ᠨᠠᠮᠤᠷ ᠤ᠋ᠨ ᠬᠤᠩᠭᠤᠷ ᠰᠠᠯᠬᠢ ᠤᠯᠠᠭᠠᠨᠴᠠᠪ ᠬᠤᠳᠠ ᠶ᠋ᠢᠨ ᠳᠥᠷᠪᠡᠳ ᠬᠣᠱᠢᠭᠤᠨ ᠤ᠋ ᠡᠬᠡ ᠭᠠᠵᠠᠷ ᠢ᠋ ᠢᠯᠪᠢᠬᠦ ᠳ᠋ᠤ᠂ ᠲᠠᠷᠢᠶᠠᠨ ᠭᠠᠵᠠᠷ ᠲᠤ᠌ ᠨᠢᠭᠤᠭ᠍ᠳᠠᠵᠤ ᠪᠠᠢᠭᠰᠠᠨ ᠠᠯᠳᠠᠨ ᠰᠢᠷᠭᠠᠯ ᠲᠦᠮᠦᠰᠦ ᠲᠤᠮᠤ ᠬᠡᠯᠪᠡᠷᠢ ᠶ᠋ᠢᠨ ᠲᠦᠮᠦᠰᠦ ᠬᠤᠷᠢᠶᠠᠬᠤ ᠮᠠᠰᠢᠨ ᠤ᠋ ᠬᠤᠢᠨ᠎ᠠ ᠢᠷᠠᠭᠳᠠᠭᠰᠠᠨ ᠬᠦᠷᠦᠰᠦᠨ ᠡᠴᠡ ᠪᠦᠭᠡᠮ ᠪᠦᠭᠡᠮ ᠶ᠋ᠢᠡᠷ ᠪᠦᠮᠪᠦᠷᠢᠨ ᠭᠠᠷᠴᠤ᠂ ᠲᠦᠮᠦᠰᠦ ᠪᠦᠷᠢ ᠡᠴᠡ ᠡᠯᠪᠡᠭ ᠬᠤᠷᠢᠶᠠᠯᠳᠠ ᠶ᠋ᠢᠨ ᠭᠡᠷᠡᠯ ᠭᠢᠯᠪᠠᠭ᠎ᠠ ᠰᠠᠴᠤᠷᠠᠨ᠎ᠠ᠃

ᠰᠤᠷᠪᠤᠯᠵᠢᠯᠠᠭᠴᠢ ᠤᠯᠠᠭᠠᠨᠬᠤᠸᠠ ᠪᠠᠯᠭᠠᠰᠤ ᠵᠢᠨ ᠵᠧᠩ ᠵᠢᠶᠠ ᠲᠠᠨ ᠲᠣᠰᠭᠣᠨᠤ ᠯᠢᠶᠠᠩ ᠭᠠᠢ ᠪᠠᠢᠭᠠᠯᠢᠯᠢᠭ ᠲᠣᠰᠭᠣᠨᠤ 1800 ᠮᠦ᠍ ᠶ᠋ᠢᠨ ᠲᠥᠮᠥᠰᠥ᠍ ᠶ᠋ᠢᠨ ᠲᠠᠷᠢᠶᠠᠨ ᠳ᠋ᠤ ᠬᠦᠷᠪᠡᠯ᠂ ᠲᠤᠮᠤ ᠬᠡᠯᠪᠡᠷᠢ ᠶ᠋ᠢᠨ ᠲᠥᠮᠥᠰᠥ᠍ ᠬᠤᠷᠢᠶᠠᠬᠤ ᠮᠠᠱᠢᠨ ᠬᠦᠷᠴᠢᠬᠢᠨᠡᠨ ᠰᠦᠯᠵᠢᠯᠳᠤᠵᠤ᠂ ᠲᠠᠷᠢᠶᠠᠴᠢᠳ ᠮᠠᠰᠢᠨ ᠤ᠋ ᠬᠤᠢᠨ᠎ᠠ ᠡᠴᠡ ᠱᠠᠯᠠᠮᠠᠭᠠᠢ ᠪᠡᠷ ᠲᠦᠮᠦᠰᠤ ᠶ᠋ᠢ ᠳᠡᠭᠦᠵᠦ ᠠᠪᠤᠨ ᠱᠢᠷᠣᠢ ᠶ᠋ᠢ ᠨᠢ ᠠᠷᠢᠯᠭᠠᠵᠤ᠂ ᠨᠠᠷᠢᠨ ᠨᠢᠮᠪᠠᠢ ᠢᠯᠭᠠᠨ ᠰᠠᠯᠭᠠᠵᠤ ᠤᠭᠤᠳᠠᠯᠠᠵᠤ ᠪᠠᠢᠯ᠎ᠠ᠃
