮ᠃ ᠡᠭᠦᠨ ᠳ᠋ᠤ ᠲᠡᠮᠡᠭᠡᠨ ᠤ᠋ ᠨᠤᠤᠰᠤ ᠨᠤᠤᠯᠤᠭᠤᠷ ᠪᠤᠯ ᠨᠡᠬᠡᠮᠡᠯ ᠤ᠋ᠨ ᠦᠢᠯᠡᠳᠪᠤᠷᠢ ᠶ᠋ᠢᠨ ᠴᠢᠬᠤᠯᠠ ᠲᠦᠬᠦᠭᠡᠢ ᠮᠠᠲᠧᠷᠢᠶᠠᠯ ᠪᠠᠢᠵᠤ᠂ ᠲᠡᠮᠡᠭᠡᠨ ᠤ᠋ ᠨᠤᠤᠰᠤ ᠨᠤᠤᠯᠤᠭᠤᠷ ᠵᠢᠡᠷ ᠨᠡᠬᠡᠭᠰᠡᠨ ᠡᠳ᠋ ᠨᠢ ᠵᠦᠭᠡᠯᠡᠨ᠂ ᠬᠦᠩᠭᠡᠨ᠂ ᠳᠤᠯᠠᠭᠠᠨ᠂ ᠪᠦᠭᠡ ᠪᠦᠭᠡᠳ ᠡᠳ᠋ᠯᠡᠵᠦ ᠡᠮᠦᠰᠬᠦ ᠳ᠋ᠤ ᠳᠠᠭᠠᠯᠠᠮᠵᠢᠳᠠᠢ ᠪᠠᠢᠳᠠᠭ ᠶ᠋ᠢᠡᠷ ᠤᠯᠤᠰ ᠤ᠋ᠨ ᠳᠤᠳᠤᠭᠠᠳᠤ ᠭᠠᠳᠠᠭᠠᠳᠦ ᠶ᠋ᠢᠨ ᠬᠡᠷᠡᠭᠯᠡᠭᠴᠢᠳ ᠤ᠋ᠨ ᠳᠠᠭᠠᠰᠢᠶᠠᠯ ᠢ᠋ ᠶᠡᠬᠡᠳᠡ ᠤᠯᠵᠤ ᠪᠤᠢ᠃

ᠦᠪᠦᠷ ᠮᠤᠩᠭᠤᠯ ᠪᠤᠯ ᠪᠦᠬᠦ ᠤᠯᠤᠰ ᠤ᠋ᠨ ᠲᠡᠮᠡᠭᠡᠨ ᠨᠤᠤᠯᠤᠭᠤᠷ ᠤ᠋ᠨ ᠭᠠᠷᠤᠯᠳᠠ ᠶ᠋ᠢᠨ ᠭᠤᠤᠯᠯᠠᠬᠤ ᠤᠷᠤᠨ ᠪᠠᠢᠵᠤ᠂ ᠲᠡᠮᠡᠭᠡᠨ ᠨᠤᠤᠯᠤᠭᠤᠷ ᠤ᠋ᠨ ᠭᠠᠷᠤᠯᠳᠠ ᠨᠢ ᠪᠦᠬᠦ ᠤᠯᠤᠰ ᠤ᠋ᠨ ᠶᠡᠷᠤᠩᠬᠡᠢ ᠭᠠᠷᠤᠯᠳᠠ ᠵᠢᠨ 50% ᠤᠷᠴᠢᠮ ᠢ᠋ ᠡᠵᠡᠯᠡᠵᠦ ᠪᠠᠢᠳᠠᠭ᠃ ᠠᠯᠠᠱᠠ ᠠᠢᠮᠠᠭ ᠪᠤᠯ ᠳᠤᠮᠳᠠᠳᠤ ᠤᠯᠤᠰ ᠤ᠋ᠨ ᠬᠤᠤᠰ ᠪᠦᠬᠦᠳᠦ ᠲᠡᠮᠡᠭᠡ ᠮᠠᠯᠵᠢᠬᠤ ᠭᠤᠤᠯᠯᠠᠬᠤ ᠤᠷᠤᠨ ᠪᠠᠢᠵᠤ᠂ ᠬᠤᠤᠰ ᠪᠦᠬᠦᠳᠦ ᠲᠡᠮᠡᠭᠡᠨ ᠤ᠋ ᠲᠤᠭ᠎ᠠ ᠨᠢ ᠪᠦᠬᠦ ᠤᠯᠤᠰ ᠤ᠋ᠨ 1\3 ᠶ᠋ᠢ ᠡᠵᠡᠯᠡᠨ᠂ ᠵᠢᠯ ᠤ᠋ᠨ ᠲᠡᠮᠡᠭᠡᠨ ᠨᠤᠤᠯᠤᠭᠤᠷ ᠤ᠋ᠨ ᠭᠠᠷᠤᠯᠳᠠ ᠨᠢ 500 ᠳᠤᠨ ᠢ᠋ ᠳᠠᠪᠠᠵᠤ ᠪᠤᠢ᠃ ᠠᠯᠠᠱᠠ ᠶ᠋ᠢᠨ ᠬᠤᠤᠰ ᠪᠦᠬᠦᠳᠦ ᠲᠡᠮᠡᠭᠡᠨ ᠤ᠋ ᠨᠤᠤᠯᠤᠭᠤᠷ ᠤ᠋ᠨ ᠨᠠᠷᠢᠴᠠ ᠵᠢᠨ ᠬᠡᠮᠵᠢᠶ᠎ᠠ ᠨᠢ 17 — 20 ᠮᠢᠺᠷᠤᠮᠧᠲᠷ ᠲᠦ᠍ ᠬᠦᠷᠴᠦ᠂ ᠭᠤᠢᠳᠠ ᠰᠠᠢᠬᠠᠨ ᠦᠩᠭᠡ ᠲᠠᠢ ᠮᠦᠷᠳᠡᠬᠡᠨ ᠴᠢᠬᠢᠭ ᠢ᠋ ᠰᠡᠷᠭᠡᠢᠯᠡᠬᠦ᠂ ᠳᠠᠢᠪᠤᠩ ᠴᠠᠬᠢᠯᠭᠠᠨ ᠡᠭᠦᠰᠬᠦ ᠦᠭᠡᠢ᠂ ᠡᠳ᠋ᠯᠡᠬᠦ ᠳ᠋ᠤ ᠠᠮᠠᠷ ᠪᠠ ᠳᠤᠯᠠᠭᠠᠨ ᠢ᠋ ᠪᠠᠳᠤᠯᠠᠬᠤ ᠬᠡᠮᠵᠢᠶ᠎ᠠ ᠪᠡᠷ ᠢᠮᠠᠭᠠᠨ ᠨᠤᠤᠯᠤᠭᠤᠷ ᠡᠴᠡ 1.5 ᠳᠠᠬᠢᠨ᠂ ᠬᠤᠨᠢᠨ ᠨᠤᠤᠰᠤ ᠡᠴᠡ 3 — 4 ᠳᠠᠬᠢᠨ ᠰᠠᠢᠨ ᠪᠠᠢᠳᠠᠭ ᠶ᠋ᠢᠡᠷ ᠤᠷᠤᠰ᠂ ᠢᠲ᠋ᠠᠯᠢ᠂ ᠠᠩᠭᠯᠢ᠂ ᠭᠧᠷᠮᠠᠨ ᠵᠡᠷᠭᠡ ᠤᠯᠤᠰ ᠲᠤ᠌ ᠦᠷᠭᠡᠨ ᠶ᠋ᠢᠡᠷ ᠪᠤᠷᠤᠯᠠᠭᠤᠯᠤᠭᠳᠠᠵᠤ᠂ ᠪᠦᠬᠦ ᠳᠡᠯᠡᠬᠡᠢ ᠶ᠋ᠢᠨ 45% ᠶ᠋ᠢᠨ ᠴᠢᠨᠠᠷ ᠰᠠᠢᠳᠠᠢ ᠲᠡᠮᠡᠭᠡᠨ ᠨᠤᠤᠯᠤᠭᠤᠷ ᠨᠢ ᠠᠯᠠᠱᠠ ᠠᠢᠮᠠᠭ ᠡᠴᠡ ᠢᠷᠡᠯᠳᠡ ᠲᠠᠢ ᠭᠡᠳᠡᠭ᠃
ᠪᠠᠶᠠᠨᠨᠠᠭᠤᠷ ᠤ᠋ᠨ ᠤᠷᠠᠳ ᠤ᠋ᠨ ᠬᠤᠢᠳᠤ ᠬᠤᠰᠢᠭᠤᠨ ᠤ᠋ ᠭᠤᠪᠢ ᠶ᠋ᠢᠨ ᠤᠯᠠᠭᠠᠨ ᠲᠡᠮᠡᠭᠡ ᠶ᠋ᠢᠨ ᠨᠤᠤᠯᠤᠭᠤᠷ ᠴᠤ᠌ ᠳᠡᠯᠡᠭᠡᠢ ᠳ᠋ᠤ ᠠᠯᠳᠠᠷᠳᠠᠢ ᠶᠤᠮ᠃ 1988 ᠤᠨ ᠳ᠋ᠤ ᠠᠮᠧᠷᠢᠺᠠ ᠳ᠋ᠤ ᠶᠠᠪᠤᠭᠳᠠᠭᠰᠠᠨ ᠤᠯᠠᠨ ᠤᠯᠤᠰ ᠤ᠋ᠨ ᠲᠡᠮᠡᠭᠡᠨ ᠨᠤᠤᠯᠤᠭᠤᠷ ᠤ᠋ᠨ ᠮᠦᠷᠦᠢᠴᠡᠭᠡᠨ ᠳ᠋ᠤ ᠤᠷᠠᠳ ᠤ᠋ᠨ ᠬᠤᠢᠳᠤ ᠬᠤᠰᠢᠭᠤᠨ ᠤ᠋ ᠭᠤᠪᠢ ᠶ᠋ᠢᠨ ᠤᠯᠠᠭᠠᠨ ᠲᠡᠮᠡᠭᠡ ᠶ᠋ᠢᠨ ᠨᠤᠤᠯᠤᠭᠤᠷ ᠨᠢ 16 — 18 ᠮᠢᠺᠷᠤᠮᠧᠲᠷ ᠤ᠋ᠨ ᠨᠠᠷᠢᠴᠠ᠂ ᠨᠠᠰᠤ ᠭᠦᠢᠴᠡᠭᠰᠡᠨ ᠲᠡᠮᠡᠭᠡ ᠵᠢᠯ ᠪᠦᠷᠢ ᠳᠤᠮᠳᠠᠴᠢ ᠪᠡᠷ 4.2 ᠵᠢᠩ ᠤ᠋ᠨ ᠨᠤᠤᠰᠤ ᠨᠤᠤᠯᠤᠭᠤᠷ ᠤ᠋ᠨ ᠭᠠᠷᠤᠯᠳᠠ ᠪᠡᠷ ᠪᠦᠬᠦ ᠳᠡᠯᠡᠬᠡᠢ ᠶ᠋ᠢᠨ ᠭᠠᠷᠤᠯᠳᠠ ᠪᠡᠷ ᠬᠠᠮᠤᠭ ᠤ᠋ᠨ ᠦᠨᠳᠦᠷ᠂ ᠬᠠᠮᠤᠭ ᠤ᠋ᠨ ᠨᠠᠷᠢᠨ ᠲᠡᠮᠡᠭᠡᠨ ᠨᠤᠤᠯᠤᠭᠤᠷ ᠤ᠋ᠨ ᠠᠯᠳᠠᠷ ᠢ᠋ ᠬᠦᠷᠳᠡᠵᠠᠢ᠃ 2025 ᠤᠨ ᠤ᠋ ᠬᠠᠮᠤᠭ ᠤ᠋ᠨ ᠰᠢᠨ᠎ᠠ ᠲᠤᠭ᠎ᠠ ᠪᠠᠷᠢᠮᠳᠠ ᠶ᠋ᠢ ᠦᠨᠳᠦᠰᠦᠯᠡᠪᠡᠯ᠂ ᠲᠤᠰ ᠬᠤᠰᠢᠭᠤᠨ ᠤ᠋ ᠲᠡᠮᠡᠭᠡᠨ ᠨᠤᠤᠯᠤᠭᠤᠷ ᠤ᠋ᠨ ᠦᠢᠯᠡᠳᠭᠦᠨ ᠤ᠋ ᠭᠠᠳᠠᠭᠠᠳᠦ ᠭᠠᠷᠭᠠᠯᠳᠠ ᠨᠢ 3.2 ᠳ᠋ᠦᠩᠰᠢᠭᠤᠷ ᠲᠦᠭᠦᠷᠢᠭ ᠢ᠋ ᠲᠠᠪᠠᠵᠤ᠂ ᠡᠭᠦᠨ ᠳ᠋ᠤ ᠲᠡᠮᠡᠭᠡᠨ ᠨᠤᠤᠯᠤᠭᠤᠷ ᠤ᠋ᠨ ᠬᠦᠨᠵᠢᠯᠡ ᠨᠢ ᠶᠠᠫᠤᠨ ᠤ᠋ ᠬᠡᠷᠡᠭᠯᠡᠭᠴᠢᠳ ᠤ᠋ᠨ ᠳᠠᠭᠠᠰᠢᠶᠠᠯ ᠢ᠋ ᠶᠡᠬᠡᠳᠡ ᠤᠯᠵᠤ᠂ ᠬᠦᠨᠵᠢᠯᠡ ᠪᠦᠷᠢ ᠨᠢ 8000 ᠲᠦᠭᠦᠷᠢᠭ ᠤ᠋ᠨ ᠦᠨᠳᠦᠷ ᠦᠨ᠎ᠠ ᠳ᠋ᠤ ᠬᠦᠷᠴᠤ ᠪᠠᠢᠨ᠎ᠠ᠃