《ᠮᠠᠨ ᠤ᠋ ᠡᠨᠡ ᠪᠤᠯ ᠠᠮᠧᠷᠢᠺᠠ ᠡᠴᠡ ᠤᠷᠤᠭᠤᠯᠵᠤ ᠠᠪᠴᠢᠷᠠᠭᠰᠠᠨ 〈ᠳ᠋ᠠ ᠰᠢ ᠶᠠᠡᠭ〉 ᠡᠭᠦᠯᠳᠡᠷ ᠤ᠋ᠨ ᠲᠦᠮᠦᠰᠦ ᠪᠤᠯᠤᠨ᠎ᠠ᠃ ᠤᠳᠤ ᠪᠤᠯ ᠲᠥᠪᠯᠡᠷᠡᠭᠦᠯᠦᠨ ᠬᠤᠷᠢᠶᠠᠬᠤ ᠬᠤᠭᠤᠴᠠᠭ᠎ᠠ ᠪᠠᠢᠵᠤ᠂ ᠮᠥ᠍ ᠨᠢᠭᠡᠴᠢ ᠶ᠋ᠢᠨ ᠤᠨᠠᠯᠳᠠ ᠪᠠᠷᠤᠭ 3.8 ᠲᠣᠨ ᠣᠷᠴᠢᠮ ᠬᠦᠷᠦᠨ᠎ᠠ᠃ ᠮᠠᠨ ᠤ᠋ ᠬᠢ ᠲᠦᠮᠦᠰᠦ ᠪᠡᠨ ᠲᠤᠨ ᠪᠦᠷᠢ ᠳ᠋ᠤ 1650 ᠲᠥᠭᠥᠷᠢᠭ ᠤ᠋ᠨ ᠵᠠᠬᠢᠶᠠᠯᠠᠭᠠᠶ᠋ᠢᠨ ᠦᠨ᠎ᠠ ᠪᠡᠷ ᠵᠢᠨᠢᠩ ᠦ᠋ᠨ ᠯᠠᠢᠮ ᠸᠠᠢᠰᠲ᠋ᠤᠨ ᠺᠣᠮᠫᠠᠨᠢ ᠳ᠋ᠤ ᠬᠤᠳᠠᠯᠳᠤᠵᠤ᠂ ᠭᠤᠤᠯᠳᠠᠭᠤ ᠲᠥᠮᠥᠰᠥ ᠶ᠋ᠢᠨ ᠵᠦᠰᠦᠮ ᠦᠢᠯᠡᠳᠪᠤᠷᠢᠯᠡᠬᠦᠳᠤ ᠬᠡᠷᠡᠭ᠌ᠯᠡᠳᠡᠭ᠃ ᠡᠨᠡ ᠵᠢᠯ ᠲᠥᠮᠥᠰᠥᠡᠯᠪᠡᠭ ᠬᠤᠷᠢᠶᠠᠯᠲᠠ ᠤᠯᠵᠤ᠂ ᠪᠢᠳᠡᠨ ᠤ᠋ ᠣᠷᠣᠯᠭ᠎ᠠ ᠪᠠᠷᠤᠭ 180 ᠲᠦᠮᠡᠨ ᠲᠦᠭᠦᠷᠢᠭ ᠤᠷᠴᠢᠮ ᠳ᠋ᠤ ᠬᠦᠷᠦᠨ᠎ᠠ᠃ ᠮᠠᠨ ᠤ᠋ ᠬᠢ ᠲᠦᠮᠦᠰᠦ ᠬᠤᠷᠢᠶᠠᠬᠤ ᠦᠶᠡᠰ 100 ᠭᠠᠷᠤᠢ ᠬᠦᠮᠦᠨ ᠬᠡᠷᠡᠭᠯᠡᠵᠦ᠂ ᠲᠤᠰᠬᠤᠨ ᠤ᠋ ᠠᠷᠠᠳ ᠡᠨᠳᠡ ᠠᠵᠢᠯ ᠬᠢᠪᠡᠯ ᠬᠦᠮᠦᠨ ᠪᠦᠷᠢ ᠡᠳᠦᠷ ᠤ᠋ᠨ 400 ᠲᠦᠭᠦᠷᠢᠭ ᠤᠷᠴᠢᠮ ᠤᠯᠴᠢᠬᠠᠨ᠎ᠠ》 ᠭᠡᠵᠦ ᠲᠠᠷᠢᠮᠠᠯ ᠤ᠋ᠨ ᠲᠤᠮᠤ ᠡᠷᠦᠬᠡ ᠵᠢᠨ ᠡᠵᠡᠨ ᠹᠧᠩ ᠵᠢᠶᠠᠨ ᠮᠢᠩ ᠬᠡᠯᠡᠨ᠎ᠠ᠃
ᠭᠢᠷᠰᠠᠳᠠᠢ ᠪᠠᠯᠭᠠᠰᠤ ᠶ᠋ᠢᠨ ᠭᠦᠨ ᠬᠠᠪᠴᠢᠯ ᠲᠣᠰᠭᠣᠨᠤ ᠲᠠᠷᠢᠶᠠᠴᠢᠨ ᠪᠦ ᠬᠤᠤ ᠱᠸᠤ ᠡᠨᠡ ᠬᠡᠳᠦᠨ ᠡᠳᠦᠷ ᠶᠡᠬᠡ ᠯᠡ ᠶᠠᠭᠠᠷᠠᠤ ᠪᠠᠢᠯ᠎ᠠ᠃ ᠰᠤᠷᠪᠤᠯᠵᠢᠯᠠᠭᠴᠢ ᠲᠡᠭᠦᠨ ᠢ᠋ ᠳᠠᠭᠠᠵᠤ ᠲᠥᠮᠥᠰᠤ ᠶ᠋ᠢᠨ ᠲᠠᠷᠢᠶᠠᠨ ᠳ᠋ᠤᠨᠢ ᠬᠦᠷᠪᠡᠯ᠂ ᠲᠤᠮᠤ ᠬᠡᠯᠪᠡᠷᠢ ᠶ᠋ᠢᠨ ᠲᠦᠮᠦᠰᠦ ᠬᠤᠷᠢᠶᠠᠬᠤ ᠮᠠᠰᠢᠨ ᠪᠠ ᠱᠠᠯᠠᠮᠠᠭᠠᠢ ᠲᠠᠷᠢᠶᠠᠴᠢᠳ ᠤ᠋ᠨ ᠡᠶ᠎ᠠ ᠵᠤᠬᠢᠴᠠᠯ ᠲᠠᠢ ᠬᠠᠮᠵᠢᠯᠴᠠᠭ᠎ᠠ ᠳ᠋ᠤ ᠭᠥᠯᠢᠭᠡᠷ ᠰᠠᠢᠬᠠᠨ ᠲᠦᠮᠦᠰᠦ ᠨᠢ ᠤᠳᠠᠭᠰᠠᠨ ᠴᠤ᠌ ᠦᠭᠡᠢ ᠲᠠᠷᠢᠶᠠᠨ ᠳᠠᠯᠠᠩ ᠳᠡᠭᠡᠷ᠎ᠠ ᠠᠭᠤᠯᠠ ᠮᠡᠳᠦ ᠤᠪᠤᠭᠠᠯᠠᠭᠳᠠᠵᠤ ᠪᠠᠢᠯ᠎ᠠ᠃

ᠱᠢᠨᠡᠬᠡᠨ ᠬᠤᠷᠢᠶᠠᠭ᠍ᠰᠠᠨ ᠲᠥᠮᠥᠰᠥ᠍
《ᠮᠠᠨᠤ ᠬᠢ ᠡᠨᠡ ᠵᠢᠯ 900 ᠮᠥ᠍ ᠲᠥᠮᠥᠰᠥ᠍ ᠳᠠᠷᠢᠵᠠᠢ᠃ ᠳ᠋ᠠ ᠰᠢ ᠶᠠᠡᠭ᠂ ᠮᠸᠡᠭ ᠡᠤ ᠱᠤ᠌ 6 ᠳ᠋ᠤᠭᠠᠷ ᠨᠤᠮᠸᠷᠲᠤ ᠪᠠ ᠬᠤᠸᠠ ᠰᠥᠩ 7 ᠳ᠋ᠤᠭᠠᠷ ᠨᠣᠮᠧᠷᠳᠤ ᠡᠭᠦᠯᠳᠡᠷ ᠤ᠋ᠨ ᠲᠦᠮᠦᠰᠤ ᠪᠦᠷ ᠪᠠᠢᠵᠤ᠂ ᠪᠠᠷᠤᠭ 3600 ᠲᠣᠨ ᠣᠷᠴᠢᠮ ᠲᠦᠮᠦᠰᠦ ᠬᠤᠷᠢᠶᠠᠨ᠎ᠠ᠃ ᠶᠡᠬᠡᠩᠬᠢ ᠲᠦᠮᠦᠰᠦ ᠪᠡᠨ ᠵᠠᠬᠢᠶᠠᠯᠠᠭ᠎ᠠ ᠪᠡᠷ ᠬᠤᠳᠠᠯᠳᠤᠵᠤ᠂ ᠪᠠᠷᠤᠭ 80 ᠲᠦᠮᠡᠨ ᠲᠥᠭᠥᠷᠢᠭ ᠣᠷᠴᠢᠮ ᠤ᠋ᠨ ᠣᠷᠣᠯᠭ᠎ᠠ ᠤᠯᠴᠢᠬᠠᠨ᠎ᠠ᠃ ᠮᠸᠡᠭ ᠡᠤ ᠱᠤ᠌ 6 ᠳ᠋ᠤᠭᠠᠷ ᠨᠤᠮᠸᠷᠲᠤ ᠪᠣᠯ ᠥᠪᠥᠷ ᠮᠣᠩᠭᠣᠯᠤᠨ ᠱᠢᠨ ᠢᠦᠶ ᠦᠷᠡᠶ᠋ᠢᠨ ᠦᠶ᠋ᠯᠡᠰᠦᠨ ᠬᠢᠵᠠᠭᠠᠷᠲᠤ ᠺᠣᠮᠫᠠᠨᠢ ᠶ᠋ᠢᠨ ᠰᠤᠳᠤᠯᠤᠨ ᠭᠠᠷᠭᠠᠭᠰᠠᠨ ᠲᠥᠮᠥᠰᠥᠶ᠋ᠢᠨ ᠡᠭᠦᠯᠳᠡᠷ ᠪᠠᠢᠵᠤ᠂ ᠴᠢᠨᠠᠷᠨᠢ ᠮᠠᠰᠢ ᠰᠠᠢᠨ᠃ ᠤᠢᠷ᠎ᠠ ᠶ᠋ᠢᠨ ᠵᠢᠯ ᠡᠴᠡ ᠱᠢᠨ ᠢᠦᠶ ᠺᠣᠮᠫᠠᠨᠢ ᠲᠠᠶ ᠬᠠᠮᠲᠤᠷᠠᠨ ᠠᠵᠢᠯᠯᠠᠭᠠᠳ᠂ ᠳᠠᠷᠢᠬᠤ ᠡᠴᠡ ᠬᠤᠷᠢᠶᠠᠬᠤ ᠪᠤᠯᠳᠠᠯ᠎ᠠ ᠪᠡᠨ ᠴᠦᠮ ᠲᠤᠰᠭᠠᠶ ᠮᠡᠷᠭᠡᠵᠢᠯᠦᠨ ᠠᠵᠢᠯᠲᠠᠨ ᠡᠴᠡ ᠵᠢᠭᠠᠨ ᠵᠢᠯᠣᠭᠤᠳᠴᠤ᠂ ᠪᠥᠬᠥ᠌ ᠶᠠᠪᠤᠴᠠ ᠪᠡᠷ ᠦᠨ᠎ᠡ ᠲᠥᠯᠥᠪᠦᠷᠢ ᠥᠬᠡᠶ ᠪᠡᠷ ᠶᠠᠰᠤ ᠴᠢᠨᠠᠷ ᠤ᠋ᠨ ᠪᠠᠳᠤᠯᠠᠭ᠎ᠠ ᠬᠠᠩᠭᠠᠳᠠᠭ ᠡᠴᠡ ᠴᠤᠬᠤᠮ ᠬᠦᠴᠦᠨ ᠳ᠋ᠤ ᠠᠷᠪᠢᠳᠠᠢ ᠪᠦᠭᠡᠳ ᠰᠠᠨᠠᠭ᠎ᠠ ᠠᠮᠦᠷ ᠪᠤᠯᠵᠠᠢ》 ᠭᠡᠵᠦ ᠪᠦ ᠬᠤᠤ ᠱᠸᠤ ᠶᠠᠷᠢᠨ᠎ᠠ᠃
ᠲᠠᠷᠢᠶᠠᠨ ᠦᠵᠦᠭᠦᠷ ᠲᠦ᠍ ᠲᠦᠮᠦᠰᠦ ᠬᠤᠳᠠᠯᠳᠤᠨ ᠠᠪᠴᠤ ᠪᠠᠢᠭᠰᠠᠨ ᠴᠢᠨ ᠬᠤᠸᠠᠩ ᠳ᠋ᠤᠤᠶ᠋ᠢᠨ ᠮᠠᠢᠺᠧᠨ ᠲᠠᠷᠢᠶᠠᠯᠠᠩᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠬᠢᠵᠠᠭᠠᠷᠲᠤ ᠺᠣᠮᠫᠠᠨᠢ ᠶ᠋ᠢᠨ ᠬᠠᠮᠢᠶ᠎ᠠ ᠪᠥᠬᠥᠶ ᠬᠠᠷᠢᠭᠤᠴᠠᠯᠭᠠᠲᠠᠨ ᠭᠤᠤ ᠷᠦᠢ ᠴᠦᠨ᠄ 《ᠮᠠᠨᠤ ᠺᠣᠮᠫᠠᠨᠢ ᠳᠣᠯᠣᠭ᠎ᠠ ᠨᠠᠶ᠋ᠮᠠᠨ ᠵᠢᠯ ᠲᠠᠷᠠᠭᠠᠯᠠᠨ ᠳᠥᠷᠪᠡᠳ ᠬᠣᠱᠢᠭᠤᠨ ᠡᠴᠡ ᠲᠥᠮᠥᠰᠥ᠍ ᠬᠤᠳᠠᠯᠳᠤᠨ ᠠᠪᠴᠤ ᠪᠠᠢᠨ᠎ᠠ᠃ ᠳᠥᠷᠪᠡᠳ ᠬᠣᠱᠢᠭᠤ ᠪᠤᠯ 〈ᠳᠤᠮᠳᠠᠳᠤ ᠤᠯᠤᠰᠤᠨ ᠲᠥᠮᠥᠰᠥᠶ᠋ᠢᠨ ᠬᠤᠳᠠ〉 ᠵᠢᠨ ᠭᠤᠤᠯ ᠲᠠᠷᠢᠮᠠᠯᠤᠨ ᠣᠷᠣᠨ ᠮᠥᠨ᠂ ᠡᠨᠳᠡᠬᠢ ᠬᠦᠷᠦᠰᠦ ᠰᠢᠷᠤᠢ᠂ ᠠᠭᠤᠷ ᠠᠮᠢᠰᠬᠤᠯ ᠨᠢ ᠲᠦᠮᠦᠰᠤ ᠲᠠᠷᠢᠬᠤ ᠳ᠋ᠤ ᠳᠤᠬᠢᠷᠠᠮᠵᠢᠳᠠᠢ᠂ ᠨᠠᠷᠠᠨ ᠤ᠋ ᠲᠤᠰᠤᠯᠳᠠ ᠬᠦᠢᠴᠡᠳ ᠲᠤᠯᠠ ᠲᠦᠮᠦᠰᠦ ᠶ᠋ᠢᠨ ᠴᠢᠨᠠᠷ ᠨᠢ ᠮᠠᠰᠢ ᠰᠠᠢᠨ᠃ ᠪᠢᠳᠡ ᠳᠥᠷᠪᠡᠳ ᠬᠣᠱᠢᠭᠤᠨ ᠤ᠋ ᠲᠥᠮᠥᠰᠥ ᠶ᠋ᠢ ᠰᠠᠨᠠᠭ᠎ᠠ ᠠᠮᠤᠷ ᠬᠤᠳᠠᠯᠳᠤᠨ ᠠᠪᠳᠠᠭ︾ ᠬᠡᠵᠤ ᠬᠡᠯᠡᠵᠦ ᠪᠠᠢᠯ᠎ᠠ᠃
ᠤᠢᠯᠠᠭᠠᠭᠰᠠᠨ ᠶ᠋ᠢᠡᠷ᠂ ᠡᠨᠡ ᠵᠢᠯ ᠳᠥᠷᠪᠡᠳ ᠬᠤᠰᠢᠭᠤ ᠨᠡᠢᠲᠡ 31 ᠲᠦᠮᠡᠨ ᠮᠥ᠍ ᠶ᠋ᠢᠨ ᠲᠦᠮᠦᠰᠦ ᠲᠠᠷᠢᠵᠤ᠂ ᠵᠢᠱ᠌ᠢᠯᠳᠡ ᠪᠡᠷ ᠶᠡᠷᠦᠩᠬᠡᠶ ᠤᠨᠠᠯᠲᠠ ᠨᠢ 80 ᠲᠦᠮᠡᠨ ᠲᠣᠨ ᠳ᠋ᠤ ᠬᠥᠷᠬᠥ᠌ ᠪᠣᠯᠤᠨ᠎ᠠ᠃ ᠡᠭᠦᠨ ᠳ᠋ᠤ 48 ᠲᠦᠮᠡᠨ ᠲᠣᠨ ᠢ᠋ ᠨᠢ ᠭᠠᠳᠠᠭᠰᠢ ᠪᠣᠷᠣᠯᠠᠭᠤᠯᠵᠤ᠂ 8 ᠲᠦᠮᠡᠨ ᠲᠣᠨ ᠢ᠋ ᠨᠢ ᠦᠷᠡᠶ᠋ᠢᠨ ᠲᠥᠮᠥᠰᠥ᠍ ᠪᠠ ᠥᠪᠡᠷ ᠵᠢᠡᠨ ᠢᠳᠡᠬᠦ᠌ ᠲᠥᠮᠥᠰᠥ ᠪᠡᠷ ᠦᠯᠡᠳᠡᠭᠡᠨ᠂ 24 ᠲᠦᠮᠡᠨ ᠲᠣᠨ ᠢ᠋ ᠤᠷᠤᠨ ᠨᠤᠳᠤᠭ ᠲᠠᠭᠠᠨ ᠡᠳ᠋ᠱᠢᠭᠦᠯᠤᠨ ᠪᠤᠯᠪᠠᠰᠤᠷᠠᠭᠤᠯᠬᠤ ᠪᠣᠯᠤᠨ᠎ᠠ᠃
ᠳᠥᠷᠪᠡᠳ ᠬᠣᠱᠢᠭᠤᠨ ᠤ᠋ ᠲᠠᠷᠢᠶᠠᠯᠠᠩ ᠮᠠᠯ ᠠᠵᠤ ᠠᠬᠤᠶ ᠪᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠤᠪᠴᠢᠶ᠎ᠠ ᠵᠢᠨ ᠳᠡᠳ᠋ ᠳᠠᠷᠤᠭ᠎ᠠ ᠵᠣᠣ ᠴᠥᠩ ᠸᠸᠨ᠄ 《ᠡᠨᠡ ᠵᠢᠯ ᠪᠥᠬᠥ᠌ ᠬᠣᠱᠢᠭᠤᠨ ᠤ᠋ ᠲᠥᠮᠥᠰᠥ᠍ ᠡᠯᠪᠡᠭ ᠬᠤᠷᠢᠶᠠᠯᠲᠠ ᠤᠯᠵᠠᠢ᠃ ᠮᠠᠨ ᠤ᠋ ᠬᠣᠱᠢᠭᠤ ᠲᠠᠷᠠᠭᠠᠴᠢ ᠪᠡᠷ ᠦᠷ᠎ᠠ ᠵᠢᠨ ᠲᠦᠮᠦᠰᠤ ᠵᠢ ᠰᠤᠳᠤᠯᠤᠨ ᠨᠡᠭᠡᠭᠡᠬᠦ᠌᠂ ᠰᠠᠢᠨ ᠡᠭᠦᠯᠳᠡᠷᠢ ᠦᠷᠡᠵᠢᠭᠦᠯᠦᠨ ᠪᠣᠢᠵᠢᠭᠤᠯᠬᠤ ᠪᠠ ᠳᠡᠯᠭᠡᠷᠡᠭᠦᠯᠦᠨ ᠲᠠᠷᠢᠬᠤ ᠶ᠋ᠢ ᠦᠷᠭᠦᠯᠵᠢᠯᠡᠨ ᠠᠬᠢᠭᠤᠯᠵᠤ᠂ ᠲᠠᠷᠢᠶᠠᠯᠠᠩ ᠤ᠋ᠨ ᠣᠳᠣᠬᠢᠴᠢᠯᠠᠯᠲᠠ ᠶ᠋ᠢᠨ ᠠᠬᠢᠴᠠ ᠶ᠋ᠢ ᠲᠦᠷᠭᠡᠳᠭᠡᠨ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠪᠠ ᠲᠠᠷᠢᠶᠠᠯᠠᠩ ᠢ᠋ ᠦᠨᠡᠨ ᠬᠦ᠌ ᠠᠭᠤᠰᠤᠯᠴᠠᠭᠤᠯᠵᠤ᠂ 〈ᠳᠤᠮᠳᠠᠳᠤ ᠤᠯᠤᠰ ᠤ᠋ᠨ ᠲᠥᠮᠥᠰᠥᠶ᠋ᠢᠨ ᠬᠤᠳᠠ〉 ᠵᠢᠨ ᠲᠥᠮᠥᠰᠥᠨ ᠤ᠋ ᠠᠵᠤ ᠦᠶ᠋ᠯᠡᠰ ᠦ᠋ᠨ ᠬᠥᠭ᠌ᠵᠢᠯᠲᠡ ᠳ᠋ᠤ ᠱᠢᠨ᠎ᠡ ᠠᠮᠢᠵᠢᠷᠠᠯ ᠤ᠋ᠨ ᠬᠦᠴᠦᠨ ᠨᠡᠮᠡᠷᠢᠯᠡᠨ᠎ᠠ》 ᠬᠡᠵᠤ ᠶᠠᠷᠢᠵᠤ ᠪᠠᠢᠯ᠎ᠠ᠃