ᠤᠢᠷ᠎ᠠ ᠶ᠋ᠢᠨ ᠵᠢᠯ ᠳ᠋ᠤ ᠲᠡᠮᠡᠬᠡᠨ ᠨᠤᠤᠯᠤᠭᠤᠷ ᠤ᠋ᠨ ᠠᠵᠤ ᠦᠢᠯᠡᠰ ᠨᠢᠭᠡᠨᠳᠡ ᠦᠪᠦᠷ ᠮᠤᠩᠭᠤᠯ ᠤ᠋ᠨ ᠦᠪᠡᠷᠮᠢᠴᠡ ᠤᠨᠴᠠᠯᠢᠬ ᠲᠠᠢ ᠲᠠᠪᠠᠭᠤᠯᠢᠭᠳᠤ ᠠᠵᠤ ᠦᠢᠯᠡᠰ ᠤ᠋ᠨ ᠨᠢᠭᠡ ᠪᠤᠯᠵᠤ ᠬᠦᠭᠵᠢᠪᠡ᠃ ᠭᠡᠪᠡᠴᠤ ᠮᠠᠨ ᠤ᠋ ᠤᠯᠤᠰ ᠲᠤ᠌ ᠨᠡᠯᠢᠶᠡᠳ ᠤᠷᠳᠤ ᠬᠤᠭᠤᠴᠠᠭᠠᠨ᠎ᠠ ᠲᠡᠮᠡᠬᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠤᠯᠤᠰ ᠤ᠋ᠨ ᠪᠠᠷᠢᠮᠵᠢᠶ᠎ᠠ ᠪᠠ ᠠᠵᠢᠯ ᠲᠦᠷᠦᠯ ᠤ᠋ᠨ ᠪᠠᠷᠢᠮᠵᠢᠶ᠎ᠠ ᠦᠭᠡᠢ ᠪᠠᠢᠵᠤ᠂ ᠬᠤᠨᠢᠨ ᠨᠤᠤᠰᠤ ᠪᠤᠶᠤ ᠢᠮᠠᠭᠠᠨ ᠨᠤᠤᠯᠤᠭᠤᠷ ᠤ᠋ᠨ ᠪᠦᠲᠦᠭᠡᠭᠳᠡᠭᠦᠨ ᠤ᠋ ᠬᠤᠯᠪᠤᠭᠳᠠᠯ ᠪᠦᠬᠦᠢ ᠪᠠᠷᠢᠮᠵᠢᠶ᠎ᠠ ᠪᠡᠷ ᠲᠡᠮᠡᠭᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠶᠠᠰᠤ ᠴᠢᠨᠠᠷ ᠢ᠋ ᠬᠢᠨᠠᠨ ᠡᠵᠡᠮᠳᠡᠳᠡᠭ ᠪᠤᠯᠬᠤᠷ ᠲᠡᠮᠡᠭᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠶᠠᠰᠤ ᠴᠢᠨᠠᠷ ᠢ᠋ ᠦᠨᠡᠨ ᠬᠦ᠌ ᠲᠤᠰᠬᠠᠵᠤ ᠳᠡᠢᠯᠬᠦ ᠦᠭᠡᠢ ᠪᠠᠢᠵᠤ᠂ ᠲᠡᠮᠡᠬᠡᠨ ᠨᠤᠤᠯᠤᠭᠤᠷ ᠤ᠋ᠨ ᠠᠵᠤ ᠦᠢᠯᠡᠰ ᠤ᠋ᠨ ᠴᠢᠨᠠᠷ ᠰᠠᠢᠳᠠᠢ ᠬᠦᠭᠵᠢᠯᠳᠡ ᠶ᠋ᠢᠨ ᠨᠢᠭᠡᠨ ᠪᠤᠭᠤᠮᠢ ᠪᠤᠯᠤᠭᠰᠠᠭᠠᠷ ᠢᠷᠡᠵᠠᠢ᠃ ᠡᠭᠦᠨ ᠤ᠋ ᠳᠡᠭᠡᠷ᠎ᠠ ᠲᠡᠮᠡᠭᠡᠨ ᠤ᠋ ᠨᠤᠤᠰᠤ ᠨᠤᠤᠯᠤᠭᠤᠷ ᠲᠤ᠌ ᠪᠤᠳᠤᠭ ᠤᠷᠤᠭᠤᠯᠤᠭᠰᠠᠨ ᠬᠤᠨᠢᠨ ᠨᠤᠤᠰᠤ᠂ ᠪᠤᠳᠤᠭ ᠤᠷᠤᠭᠤᠯᠤᠭᠰᠠᠨ ᠬᠦᠪᠤᠩ ᠵᠢᠴᠢ ᠠᠵᠤ ᠦᠢᠯᠡᠳᠪᠤᠷᠢ ᠶ᠋ᠢᠨ ᠰᠢᠷᠬᠡᠭᠯᠢᠭ ᠡᠳ᠋ ᠬᠤᠯᠢᠪᠠᠯ ᠴᠤᠯ ᠲᠡᠮᠡᠭᠡᠨ ᠨᠤᠤᠯᠤᠭᠤᠷ ᠡᠴᠡ ᠴᠤ᠌ ᠦᠩᠭᠡ ᠨᠢ ᠰᠠᠢᠬᠠᠨ ᠪᠤᠯᠵᠤ᠂ ᠲᠤᠰᠬᠠᠢ ᠮᠡᠷᠭᠡᠵᠢᠯ ᠤ᠋ᠨ ᠬᠦᠮᠦᠨ ᠪᠢᠰᠢ ᠪᠤᠯ ᠢᠯᠭᠠᠬᠤ ᠳ᠋ᠤ ᠪᠡᠷᠬᠡ ᠪᠠᠢᠳᠠᠭ ᠡᠴᠡ ᠵᠠᠬ᠎ᠠ ᠳᠡᠯᠭᠡᠭᠦᠷ ᠳᠡᠭᠡᠷ᠎ᠠ ᠪᠠᠭ᠎ᠠ ᠪᠤᠰᠤ ᠬᠠᠭᠤᠷᠮᠠᠭ ᠲᠡᠮᠡᠬᠡᠨ ᠨᠤᠤᠯᠤᠭᠤᠷ ᠤᠷᠤᠰᠢᠵᠤ ᠪᠠᠢᠯ᠎ᠠ᠃
ᠡᠨᠡ ᠬᠦ᠌ ᠪᠠᠢᠳᠠᠯ ᠳ᠋ᠤ ᠴᠢᠭᠯᠡᠭᠦᠯᠦᠨ ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠰᠢᠷᠬᠡᠭᠯᠢᠭ ᠪᠦᠲᠦᠭᠡᠭᠳᠡᠭᠦᠨ ᠤ᠋ ᠶᠠᠰᠤ ᠴᠢᠨᠠᠷ ᠢ᠋ ᠬᠢᠨᠠᠨ ᠬᠡᠮᠵᠢᠬᠦ ᠲᠦᠪ 2019 ᠤᠨ ᠡᠴᠡ ᠡᠬᠢᠯᠡᠨ ᠦᠪᠦᠷ ᠮᠤᠩᠭᠤᠯ ᠤ᠋ᠨ ᠲᠡᠮᠡᠭᠡᠨ ᠨᠤᠤᠯᠤᠭᠤᠷ ᠢ᠋ ᠡᠳ᠋ᠰᠢᠭᠦᠯᠦᠨ ᠪᠤᠯᠪᠠᠰᠤᠷᠠᠭᠤᠯᠬᠤ ᠠᠵᠤ ᠠᠬᠤᠢᠯᠠᠯ ᠲᠠᠢ ᠬᠠᠮᠳᠤᠷᠠᠨ ᠲᠡᠮᠡᠭᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠠᠵᠢᠯ ᠲᠦᠷᠦᠯ ᠤ᠋ᠨ ᠪᠠᠷᠢᠮᠵᠢᠢᠠ ᠶ᠋ᠢ ᠳᠤᠭᠳᠠᠭᠠᠬᠤ ᠠᠵᠢᠯ ᠢ᠋ ᠭᠠᠷᠳᠠᠨ ᠬᠢᠵᠦ᠂ 《ᠲᠡᠮᠡᠭᠡᠨ ᠨᠤᠤᠯᠤᠭᠤᠷ ᠵᠢᠴᠢ ᠲᠡᠮᠡᠭᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠪᠠᠷᠢᠮᠵᠢᠶ᠎ᠠ ᠶ᠋ᠢᠨ ᠰᠢᠰᠲ᠋ᠧᠮ》 ᠤ᠋ᠨ ᠲᠦᠷᠦᠯ ᠵᠦᠢᠯ ᠢ᠋ ᠡᠷᠬᠢᠯᠡᠨ ᠭᠦᠢᠴᠡᠳᠭᠡᠪᠡ᠃ ᠡᠨᠡ ᠵᠢᠯ ᠤ᠋ᠨ 7 ᠰᠠᠷ᠎ᠠ ᠳ᠋ᠤ᠂ ᠲᠤᠰ ᠲᠦᠪ ᠡᠴᠡ ᠡᠷᠬᠢᠯᠡᠨ ᠳᠤᠭᠳᠠᠭᠠᠭᠰᠠᠨ 《ᠲᠡᠮᠡᠭᠡᠨ ᠨᠤᠤᠯᠤᠭᠤᠷ ᠤ᠋ᠨ ᠨᠡᠬᠡᠮᠡᠯ ᠡᠳ᠋》᠂ 《ᠲᠡᠮᠡᠭᠡᠨ ᠨᠤᠤᠯᠤᠭᠤᠷ ᠤ᠋ᠨ ᠬᠦᠨᠵᠢᠯᠡ》 ᠵᠢᠴᠢ 《ᠲᠡᠮᠡᠭᠡᠨ ᠨᠤᠤᠯᠤᠭᠤᠷ ᠤ᠋ᠨ ᠮᠠᠰᠢᠨ ᠨᠡᠭᠡᠮᠡᠯ ᠤ᠋ᠨ ᠬᠦᠵᠦᠭᠦᠨ ᠤ᠋ ᠤᠷᠢᠶᠠᠯᠲᠠ ᠪᠡ ᠨᠦᠮᠦᠷᠭᠡ》 ᠵᠡᠷᠭᠡ 3 ᠵᠦᠢᠯ ᠤ᠋ᠨ ᠠᠵᠢᠯ ᠲᠦᠷᠦᠯ ᠤ᠋ᠨ ᠪᠠᠷᠢᠮᠵᠢᠶ᠎ᠠ ᠨᠢ ᠪᠦᠬᠦ ᠤᠯᠤᠰ ᠤ᠋ᠨ ᠨᠡᠬᠡᠮᠡᠯ ᠡᠳ᠋ ᠤ᠋ᠨ ᠪᠠᠷᠢᠮᠵᠢᠶᠠᠵᠢᠭᠤᠯᠤᠯᠲᠠ ᠶ᠋ᠢᠨ ᠮᠡᠷᠭᠡᠵᠢᠯ ᠤ᠋ᠨ ᠵᠦᠪᠯᠡᠯ ᠤ᠋ᠨ ᠨᠤᠤᠰᠤ ᠨᠤᠤᠯᠤᠭᠤᠷ ᠤ᠋ᠨ ᠨᠡᠬᠡᠮᠡᠯ ᠡᠳ᠋ ᠤ᠋ᠨ ᠮᠡᠷᠭᠡᠵᠢᠯ ᠤ᠋ᠨ ᠬᠤᠪᠢᠶᠠᠷᠢ ᠵᠦᠪᠯᠡᠯ ᠡᠴᠡ ᠵᠤᠬᠢᠶᠠᠨ ᠪᠠᠢᠭᠤᠯᠤᠬᠰᠠᠨ ᠬᠠᠮᠢᠶ᠎ᠠ ᠪᠦᠬᠦᠢ ᠪᠠᠷᠢᠮᠵᠢᠶ᠎ᠠ ᠶ᠋ᠢ ᠬᠢᠨᠠᠨ ᠲᠤᠬᠲᠠᠭᠠᠬᠤ ᠬᠤᠷᠠᠯ ᠳᠡᠭᠡᠷ᠎ᠡ ᠤᠷᠤᠭᠰᠢᠳᠠᠢ ᠪᠠᠳᠤᠯᠠᠭᠳᠠᠵᠤ᠂ ᠮᠠᠨ ᠤ᠋ ᠤᠯᠤᠰ ᠤ᠋ᠨ ᠤᠷᠲᠤ ᠬᠤᠭᠤᠴᠠᠭᠠᠨ᠎ᠠ ᠲᠡᠮᠡᠭᠡᠨ ᠨᠤᠤᠯᠤᠭᠤᠷ ᠤ᠋ᠨ ᠪᠦᠲᠦᠭᠡᠭᠳᠡᠬᠦᠨ ᠤ᠋ ᠤᠯᠤᠰ ᠤ᠋ᠨ ᠪᠠᠷᠢᠮᠵᠢᠶ᠎ᠠ ᠪᠠ ᠠᠵᠢᠯ ᠲᠦᠷᠦᠯ ᠤ᠋ᠨ ᠪᠠᠷᠢᠮᠵᠢᠶ᠎ᠠ ᠦᠭᠡᠢ ᠪᠠᠢᠭᠰᠠᠨ ᠲᠡᠦᠬᠡ ᠶ᠋ᠢ ᠡᠴᠤᠰᠯᠡᠭᠦᠯᠪᠡ᠃ ᠡᠭᠦᠨ ᠡᠴᠡ ᠦᠪᠦᠷ ᠮᠤᠩᠭᠤᠯ᠂ ᠲᠡᠷᠡᠴᠢᠯᠡᠨ ᠪᠦᠬᠦ ᠤᠯᠤᠰ ᠤ᠋ᠨ ᠲᠡᠮᠡᠭᠡᠨ ᠨᠤᠤᠯᠤᠭᠤᠷ ᠤ᠋ᠨ ᠠᠵᠤ ᠦᠢᠯᠡᠰ ᠪᠠᠷᠢᠮᠵᠢᠶᠠᠵᠢᠭᠰᠠᠨ ᠴᠢᠨᠠᠷ ᠰᠠᠢᠳᠠᠢ ᠬᠦᠭᠵᠢᠯᠳᠡ ᠶ᠋ᠢᠨ ᠡᠷᠢᠨ ᠳ᠋ᠤ ᠤᠷᠤᠯ᠎ᠠ᠃
ᠰᠢᠨᠡᠭᠡᠨ ᠪᠠᠲᠤᠯᠠᠬᠳᠠᠬᠰᠠᠨ ᠡᠨᠡ 3 ᠪᠠᠷᠢᠮᠵᠢᠶ᠎ᠠ ᠨᠢ ᠲᠡᠮᠡᠭᠡᠨ ᠤ᠋ ᠨᠤᠤᠰᠤ ᠨᠤᠤᠯᠤᠭᠤᠷ ᠤ᠋ᠨ ᠰᠢᠷᠬᠡᠭᠯᠢᠭ ᠤ᠋ᠨ ᠵᠥᠷᠢᠶ᠎ᠡ ᠵᠢ ᠭᠦᠢᠴᠡᠳ ᠪᠤᠳᠤᠯᠬᠢᠯᠠᠵᠤ᠂ ᠠᠵᠢᠯ ᠲᠥᠷᠥᠯ ᠤ᠋ᠨ ᠬᠢᠨ ᠢ᠋ ᠤᠷᠳᠤ ᠬᠤᠭᠤᠴᠠᠭ᠎ᠠ ᠪᠡᠷ ᠬᠦᠯᠢᠶᠡᠰᠦᠯᠡᠵᠦ ᠪᠠᠢᠭᠰᠠᠨ ᠲᠡᠮᠡᠭᠡᠨ ᠨᠣᠤᠯᠤᠭᠤᠷ ᠤ᠋ᠨ ᠪᠦᠲᠦᠭᠡᠭᠳᠡᠭᠦᠨ ᠤ᠋ ᠱᠢᠷᠬᠡᠭᠯᠢᠭ ᠤ᠋ᠨ ᠠᠭᠤᠯᠤᠭ᠍ᠳᠠᠴᠠ ᠵᠢ ᠮᠠᠭᠠᠳᠯᠠᠨ ᠲᠣᠭ᠍ᠲᠠᠭᠠᠬᠤ ᠳ᠋ᠤ ᠪᠡᠷᠬᠡ ᠠᠰᠠᠭᠤᠳᠠᠯ ᠢ᠋ ᠰᠢᠢᠳᠪᠤᠷᠢᠯᠡᠵᠠᠢ᠃ ᠡᠭᠦᠨ ᠤ᠋ ᠬᠠᠮᠲᠤ ᠪᠠᠷᠢᠮᠵᠢᠶ᠎ᠠ ᠳ᠋ᠤ ᠪᠠᠰᠠ ᠲᠡᠮᠡᠭᠡᠨ ᠨᠣᠤᠯᠤᠭᠤᠷ ᠤ᠋ᠨ ᠱᠢᠷᠬᠡᠭᠯᠢᠭ ᠤ᠋ᠨ ᠲᠠᠯ᠎ᠠ ᠪᠡᠷ ᠬᠢ ᠳᠠᠪᠠᠭᠤᠯᠢᠭ ᠢ᠋ ᠭᠦᠶ᠋ᠴᠡᠳ ᠢᠯᠡᠷᠡᠭᠦᠯᠵᠦ᠂ 《ᠪᠠᠢᠭᠠᠯᠢ ᠶ᠋ᠢᠨ ᠤᠤᠯ ᠦᠨᠭᠭᠡ》 ᠶ᠋ᠢᠨ ᠪᠦᠲᠦᠭᠡᠭᠳᠡᠭᠦᠨ ᠤ᠋ ᠥᠩᠭᠡ ᠪᠠᠨ ᠬᠠᠳᠠᠭᠠᠯᠠᠬᠤ ᠴᠢᠨᠠᠷ ᠢ᠋ ᠲᠤᠳᠤᠷᠬᠠᠢᠯᠠᠬᠤ ᠬᠢᠨᠠᠨ ᠱᠢᠯᠭᠠᠬᠤ ᠱᠠᠭᠠᠷᠳᠠᠯᠭ᠎ᠠ ᠵᠢ ᠳᠡᠭᠡᠭ᠌ᠰᠢᠯᠡᠭᠦᠯᠪᠡ᠃ ᠡᠨᠡ ᠨᠢ ᠠᠵᠤ ᠠᠬᠤᠢᠯᠠᠯ ᠢ᠋ ᠬᠥᠲᠥᠯᠥᠨ ᠵᠢᠯᠣᠭᠣᠳᠴᠤ᠌ ᠦᠶ᠋ᠯᠡᠳᠪᠦᠷᠢᠯᠡᠯ ᠤ᠋ᠨ ᠶᠠᠪᠤᠴᠠ ᠳ᠋ᠠᠭᠠᠨ ᠬᠢᠮᠢ ᠶ᠋ᠢᠨ ᠪᠤᠳᠤᠭ ᠤᠷᠤᠭᠤᠯᠬᠤ ᠵᠢ ᠪᠠᠭᠠᠰᠭᠠᠵᠤ ᠂ ᠪᠠᠢᠭᠠᠯᠢ ᠶ᠋ᠢᠨ ᠥᠩᠭᠡ ᠳᠦᠷᠬᠦ ᠶ᠋ᠢ ᠨᠢ ᠭᠦᠶ᠋ᠴᠡᠳ ᠠᠰᠢᠭᠯᠠᠵᠤ ᠪᠦᠲᠦᠭᠡᠭᠳᠡᠭᠦᠨ ᠶ᠋ᠢᠡᠨ ᠲᠦᠰᠦᠪᠯᠡᠨ᠂ ᠪᠦᠲᠦᠭᠡᠭᠳᠡᠭᠦᠨ ᠤ᠋ ᠥᠪᠡᠷᠮᠢᠴᠡ ᠴᠢᠨᠠᠷ ᠪᠠ ᠣᠷᠴᠢᠨ ᠲᠣᠭᠣᠷᠢᠨ ᠢ᠋ ᠬᠠᠮᠠᠭᠠᠯᠠᠬᠤ ᠦᠨ᠎ᠡ ᠥᠷᠲᠡᠭ ᠢ᠋ ᠨᠢ ᠳᠣᠪᠣᠢᠯᠭᠠᠵᠤ᠂ ᠲᠡᠮᠡᠭᠡᠨ ᠨᠣᠤᠯᠤᠭᠤᠷ ᠤ᠋ᠨ 《ᠪᠤᠳᠤᠭ ᠣᠷᠣᠭᠤᠯᠬᠤ ᠴᠢᠬᠤᠯᠠ ᠥᠬᠡᠶ》 ᠪᠠᠢᠭᠠᠯᠢ ᠵᠢᠨ ᠳᠠᠪᠠᠭᠤᠯᠢᠭ ᠢ᠋ ᠵᠠᠬ᠎ᠠ ᠳᠡᠯᠭᠡᠭᠦᠷ ᠤ᠋ᠨ ᠥᠷᠢᠰᠦᠯᠳᠦᠬᠦ᠌ ᠬᠦᠴᠦᠨ ᠪᠣᠯᠭᠠᠨ ᠪᠦᠲᠦᠮᠵᠢᠲᠡᠶ ᠬᠤᠪᠢᠷᠠᠭᠤᠯᠵᠤ᠂ ᠲᠡᠮᠡᠭᠡᠨ ᠨᠤᠤᠯᠤᠭᠤᠷ ᠤ᠋ᠨ ᠪᠦᠲᠦᠭᠡᠭᠳᠡᠭᠦᠨ ᠤ᠋ ᠵᠠᠬ᠎ᠠ ᠳᠡᠯᠭᠡᠭᠦᠷ ᠲᠤ᠌ ᠪᠠᠢᠪᠠᠰᠤ ᠵᠤᠬᠢᠬᠤ ᠪᠠᠢᠷᠢ ᠰᠠᠭᠤᠷᠢ ᠪᠠ ᠦᠨ᠎ᠠ ᠦᠷᠳᠡᠭ ᠢ᠋ ᠢᠯᠡᠷᠡᠭᠦᠯᠬᠦ ᠳ᠋ᠤ ᠠᠬᠢᠭᠤᠯᠬᠤ ᠦᠢᠯᠡᠳᠦᠯ ᠦᠵᠡᠭᠦᠯᠬᠦ ᠨᠢ ᠳᠠᠮᠵᠢᠭ ᠦᠭᠡᠢ᠃