ᠣᠲᠣᠳ᠎ᠤᠨ ᠲᠣᠮᠲᠠ ᠡᠴᠡ ᠣᠨᠴᠠᠯᠠᠨ ᠴᠤᠯᠮᠤᠨ ᠭᠡᠷᠡᠯ ᠲᠠᠢ
2025-09-17 11:14:57
ᠵᠣᠬᠢᠶᠠᠭ᠍ᠴᠢ᠄
ᠸᠠᠩ ᠰᠢᠶᠣᠣ ᠮᠢᠩ ᠨᠠᠮᠣᠬ
ᠣᠩᠱᠢᠭ᠍ᠰᠠᠨ ᠣᠳᠠᠭ᠎ᠠ᠄
★★★☆☆

ᠣᠲᠣ ᠪᠣᠯᠲᠠᠯ᠎ᠠ ᠨᠠᠢ᠍ᠮᠠᠲᠡᠬᠢ ᠣᠲᠠᠭ᠎ᠠ ᠪᠠᠨ ᠶᠠᠪᠣᠬᠲᠠᠵᠦ ᠪᠠᠢᠭ᠎ᠠ 《ᠴᠣᠯᠮᠣᠨ》 ᠨᠡᠷᠡᠮᠵᠢᠲᠦ ᠡᠬᠡ ᠪᠢᠴᠢᠭ ᠡᠯᠰᠡᠬᠦ ᠱᠠᠩᠨᠠᠯᠲᠣ ᠠᠵᠢᠯᠯᠠᠭ᠎ᠠ ᠪᠣᠯ ᠲᠠᠷᠣᠢ ᠡᠨᠡ ᠪᠦᠬᠦᠨ᠎ᠤ ᠨᠢᠭᠡ ᠵᠢᠱᠶ᠋ᠶ᠎ᠡ ᠪᠣᠯᠣᠨ᠎ᠠ᠃ 2023 — 2024 ᠤᠨ᠎ᠤ 《 ᠴᠣᠯᠮᠣᠨ》 ᠨᠡᠷᠡᠮᠵᠢᠲᠦ ᠷᠣᠮᠠᠨ ᠲᠣᠭᠣᠵᠢ ᠦᠬᠦᠯᠡᠯᠭᠡ᠎ᠶᠢᠨ ᠡᠬᠡ ᠪᠢᠴᠢᠭ ᠡᠯᠰᠡᠬᠦ ᠱᠠᠩᠨᠠᠯᠲᠣ ᠠᠵᠢᠯᠯᠠᠭ᠎ᠠ ᠳ᠋ᠦ 28 ᠷᠣᠮᠠᠨ᠂ 47 ᠲᠣᠭᠣᠵᠢ᠂ 57 ᠦᠬᠦᠯᠡᠯᠭᠡ᠎ᠶᠢ ᠪᠠᠬᠲᠠᠭᠠᠬᠰᠠᠨ ᠨᠡᠢᠲᠡ 132  ᠪᠦᠲᠦᠭᠡᠯ᠎ᠢ ᠡᠯᠰᠡᠨ ᠰᠢᠯᠭᠠᠷᠠᠭᠣᠯᠵᠦ᠂ ᠱᠠᠩᠨᠠᠯ ᠬᠦᠷᠲᠡᠭᠰᠡᠨ ᠵᠣᠬᠢᠶᠠᠯᠴᠢᠳ ᠲᠦ᠍ ᠰᠠᠩᠲᠦᠢ᠍ᠬᠦᠷᠡᠩ᠂ ᠣᠮᠨᠠᠷᠣᠨ· ᠴᠣᠯᠮᠣᠨ ᠵᠡᠷᠭᠡ ᠵᠠᠯᠠᠭᠣ ᠵᠣᠬᠢᠶᠠᠯᠴᠢᠳ ᠴᠣᠯᠭᠣᠷᠠᠵᠦ᠂ ᠣᠷᠠᠨ ᠵᠣᠬᠢᠶᠠᠯ᠎ᠤᠨ ᠠᠶᠠᠨ᠎ᠤ ᠦᠰᠦᠭᠡᠢ ᠵᠠᠯᠭᠠᠨ ᠣᠷᠣᠬᠰᠢᠯᠠᠬᠣ ᠵᠢᠮ᠎ᠠ ᠶᠣᠰᠣ᠎ᠶᠢ ᠬᠠᠷᠠᠭᠣᠯᠣᠬᠰᠠᠨ ᠪᠠᠢᠨ᠎ᠠ᠃ ᠲᠡᠷᠡᠴᠢᠯᠡᠨ ᠲᠠᠪᠣᠨ ᠵᠢᠯ ᠪᠣᠯᠭᠠᠨ ᠳ᠋ᠦ᠍ ᠨᠢᠭᠡ ᠣᠲᠠᠭ᠎ᠠ ᠶᠠᠪᠣᠬ᠍ᠲᠠᠬᠣ ᠬᠡᠪᠯᠡᠯ ᠡᠬᠢᠯᠡᠭ᠌ᠰᠡᠨ ᠣᠢ ᠪᠠᠨ ᠲᠣᠷᠠᠰᠭᠠᠨ ᠲᠡᠮᠲᠡᠭ᠌ᠯᠡᠬᠦ᠌ ᠠᠵᠢᠯᠯᠠᠭ᠎ᠠ ᠨᠢ ᠦᠩᠭᠡᠨ ᠲᠡᠭᠡᠷᠡᠬᠢ ᠪᠠᠶᠠᠷ ᠲᠣᠷᠠᠰᠬᠠᠯ᠎ᠤᠨ ᠠᠵᠢᠯᠯᠠᠭ᠎ᠠ ᠲᠡᠳᠦᠢ ᠪᠣᠰᠣ᠂ ᠬᠠᠷᠢᠨ ᠰᠡᠳᠭᠦᠯ᠎ᠤᠨ᠎ᠶ᠋ᠢᠡᠨ ᠲᠠᠪᠣᠨ ᠵᠢᠯ᠎ᠤᠨ ᠠᠵᠢᠯ᠎ᠢ ᠱᠢᠯᠭᠠᠨ ᠦᠨᠡᠯᠡᠬᠦ᠂ ᠵᠣᠬᠢᠶᠠᠬ᠍ᠴᠢ ᠪᠣᠯᠣᠨ ᠣᠩᠱᠢᠬ᠍ᠴᠢᠳ ᠲᠠᠢ ᠪᠠᠨ ᠣᠢ᠌ᠯᠠᠭᠠᠯᠴᠠᠭ᠎ᠠ ᠪᠠᠨ ᠬᠦᠨᠵᠡᠭᠡᠢ᠌ᠷᠡᠬᠦᠯᠬᠦ᠂ ᠮᠣᠩᠭᠣᠯ ᠣᠷᠠᠨ ᠵᠣᠬᠢᠶᠠᠯ᠎ᠤᠨ ᠬᠦᠭ᠌ᠵᠢᠯᠲᠡ᠎ᠶ᠋ᠢᠨ ᠬᠠᠨᠲᠣᠯᠭ᠎ᠠ ᠴᠢᠭ᠌ᠯᠡᠯ᠎ᠤᠨ ᠲᠣᠬᠠᠢ ᠣᠢ᠌ᠯᠠᠭᠠᠬᠣ᠂ ᠳ᠋ᠦᠩᠨᠡᠯᠲᠡ ᠪᠠ ᠲᠦᠯᠦᠪᠵᠢᠬᠦᠯᠭᠡ᠎ᠶ᠋ᠢᠨ ᠠᠵᠢᠯᠯᠠᠭ᠎ᠠ ᠪᠣᠯᠣᠬᠰᠠᠨ ᠶᠣᠮ᠃


QQ20250917-110857.png


《ᠴᠣᠯᠮᠣᠨ》 ᠭᠠᠷᠭᠠᠵᠦ ᠮᠣᠷᠲᠠᠬᠣ ᠰᠠᠨ

《ᠴᠣᠬᠣᠮ᠎ᠬᠦ ᠰᠡᠳᠬᠢᠯ ᠴᠢᠨᠢ ᠶᠠᠩᠵᠦ ᠪᠡᠷ ᠶ᠋ᠢᠡᠨ ᠪᠠᠢᠪᠠᠯ᠂ ᠴᠣᠯᠮᠣᠨ ᠭᠠᠷᠭᠠᠭᠠᠳ ᠮᠣᠷᠲᠠᠭᠠᠷᠠᠢ ᠳ᠋ᠠ ᠬᠦ᠁》 ᠭᠡᠵᠦ ᠠᠷᠠᠳ᠎ᠤᠨ ᠲᠠᠭᠣᠣ ᠳ᠋ᠦ ᠲᠠᠭᠣᠯᠠᠲᠠᠬ᠃ ᠬᠠᠷᠢᠨ ᠦᠨᠦᠲᠦᠷ ᠲᠠᠭᠣᠯᠠᠬᠰᠠᠨ ᠲᠠᠭᠣᠣ ᠦᠨᠡᠨ ᠪᠣᠯᠵᠦ᠂ ᠣᠷᠠᠨ ᠪᠦᠲᠦᠭᠡᠯᠴᠢᠳ ᠮᠠᠨᠢ 《ᠴᠣᠯᠮᠣᠨ》 ᠳ᠋ᠦ ᠪᠦᠲᠦᠭᠡᠯ ᠶ᠋ᠢᠡᠨ ᠭᠠᠷᠭᠠᠵᠦ ᠨᠡᠷ᠎ᠡ ᠪᠠᠨ ᠲᠡᠮᠲᠡᠭᠯᠡᠬᠦᠯᠬᠦ ᠪᠡᠷ ᠨᠢᠭᠡ ᠶᠣᠰᠣᠨ᠎ᠤ ᠣᠮᠣᠬᠰᠢᠯ ᠪᠠᠬᠠᠷᠬᠠᠯ ᠪᠣᠯᠭᠠᠲᠠᠬ ᠨᠢ ᠣᠴᠢᠷᠲᠠᠢ᠃ 《ᠴᠣᠯᠮᠣᠨ》 ᠰᠡᠳᠬᠦᠯ ᠪᠣᠯ ᠴᠢᠨᠠᠷ ᠴᠢᠨᠰᠠᠭ᠎ᠠ ᠬᠢᠭᠡᠳ ᠠᠭᠣᠯᠭ᠎ᠠ᠎ᠶᠢᠨ ᠪᠠᠷᠢᠮᠵᠢᠶ᠎ᠠ᠎ᠶᠢᠨ ᠲᠦᠯᠦᠭᠡᠯᠡᠯ ᠪᠣᠯᠵᠦ᠂ ᠣᠷᠠᠯᠢᠬᠴᠢ ᠴᠢᠨᠠᠷ ᠪᠣᠯᠣᠨ ᠦᠵᠡᠯ ᠰᠠᠨᠠᠭᠠᠴᠢ ᠴᠢᠨᠠᠷ᠎ᠤᠨ ᠦᠷ᠎ᠤᠨ ᠴᠣᠯᠮᠣᠨ ᠮᠡᠲᠦ ᠦᠨᠢᠲᠡ ᠭᠡᠷᠡᠯᠲᠦᠭᠰᠡᠭᠡᠷ ᠠᠵᠢᠶᠠᠨᠠᠮ᠃


QQ20250917-110931.png


ᠶᠠᠷᠢᠯᠴᠠᠬᠤ ᠬᠤᠷᠠᠯ᠎ᠤᠨ ᠠᠬᠤᠢ ᠲᠠᠯᠠᠪᠠᠢ


ᠰᠡᠳᠬᠦᠯ᠎ᠤᠨ ᠠᠵᠢᠯ᠎ᠤᠨ ᠠᠮᠵᠢᠯᠲᠠ ᠪᠦᠲᠦᠮᠵᠢ᠎ᠶᠢ ᠬᠠᠮᠣᠬ ᠡᠴᠡ ᠲᠣᠲᠣ ᠬᠠᠷᠠᠭᠣᠯᠵᠦ ᠴᠢᠲᠠᠬᠣ ᠨᠢ ᠨᠡᠢᠲᠡᠯᠡᠭᠰᠡᠨ ᠵᠣᠬᠢᠶᠠᠯ ᠪᠦᠲᠦᠭᠡᠯ ᠪᠣᠯᠬᠣ ᠶᠣᠮ᠃ ᠬᠣᠯᠠ᠎ᠶᠢ ᠦᠬᠦᠯᠡᠵᠦ ᠨᠣᠷᠰᠢᠬᠣ ᠦᠭᠡᠢ ᠦᠨᠦᠭᠡᠨ ᠡᠴᠡ ᠵᠢᠱᠶ᠋ᠶᠡᠯᠡᠵᠦ ᠲᠣᠷᠠᠳᠪᠠᠯ᠂  《ᠴᠣᠯᠮᠣᠨ》 ᠰᠡᠳᠬᠦᠯ ᠳ᠋ᠦ ᠠᠩᠬ᠎ᠠ ᠨᠡᠢᠲᠡᠯᠡᠭᠲᠡᠭᠰᠡᠨ ᠵᠣᠬᠢᠶᠠᠯᠴᠢ ᠠᠶᠣᠩᠭ᠎ᠠ᠎ᠶᠢᠨ ᠰᠣᠲᠣᠨ ᠪᠦᠲᠦᠭᠡᠯ 《ᠮᠠᠨᠪᠠ ᠷᠠᠰᠠᠩ》  ᠷᠣᠮᠠᠨ ᠣᠯᠠᠨ ᠣᠲᠠᠭ᠎ᠠ ᠬᠡᠪᠯᠡᠭᠲᠡᠵᠦ᠂  ᠬᠢᠲᠡᠳ᠂ ᠲᠦᠪᠡᠳ᠂ ᠺᠠᠽᠠᠬ ᠵᠡᠷᠭᠡ ᠬᠡᠲᠦᠨ ᠬᠡᠯᠡᠨ ᠳ᠋ᠦ ᠣᠷᠴᠢᠭᠣᠯᠣᠬᠲᠠᠵᠦ᠂ ᠭᠣᠷᠪᠠᠲᠣᠭᠠᠷ ᠣᠲᠠᠭ᠎ᠠ᠎ᠶᠢᠨ 《 ᠲᠣᠷᠣᠨ᠎ᠠ》 ᠱᠠᠩᠨᠠᠯ ᠲᠣᠰᠣᠬᠰᠠᠨ ᠪᠢᠯᠡ᠃ ᠪᠠᠷᠮᠣᠳ ᠣᠯᠠᠭᠠᠨᠬᠦᠦ ᠶ᠋ᠢᠨ 《ᠭᠣᠷᠪᠠᠨ ᠵᠠᠭᠣᠨ ᠵᠢᠷᠠᠨ ᠨᠢᠭᠡᠨ ᠬᠦᠷᠦᠭᠡᠰᠦ》 ᠭᠡᠬᠦ ᠷᠣᠮᠠᠨ 《ᠴᠣᠯᠮᠣᠨ》 ᠰᠡᠳᠬᠦᠯ ᠳ᠋ᠦ ᠨᠡᠢᠲᠡᠯᠡᠭᠲᠡᠭᠡᠳ ᠣᠯᠠᠨ᠎ᠤ ᠠᠩᠬᠠᠷᠣᠯ᠎ᠢ ᠲᠠᠲᠠᠵᠦ ᠬᠣᠵᠢᠮ ᠨᠢ ᠨᠣᠮ ᠪᠣᠯᠣᠨ ᠬᠡᠪᠯᠡᠭᠲᠡᠵᠦ᠂ 2024 ᠤᠨ ᠳ᠋ᠦ ᠦᠪᠡᠷᠲᠡᠭᠡᠨ ᠵᠠᠰᠠᠬᠣ ᠣᠷᠣᠨ᠎ᠤ ᠬᠣᠶᠠᠲᠣᠭᠠᠷ ᠬᠣᠭᠣᠴᠠᠭᠠᠨ᠎ᠤ ᠠᠮᠢ ᠠᠬᠣᠢ᠎ᠶᠢᠨ ᠣᠷᠠᠨ ᠵᠣᠬᠢᠶᠠᠯ ᠶ᠋ᠢᠡᠷ ᠰᠣᠩᠭᠣᠬᠲᠠᠬᠰᠠᠨ ᠪᠠᠢᠨ᠎ᠠ᠃ ᠤ·ᠨᠠᠷᠬᠢᠯ᠎ᠤᠨ 《ᠪᠠᠬᠪᠠᠬᠠᠢ ᠴᠡᠴᠡᠭ》 ᠷᠣᠮᠠᠨ ᠨᠢ 《ᠴᠣᠯᠮᠣᠨ》 ᠰᠡᠳᠬᠦᠯ ᠳ᠋ᠦ ᠨᠡᠢᠲᠡᠯᠡᠭᠲᠡᠭᠰᠡᠨ᠎ᠤ ᠲᠠᠷᠠᠭ᠎ᠠ ᠪᠠᠰᠠ ᠨᠣᠮ ᠪᠣᠯᠣᠨ ᠬᠡᠪᠯᠡᠭᠲᠡᠵᠦ᠂ ᠠᠷᠪᠠᠨ ᠭᠣᠷᠪᠠᠲᠣᠭᠠᠷ ᠬᠣᠭᠣᠴᠠᠭᠠᠨ᠎ᠤ ᠦᠪᠡᠷᠲᠡᠭᠡᠨ ᠵᠠᠰᠠᠬᠣ ᠣᠷᠣᠨ᠎ᠤ ᠣᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠰᠣᠯᠣᠩᠭ᠎ᠠ》 ᠱᠠᠩᠨᠠᠯ ᠬᠦᠷᠲᠡᠵᠠᠢ᠃ ᠲᠡᠷᠡᠴᠢᠯᠡᠨ 《ᠴᠣᠯᠮᠣᠨ》 ᠰᠡᠳᠬᠦᠯ ᠳ᠋ᠦ ᠨᠡᠢᠲᠡᠯᠡᠭᠲᠡᠭᠰᠡᠨ 《ᠨᠢᠭᠡᠨ ᠵᠣᠬᠢᠶᠠᠯᠴᠢ᠎ᠶᠢᠨ ᠡᠳᠦᠷ᠎ᠤᠨ ᠲᠡᠮᠲᠡᠭᠯᠡᠯ》᠂ 《ᠡᠵᠢ ᠳ᠋ᠡᠭᠡᠨ ᠵᠠᠬᠢᠲᠠᠯ ᠪᠢᠴᠢᠭᠡᠷᠡᠢ》 ᠵᠡᠷᠭᠡ ᠪᠦᠲᠦᠭᠡᠯ ᠨᠢ ᠨᠣᠮ ᠪᠣᠯᠣᠨ ᠬᠡᠪᠯᠡᠭᠲᠡᠭᠰᠡᠨ᠎ᠤ ᠲᠠᠷᠠᠭ᠎ᠠ ᠬᠠᠯᠠᠮᠰᠢᠯ ᠪᠣᠯᠣᠨ ᠲᠠᠷᠬᠠᠵᠦ᠂ ᠬᠣᠶᠠᠷ ᠣᠲᠠᠭ᠎ᠠ ᠲᠠᠬᠢᠨ ᠬᠡᠪᠯᠡᠭᠲᠡᠭᠰᠡᠨ ᠪᠦᠭᠡᠳ 《ᠲᠡᠭᠷᠢ ᠰᠦᠯᠲᠡ ᠲᠣᠪᠣᠷᠣᠣ》᠂ 《ᠭᠡᠮᠰᠢᠯ ᠣᠬᠠᠭᠠᠷᠠᠯ》 ᠂ 《ᠡᠩ ᠶᠢᠷᠲᠢᠨᠴᠦ》᠂ 《ᠴᠠᠭᠠᠨ ᠪᠣᠭᠣᠲᠣ᠎ᠶᠢᠨ ᠰᠢᠯᠢ》 ᠪᠣᠯᠣᠨ 《ᠰᠣᠲᠣᠨ ᠲᠣᠭᠣᠵᠢ᠎ᠶᠢᠨ ᠰᠣᠩᠭᠣᠮᠠᠯ》 ᠴᠣᠪᠣᠷᠠᠯ᠎ᠤᠨ 30 ᠪᠣᠳᠢ᠂ 《ᠬᠡᠦᠬᠡᠳ᠎ᠤᠨ ᠣᠷᠠᠨ ᠵᠣᠬᠢᠶᠠᠯ》 ᠴᠣᠪᠣᠷᠠᠯ᠎ᠤᠨ 5 ᠪᠣᠲᠢ ᠨᠢ ᠲᠣᠰᠪᠣᠷᠢ ᠨᠢᠭᠡ ᠣᠲᠠᠭ᠎ᠠ ᠲᠠᠬᠢᠨ ᠬᠡᠪᠯᠡᠭᠲᠡᠵᠡᠢ᠃ ᠡᠬᠦᠨ ᠡᠴᠡ ᠭᠠᠲᠠᠨ᠎ᠠ 《ᠴᠣᠯᠮᠣᠨ》 ᠰᠡᠳᠬᠦᠯ ᠳ᠋ᠦ ᠨᠡᠢᠲᠡᠯᠡᠭᠰᠡᠨ ᠣᠯᠠᠨ ᠰᠠᠢ᠌ᠬᠠᠨ ᠪᠦᠲᠦᠭᠡᠯ᠎ᠤ᠋ᠤᠨ ᠲᠣᠮᠲᠠᠲᠣ ᠰᠣᠷᠭᠠᠭᠣᠯᠢ᠎ᠪᠣᠯᠣᠨ ᠶᠡᠬᠡ ᠲᠡᠭᠡᠲᠦ ᠰᠣᠷᠭᠠᠭᠣᠯᠢ᠎ᠶ᠋ᠢᠨ ᠬᠢᠴᠢᠶᠡᠯ᠎ᠤᠨ ᠪᠢᠴᠢᠭ᠂ ᠣᠩᠱᠢᠬᠣ ᠪᠢᠴᠢᠭ ᠲᠦ᠍ ᠰᠣᠩᠭᠣᠬ᠍ᠲᠠᠨ ᠣᠷᠣᠬ᠍ᠰᠠᠨ ᠪᠢᠯᠡ᠃ ᠡᠢᠨ᠎ᠬᠦ 《ᠴᠣᠯᠮᠣᠨ》 ᠰᠡᠳᠬᠦᠯ ᠳ᠋ᠦ ᠠᠩᠬ᠎ᠠ ᠨᠡᠢ᠌ᠲᠡᠯᠡᠭ᠌ᠲᠡᠭ᠌ᠰᠡᠨ ᠵᠣᠬᠢᠶᠠᠯ ᠪᠦᠲᠦᠭᠡᠯ᠎ᠤᠨ ᠣᠯᠠᠩᠬᠢ ᠨᠢ ᠰᠡᠬᠦᠯ ᠳ᠋ᠣᠨᠢ ᠲᠣᠰᠬᠠᠢ ᠨᠣᠮ ᠪᠣᠯᠵᠦ᠍ ᠬᠡᠪᠯᠡᠭ᠌ᠲᠡᠭ᠌ᠰᠡᠨ ᠪᠦᠭᠡᠳ ᠵᠠᠷᠢᠮ ᠨᠢ ᠣᠯᠠᠨ ᠲᠡᠬᠢᠨ ᠬᠡᠪᠯᠡᠭ᠌ᠲᠡᠵᠦ᠍᠂ ᠬᠡᠴᠢᠨᠡᠨ ᠵᠢᠯ᠎ᠶ᠋ᠢᠡᠷ ᠲᠠᠷᠬᠠᠭᠠᠯᠭ᠎ᠠ ᠰᠠᠢ᠌ᠲᠠᠢ ᠬᠡᠪ᠎ᠶ᠋ᠢᠡᠷ ᠪᠠᠢ᠌ᠭ᠎ᠠ ᠨᠢ 《ᠴᠣᠯᠮᠣᠨ》 ᠰᠡᠳᠬᠦᠯ᠎ᠤᠨ ᠵᠣᠬᠢᠶᠠᠯ ᠪᠦᠲᠦᠭᠡᠯ᠎ᠤ᠋ᠤᠨ ᠮᠣᠩᠭᠣᠯ ᠣᠷᠠᠨ ᠵᠣᠬᠢᠶᠠᠯ᠎ᠤᠨ ᠪᠠᠶᠠᠯᠢᠬ ᠦᠪ ᠣᠯᠠᠮᠵᠢᠯᠠᠯ᠎ᠢ  ᠪᠦᠲᠦᠭᠡᠭ᠌ᠰᠡᠨ ᠭᠡᠲᠡᠭ᠎ᠤᠨ ᠪᠠᠲᠣᠲᠠᠢ ᠭᠡᠷᠡᠴᠢ ᠪᠣᠯᠬᠣ ᠶᠣᠮ᠃

《ᠴᠢᠨᠠᠷ ᠴᠢᠨᠰᠠᠭ᠎ᠠ᠎ᠶᠢ ᠲᠡᠭᠡᠲᠦᠯᠡᠨ ᠠᠭᠣᠯᠭ᠎ᠠ᠎ᠶᠢ ᠡᠷᠬᠢᠮᠯᠡᠬᠦ》 ᠪᠣᠯ 《 ᠴᠣᠯᠮᠣᠨ》  ᠰᠡᠳᠬᠦᠯ᠎ᠤᠨ ᠪᠠᠷᠢᠮᠵᠢᠶ᠎ᠠ ᠭᠡᠲᠡᠭ ᠪᠣᠯ ᠷᠣᠮᠠᠨ ᠲᠣᠭᠣᠵᠢ ᠪᠡᠷ ᠭᠣᠣᠯᠲᠠᠭᠣᠯᠬᠣ ᠪᠣᠯ 《ᠴᠣᠯᠮᠣᠨ》 ᠰᠡᠳᠬᠦᠯ᠎ᠤᠨ ᠣᠨᠴᠠᠯᠢᠬ ᠪᠣᠯᠣᠨ᠎ᠠ᠃ ᠲᠡᠭᠡᠷ᠎ᠡ ᠵᠠᠭᠣᠨ᠎ᠤ ᠲᠠᠯᠠᠭᠠᠳ ᠤᠨ᠎ᠤ ᠰᠡᠬᠦᠯᠴᠢ ᠨᠠᠶᠠᠭᠠᠳ ᠤᠨ᠎ᠤ ᠡᠬᠢ ᠪᠡᠷ᠂ ᠮᠣᠩᠭᠣᠯ ᠣᠷᠠᠨ ᠵᠣᠬᠢᠶᠠᠯ᠎ᠤᠨ ᠬᠦᠷᠢᠶᠡᠨ ᠳ᠋ᠦ᠍ ᠱᠢᠨ᠎ᠠ ᠪᠠᠢ᠌ᠲᠠᠯ ᠪᠣᠢ ᠪᠣᠯᠣᠬ᠍ᠰᠠᠨ ᠪᠣᠯᠪᠠᠴᠦ᠍ ᠣᠯᠠᠨ ᠲᠠᠯ᠎ᠠ᠎ᠶ᠋ᠢᠨ ᠱᠢᠯᠲᠠᠭᠠᠨ ᠡᠴᠡ ᠪᠣᠯᠵᠦ᠍᠂ ᠮᠣᠩᠭᠣᠯ ᠠᠮᠢᠲᠣᠷᠠᠯ᠎ᠶ᠋ᠢᠡᠷ ᠰᠡᠲᠦᠪᠯᠡᠭ᠌ᠰᠡᠨ ᠷᠣᠮᠠᠨ ᠲᠣᠭᠣᠵᠢ᠎ᠶ᠋ᠢᠨ ᠵᠣᠬᠢᠶᠠᠨ ᠪᠦᠲᠦᠭᠡᠯᠭᠡ ᠠᠬᠢᠴᠠ ᠮᠠᠭᠣᠲᠠᠢ ᠪᠠᠢ᠌ᠵᠠᠢ᠃ ᠲᠡᠷᠡ ᠬᠦ᠌ ᠪᠠᠢ᠌ᠲᠠᠯ ᠳ᠋ᠦ᠍ ᠴᠢᠭ᠌ᠯᠡᠬᠦᠯᠦᠨ 《ᠴᠣᠯᠮᠣᠨ》 ᠰᠡᠳᠬᠦᠯ ᠷᠣᠮᠠᠨ ᠲᠣᠭᠣᠵᠢ ᠨᠡᠢ᠌ᠲᠡᠯᠡᠬᠦ᠌ ᠪᠡᠷ ᠭᠣᠣᠯ ᠣᠨᠴᠠᠯᠢᠬ᠎ᠶ᠋ᠢᠡᠨ ᠪᠣᠯᠭᠠᠬ᠍ᠰᠠᠨ ᠰᠡᠳᠬᠦᠯ ᠡᠷᠬᠢᠯᠡᠬᠦ᠌ ᠴᠢᠭ᠌ᠯᠡᠯ ᠶ᠋ᠢᠡᠨ ᠲᠣᠬ᠍ᠲᠠᠭᠠᠵᠦ᠂ ᠣᠷᠠᠨ ᠵᠣᠬᠢᠶᠠᠯ᠎ᠤᠨ ᠰᠣᠷᠠᠬ ᠵᠠᠩᠬᠢ᠎ᠶ᠋ᠢ ᠡᠵᠡᠮᠱᠢᠬᠦ᠂ ᠵᠣᠬᠢᠶᠠᠯᠴᠢᠳ᠎ᠤᠨ ᠡᠩᠨᠡᠭᠡ ᠪᠡᠨ ᠦᠷᠭᠡᠵᠢᠬᠦᠯᠬᠦ᠂ ᠰᠢᠯᠢᠲᠡᠭ ᠰᠣᠲᠣᠨ ᠷᠣᠮᠠᠨ ᠲᠣᠭᠣᠵᠢ᠎ᠶ᠋ᠢᠨ ᠪᠦᠲᠦᠭᠡᠯ᠎ᠢ ᠴᠠᠬ ᠲᠣᠬᠠᠢ ᠳ᠋ᠣᠨᠢ ᠣᠩᠱᠢᠬ᠍ᠴᠢᠳ ᠲᠠᠢ ᠵᠣᠯᠭᠠᠭᠣᠯᠬᠣ ᠲᠠᠯ᠎ᠠ ᠪᠡᠷ ᠦᠪᠦᠷ ᠮᠣᠩᠭᠣᠯ᠎ᠤᠨ ᠠᠷᠠᠳ᠎ᠤᠨ ᠬᠡᠪᠯᠡᠯ᠎ᠤᠨ ᠬᠣᠷᠢᠶᠠᠨ᠎ᠤ ᠭᠡᠭᠡᠪᠴᠢ ᠪᠣᠯᠣᠬ᠍ᠰᠠᠨ ᠲᠡᠲᠦᠢ ᠦᠭᠡᠢ ᠪᠦᠬᠦ᠌ ᠣᠷᠣᠨ ᠴᠢᠨᠠᠬ᠍ᠰᠢᠯᠠᠪᠠᠯ ᠪᠦᠬᠦ᠌ ᠣᠯᠣᠰ᠎ᠤᠨ ᠬᠡᠪᠴᠢᠶᠠᠨ ᠳ᠋ᠡᠬᠢ ᠷᠣᠮᠠᠨ ᠲᠣᠭᠣᠵᠢ᠎ᠶ᠋ᠢᠨ ᠪᠦᠲᠦᠭᠡᠯ ᠨᠠᠢ᠌ᠲᠡᠯᠡᠬᠦ᠌ ᠬᠦᠷᠦᠯᠴᠡᠬᠦᠢ᠌ᠴᠡ ᠬᠠᠭᠣᠲᠠᠰᠣ ᠨᠢᠭᠣᠷ ᠪᠦᠬᠦᠢ ᠮᠣᠩᠭᠣᠯ ᠰᠡᠳᠬᠦᠯ ᠦᠭᠡᠢ ᠪᠠᠢ᠌ᠬ᠍ᠰᠠᠨ ᠲᠡᠦᠭᠡ᠎ᠶ᠋ᠢ ᠡᠴᠦᠰᠯᠡᠬᠦᠯᠦᠭ᠌ᠰᠡᠨ ᠪᠠᠢ᠌ᠨ᠎ᠠ᠃ ᠢᠩᠬᠢᠭᠡᠳ 《ᠴᠣᠯᠮᠣᠨ》 ᠰᠡᠳᠬᠦᠯ ᠮᠡᠨᠲᠦᠯᠡᠭ᠌ᠰᠡᠨ᠎ᠶ᠋ᠢᠡᠷ ᠮᠣᠩᠭᠣᠯ ᠬᠡᠯᠡᠨ᠎ᠤ ᠷᠣᠮᠠᠨ ᠲᠣᠭᠣᠵᠢ᠎ᠶ᠋ᠢᠨ ᠵᠣᠬᠢᠶᠠᠨ ᠪᠦᠲᠦᠭᠡᠯᠭᠡ᠎ᠶ᠋ᠢ ᠲᠠᠢ᠌ᠴᠢᠯᠠᠵᠦ᠍᠂ ᠦᠪᠦᠷ ᠮᠣᠩᠭᠣᠯ᠎ᠤᠨ ᠠᠷᠠᠳ᠎ᠤᠨ ᠬᠡᠪᠯᠡᠯ᠎ᠤᠨ ᠬᠣᠷᠢᠶ᠎ᠠ᠎ᠶᠢᠨ ᠣᠷᠠᠨ ᠵᠣᠬᠢᠶᠠᠯ᠎ᠤᠨ ᠲᠦᠷᠦᠯ᠎ᠤᠨ ᠨᠣᠮ ᠪᠢᠴᠢᠭ᠎ᠤᠨ ᠬᠡᠪᠯᠡᠯ᠎ᠤᠨ ᠡᠬᠢ ᠪᠠᠶᠠᠯᠢᠬ᠎ᠢ ᠡᠵᠡᠮᠱᠢᠬᠦ᠌ ᠰᠠᠨᠠᠭᠠᠴᠢᠯᠠᠭᠠᠲᠣ ᠴᠢᠨᠠᠷ᠎ᠢ ᠲᠡᠭᠡᠭ᠌ᠰᠢᠯᠡᠬᠦᠯᠵᠦ᠂ ᠲᠡᠬᠦᠨ᠎ᠤ ᠣᠯᠠᠮ ᠶ᠋ᠢᠡᠷ ᠦᠪᠦᠷ ᠮᠣᠩᠭᠣᠯ᠎ᠤᠨ ᠮᠣᠩᠭᠣᠯ ᠣᠷᠠᠨ ᠵᠣᠬᠢᠶᠠᠯ ᠰᠲ᠋ᠢᠯᠢ ᠪᠦᠷᠢᠨ᠂ ᠨᠣᠮ ᠰᠡᠳᠬᠦᠯ ᠬᠣᠷᠱᠢᠨ ᠣᠶᠠᠯᠲᠣᠬ᠍ᠰᠠᠨ ᠱᠢᠨ᠎ᠠ ᠨᠢᠭᠡᠨ ᠴᠠᠬ ᠦᠶ᠎ᠡ ᠳ᠋ᠦ᠍ ᠣᠷᠣᠬ᠍ᠰᠠᠨ ᠪᠢᠯᠡ᠃

1980 ᠤᠨ ᠳ᠋ᠦ ᠬᠡᠪᠯᠡᠯ ᠡᠬᠢᠯᠡᠭᠰᠡᠨ ᠠᠩᠬᠠᠨ᠎ᠤ ᠳ᠋ᠣᠭᠠᠷ ᠡᠴᠡ ᠡᠲᠦᠭᠡ(2025 ᠤᠨ᠎ᠤ ᠬᠣᠶᠠᠲᠣᠭᠠᠷ ᠬᠣᠭᠣᠴᠠᠭ᠎ᠠ) ᠪᠣᠯᠲᠠᠯᠠᠬᠢ 《ᠴᠣᠯᠮᠣᠨ》 ᠰᠡᠳᠬᠦᠯ᠎ᠤᠨ 181 ᠬᠣᠭᠣᠴᠠᠭ᠎ᠠ ᠳ᠋ᠦ ᠨᠡᠢᠲᠡ 1200 ᠵᠣᠬᠢᠶᠠᠯᠴᠢ᠎ᠶᠢᠨ 2473 ᠵᠣᠬᠢᠶᠠᠯ ᠪᠦᠲᠦᠭᠡᠯ᠎ᠢ ᠨᠡᠢᠲᠡᠯᠡᠵᠦ᠂ ᠮᠣᠩᠭᠣᠯ ᠣᠷᠠᠨ ᠵᠣᠬᠢᠶᠠᠯ᠎ᠤᠨ ᠮᠣᠨᠲᠠᠬ ᠶᠡᠬᠡ ᠡᠷᠳᠡᠨᠢᠰ᠎ᠤᠨ ᠰᠠᠩ᠎ᠢ ᠪᠦᠷᠢᠯᠲᠦᠬᠦᠯᠦᠭᠰᠡᠨ ᠪᠠᠢᠨ᠎ᠠ᠃ ᠡᠬᠦᠨ ᠳ᠋ᠦ 109 ᠷᠣᠮᠠᠨ(ᠠᠬ᠎ᠠ ᠲᠡᠬᠦᠦ ᠦᠨᠳᠦᠰᠦᠲᠡᠨ᠎ᠤ ᠵᠣᠬᠢᠶᠠᠯ ᠪᠦᠲᠦᠭᠡᠯ ᠪᠠᠬᠲᠠᠨ᠎ᠠ)᠂ 248 ᠲᠣᠭᠣᠵᠢ᠂ 17 ᠵᠦᠴᠦᠭᠡ᠂ 31 ᠮᠡᠳᠡᠭᠡᠯᠡᠯ᠎ᠤᠨ ᠣᠷᠠᠨ ᠵᠣᠬᠢᠶᠠᠯ ᠪᠣᠶᠣ ᠪᠠᠷᠢᠮᠲᠠᠲᠣ ᠵᠣᠬᠢᠶᠠᠯ᠂ 809 ᠦᠬᠦᠯᠡᠯᠭᠡ ᠨᠠᠢᠷᠠᠭᠣᠯᠤᠯ᠂ 991 ᠰᠢᠯᠦᠭ ᠨᠠᠢᠷᠠᠬᠯᠠᠯ᠂ 157 ᠣᠨᠣᠯ ᠮᠡᠲᠡᠯᠭᠡ᠎ᠶᠢᠨ ᠰᠢᠨᠵᠢ ᠲᠠᠢ ᠵᠣᠬᠢᠶᠠᠯ ᠪᠦᠲᠦᠭᠡᠯ᠂ 42 ᠠᠷᠠᠳ᠎ᠤᠨ ᠠᠮᠠᠨ ᠵᠣᠬᠢᠶᠠᠯ ᠪᠣᠯᠣᠨ ᠵᠠᠩ ᠦᠢᠯᠡ᠎ᠶᠢᠨ ᠲᠣᠬᠠᠢ ᠡᠮᠬᠢᠳᠭᠡᠯ᠂ 69 ᠰᠣᠷᠣᠬᠴᠢ᠎ᠶᠢᠨ ᠪᠦᠲᠦᠭᠡᠯ ᠪᠠᠬᠲᠠᠬᠰᠠᠨ ᠠᠵᠢ᠃ ᠡᠲᠡᠭᠡᠷ ᠵᠣᠬᠢᠶᠠᠯ ᠪᠦᠲᠦᠭᠡᠯ᠎ᠤᠨ ᠵᠢᠬ᠍ᠰᠠᠭᠠᠯᠲᠠ ᠨᠢ 《ᠴᠣᠯᠮᠣᠨ》 ᠰᠡᠳᠬᠦᠯ᠎ᠤᠨ 45 ᠵᠢᠯ᠎ᠤᠨ ᠲᠣᠷᠰᠢ᠂ ᠷᠣᠮᠠᠨ ᠲᠣᠭᠣᠵᠢ ᠪᠡᠷ ᠭᠣᠣᠯᠲᠠᠭᠣᠯᠬᠣ ᠰᠡᠳᠬᠦᠯ ᠡᠷᠬᠢᠯᠡᠬᠦ᠌ ᠴᠢᠭ᠌ᠯᠡᠯᠲᠡ ᠪᠠᠨ ᠴᠢᠩᠭ᠎ᠠ ᠪᠠᠷᠢᠮᠲᠠᠯᠠᠬ᠍ᠰᠠᠨ ᠰᠠᠭᠣᠷᠢᠨ ᠲᠡᠭᠡᠷ᠎ᠡ ᠦᠬᠦᠯᠡᠯᠭᠡ ᠨᠠᠢ᠌ᠷᠠᠭᠣᠯᠣᠯ ᠪᠠ ᠢᠷᠠᠭᠣ ᠨᠠᠢ᠌ᠷᠠᠬ᠂ ᠲᠠᠢ᠌ᠰᠠᠨ᠎ᠤ ᠵᠦᠴᠦᠭᠡ᠂ ᠺᠢᠨᠣ᠋ ᠣᠷᠠᠨ ᠵᠣᠬᠢᠶᠠᠯ ᠪᠠ ᠲᠧᠯᠸᠢᠰ ᠵᠦᠴᠦᠭᠡ᠂ ᠮᠡᠲᠡᠭᠡᠯᠡᠯ᠎ᠤᠨ ᠣᠷᠠᠨ ᠵᠣᠬᠢᠶᠠᠯ ᠪᠣᠶᠣ ᠪᠠᠷᠢᠮᠲᠠᠲᠣ ᠵᠣᠬᠢᠶᠠᠯ᠎ᠤᠨ ᠵᠣᠬᠢᠶᠠᠨ ᠪᠦᠲᠦᠭᠡᠯᠭᠡ᠎ᠶ᠋ᠢ ᠴᠦ᠍ ᠢᠮᠠᠬ᠍ᠲᠠ ᠠᠩᠬᠠᠷᠴᠦ᠍᠂ ᠡᠬᠦᠨ᠎ᠤ ᠲᠠᠭᠠᠣ ᠭᠠᠲᠠᠭᠠᠲᠣ ᠣᠷᠠᠨ ᠵᠣᠬᠢᠶᠠᠯ ᠪᠠ ᠣᠯᠣᠰ᠎ᠤᠨ ᠲᠣᠲᠣᠭᠠᠲᠣ᠎ᠶ᠋ᠢᠨ ᠠᠬ᠎ᠠ ᠲᠡᠬᠦᠦ ᠦᠨᠳᠦᠰᠦᠲᠡᠨ᠎ᠤ ᠰᠣᠲᠣᠨ ᠱᠢᠯᠢᠲᠡᠭ ᠪᠦᠲᠦᠭᠡᠯ ᠡᠴᠡ ᠰᠣᠩᠭᠣᠨ ᠲᠠᠨᠢᠯᠴᠠᠭᠣᠯᠵᠦ᠍᠂ ᠣᠷᠠᠯᠢᠬ᠎ᠤᠨ ᠱᠢᠮ᠎ᠠ ᠨᠦᠬᠦᠬᠦ᠌᠎ᠶ᠋ᠢ ᠬᠢᠴᠢᠶᠡᠨ᠂ ᠮᠣᠩᠭᠣᠯ ᠣᠷᠠᠨ ᠵᠣᠬᠢᠶᠠᠯ᠎ᠤᠨ ᠪᠦᠬᠦ᠌ ᠲᠠᠯ᠎ᠠ᠎ᠶ᠋ᠢᠨ ᠲᠡᠩᠴᠡᠬᠦᠷᠢᠲᠡᠢ ᠬᠦᠭ᠌ᠵᠢᠬᠦ᠌ ᠳ᠋ᠦ᠍ ᠦᠢᠯᠡᠴᠢᠯᠡᠭ᠌ᠰᠡᠭᠡᠷ ᠢᠷᠡᠭ᠌ᠰᠡᠨ ᠭᠡᠲᠡᠭ᠎ᠢ ᠲᠣᠲᠣᠷᠬᠠᠢ ᠮᠡᠳᠡᠵᠦ ᠪᠣᠯᠣᠨ᠎ᠠ᠃



QQ20250917-110908.png


《ᠴᠣᠯᠮᠣᠨ》 ᠰᠡᠳᠬᠦᠯ ᠡᠴᠡ 《ᠴᠣᠯᠮᠣᠨ ᠲᠡᠭᠡᠵᠢ ᠪᠢᠴᠢᠭ》 ᠬᠦᠷᠲᠡᠯ᠎ᠡ

《 ᠴᠣᠯᠮᠣᠨ》 ᠰᠡᠳᠬᠦᠯ ᠬᠡᠪᠯᠡᠯ ᠡᠬᠢᠯᠡᠭ᠌ᠰᠡᠨ ᠲᠡᠷᠡ ᠴᠠᠬ ᠡᠴᠡ ᠪᠠᠨ ᠠᠪᠣᠭᠠᠳ ᠴᠠᠬ ᠦᠶ᠎ᠡ᠎ᠶ᠋ᠢᠨ ᠠᠲᠠᠷᠠᠮ᠎ᠠ᠎ᠶ᠋ᠢ ᠬᠦᠯᠢᠴᠡᠨ ᠲᠣᠭᠣᠯᠵᠦ᠍᠂ ᠣᠩᠱᠢᠬ᠍ᠴᠢᠳ᠎ᠤᠨ᠎ᠶ᠋ᠢᠡᠨ ᠰᠡᠳᠭᠢᠯ ᠳ᠋ᠦ᠍ ᠣᠲᠣᠨ 《ᠴᠣᠯᠮᠣᠨ》 ᠮᠡᠲᠦ ᠭᠡᠷᠡᠯᠲᠦᠬᠦ ᠪᠡᠷ ᠬᠢᠴᠢᠶᠡᠨ ᠵᠢᠳᠬᠦᠭᠰᠡᠭᠡᠷ ᠢᠷᠡᠭ᠌ᠰᠡᠨ ᠪᠢᠯᠡ᠃

ᠰᠡᠳᠬᠦᠯ᠎ᠤᠨ ᠵᠠᠬᠢᠶᠠᠯᠠᠭ᠎ᠠ ᠨᠠᠢ᠌ᠲᠠᠮ ᠰᠠᠢ᠌ᠨ ᠪᠠᠢ᠌ᠬ᠍ᠰᠠᠨ ᠲᠡᠭᠡᠷ᠎ᠡ ᠵᠠᠭᠣᠨ᠎ᠤ ᠨᠠᠶᠠᠭᠠᠳ ᠤᠨ᠎ᠤ ᠡᠬᠢᠨ ᠳ᠋ᠦ᠍᠂ 《ᠴᠣᠯᠮᠣᠨ》 ᠰᠡᠳᠬᠦᠯ᠎ᠤᠨ ᠲᠠᠷᠬᠠᠭᠠᠯᠲᠠ ᠬᠠᠮᠣᠬ ᠣᠯᠠᠨ ᠳ᠋ᠠᠭᠠᠨ 13000 ᠎ᠶ᠋ᠢ ᠲᠠᠪᠠᠬ᠍ᠰᠠᠨ ᠶᠡᠬᠡ ᠠᠮᠵᠢᠯᠲᠠ ᠪᠡᠷ ᠨᠠᠢ᠌ᠷᠠᠭᠣᠯᠣᠬ᠍ᠴᠢᠳ᠎ᠤᠨ᠎ᠶ᠋ᠢᠡᠨ ᠠᠵᠢᠯ᠎ᠤᠨ ᠶᠠᠲᠠᠷᠠᠭ᠎ᠠ᠎ᠶ᠋ᠢ ᠣᠬᠢᠶᠠᠨ ᠲᠠᠢ᠌ᠪᠣᠱᠢᠷᠠᠭᠣᠯᠵᠦ᠍ ᠪᠠᠢ᠌ᠬ᠍ᠰᠠᠨ ᠪᠣᠯ ᠶᠡᠷᠡᠭᠡᠳ ᠤᠨ ᠪᠣᠯᠵᠦ ᠵᠠᠬ᠎ᠠ ᠲᠡᠯᠭᠡᠬᠦᠷ᠎ᠤᠨ ᠠᠵᠦ ᠠᠬᠣᠢ᠎ᠶᠢᠨ ᠲᠦᠷᠢᠯᠲᠡ᠂ ᠴᠠᠭᠠᠰᠣ ᠪᠣᠯᠣᠨ ᠬᠡᠪᠯᠡᠯ᠎ᠤᠨ ᠦᠨ᠎ᠡ᠎ᠶᠢᠨ ᠦᠰᠦᠯᠲᠡ ᠵᠢᠴᠢ ᠣᠩᠰᠢᠬᠴᠢᠳ᠎ᠤᠨ ᠬᠡᠷᠡᠭᠴᠡᠭᠡ ᠱᠠᠭᠠᠷᠲᠠᠯᠭ᠎ᠠ᠎ᠶᠢᠨ ᠣᠯᠠᠨ ᠶᠠᠩᠵᠦᠲᠦ ᠬᠣᠪᠢᠷᠠᠯᠲᠠ᠎ᠶᠢ ᠲᠠᠭᠠᠯᠲᠣᠨ ᠵᠠᠬ᠎ᠠ ᠵᠡᠭᠡᠯᠢ᠎ᠶ᠋ᠢᠨ ᠵᠢᠮ᠎ᠠ ᠬᠠᠣᠯᠢ᠎ᠶᠢ ᠲᠠᠨᠢᠵᠦ᠍ ᠡᠵᠡᠮᠱᠢᠨ ᠬᠦᠭᠵᠢᠬᠦ ᠱᠠᠭᠠᠷᠲᠠᠯᠭ᠎ᠠ ᠲᠣᠯᠭᠠᠷᠠᠵᠠᠢ᠃ ᠡᠢᠨ᠎ᠬᠦ ᠰᠡᠳᠬᠦᠯ᠎ᠤᠨ ᠬᠡᠪ ᠨᠠᠮᠪᠠ ᠪᠠᠨ ᠪᠠᠷᠢᠮᠲᠠᠯᠠᠬᠰᠠᠨ ᠣᠷᠢᠲᠠᠯ ᠲᠣᠣᠷ᠎ᠠ ᠰᠡᠳᠬᠦᠯ᠎ᠤᠨ ᠴᠠᠭᠠᠰᠣ᠎ᠶ᠋ᠢ ᠰᠣᠯᠢᠵᠦ᠂ ᠰᠠᠢ᠌ᠨ ᠴᠢᠨᠠᠷ᠎ᠤᠨ ᠴᠠᠭᠠᠰᠣ ᠪᠣᠯᠭᠠᠬᠣ᠎ᠶ᠋ᠢᠨ ᠲᠠᠭᠠᠣ᠂ ᠠᠭᠣᠯᠭ᠎ᠠ ᠬᠡᠯᠪᠡᠷᠢ ᠳ᠋ᠡᠭᠡᠨ ᠵᠣᠬᠢᠬᠣ ᠲᠣᠬᠢᠷᠠᠭᠣᠯᠣᠯᠲᠠ ᠬᠢᠵᠦ᠍ ᠣᠩᠱᠢᠬ᠍ᠴᠢᠳ᠎ᠤᠨ ᠣᠷᠣᠯᠴᠠᠯᠭ᠎ᠠ᠎ᠶ᠋ᠢ ᠨᠡᠮᠡᠭ᠌ᠲᠡᠬᠦᠯᠬᠦ᠌ ᠪᠡᠷ ᠲᠠᠮᠵᠢᠨ ᠵᠠᠬ᠎ᠠ ᠲᠡᠯᠭᠡᠬᠦᠷ᠎ᠤᠨ ᠨᠦᠯᠦᠭᠡ᠎ᠶ᠋ᠢ ᠠᠷᠭᠠᠴᠠᠭᠠᠬᠣ ᠣᠯᠠᠨ ᠠᠷᠭ᠎ᠠ ᠬᠡᠮᠵᠢᠶ᠎ᠡ ᠠᠪᠴᠠᠢ᠃ 2005 ᠤᠨ᠎ᠤ ᠨᠢᠭᠡᠲᠦᠭᠡᠷ ᠬᠣᠭᠣᠴᠠᠭ᠎ᠠ ᠡᠴᠡ ᠡᠬᠢᠯᠡᠨ ᠰᠡᠳᠬᠦᠯ ᠨᠢ 《ᠲᠠᠯᠲᠠ ᠣᠷᠣᠰᠭᠠᠯ》᠂ 《ᠣᠷᠠᠨ ᠪᠦᠲᠦᠭᠡᠯ᠎ᠤᠨ ᠠᠯᠲᠠᠨ ᠬᠣᠷᠣᠮ》᠂ 《ᠴᠠᠬᠢᠮ ᠰᠣᠷᠪᠣᠯᠵᠢᠯᠠᠭ᠎ᠠ》᠂ 《 ᠱᠢᠨ᠎ᠠ ᠱᠢᠬᠦᠮᠵᠢᠯᠡᠯ》 ᠮᠡᠲᠦ᠍᠎ᠶ᠋ᠢᠨ ᠣᠩᠱᠢᠬ᠍ᠴᠢᠳ᠎ᠤᠨ ᠣᠷᠣᠯᠴᠠᠯᠭ᠎ᠠ ᠲᠠᠢ ᠵᠢᠵᠢᠭ ᠪᠣᠯᠣᠩ ᠭᠠᠷᠭᠠᠬᠣ᠎ᠶ᠋ᠢᠨ ᠲᠠᠭᠠᠣ 2005 ᠤᠨ᠎ᠤ ᠪᠦᠬᠦᠯᠢ ᠵᠢᠯ᠎ᠶ᠋ᠢᠡᠷ ᠴᠣᠯᠮᠣᠨ ᠰᠡᠳᠬᠦᠯ᠎ᠤᠨ ᠠᠵᠠᠲᠠᠢ ᠣᠩᠱᠢᠬ᠍ᠴᠢᠳ᠎ᠤᠨ ᠱᠠᠩᠨᠠᠯᠲᠣ ᠠᠵᠢᠯᠯᠠᠭ᠎ᠠ᠎ᠶ᠋ᠢ ᠡᠷᠬᠢᠯᠡᠭ᠌ᠰᠨᠨ᠎ᠶ᠋ᠢᠡᠷ ᠪᠠᠷᠠᠬᠣ ᠦᠭᠡᠢ ᠬᠦᠬᠡᠬᠣᠲᠠ᠎ᠶ᠋ᠢᠨ ᠶᠡᠬᠡ ᠲᠡᠭᠡᠲᠦ ᠰᠣᠷᠭᠠᠭᠣᠯᠢ ᠨᠣᠭᠣᠳ ᠪᠠ ᠠᠯᠪᠠᠨ ᠪᠠᠢ᠌ᠭᠣᠯᠭ᠎ᠠ᠎ᠶ᠋ᠢᠨ ᠠᠵᠢᠯᠲᠠᠳ᠎ᠤᠨ ᠲᠣᠮᠲᠠ 《ᠴᠣᠯᠮᠣᠨ》 ᠰᠡᠳᠬᠦᠯ᠎ᠶ᠋ᠢᠡᠨ ᠵᠠᠬᠢᠶᠠᠯᠠᠵᠦ᠍ ᠲᠣᠲᠣᠨᠣ ᠬᠦᠮᠦᠰ ᠲᠡᠭᠡᠨ ᠬᠦᠷᠭᠡᠬᠦ᠌ ᠠᠵᠢᠯᠯᠠᠭ᠎ᠠ ᠦᠷᠨᠢᠬᠦᠯᠵᠡᠢ᠃ ᠡᠬᠦᠨ᠎ᠤ ᠬᠠᠮᠲᠣ ᠪᠠᠰᠠ ᠵᠣᠬᠢᠶᠠᠬ᠍ᠴᠢᠳ᠎ᠤᠨ᠎ᠶ᠋ᠢᠡᠨ ᠵᠣᠬᠢᠶᠠᠨ ᠪᠦᠲᠦᠭᠡᠬᠦ᠌ ᠢᠲᠡᠪᠬᠢᠵᠢᠯ᠎ᠢ ᠲᠠᠢ᠌ᠴᠢᠯᠠᠬᠣ᠂ ᠵᠣᠬᠢᠶᠠᠯ ᠪᠦᠲᠦᠭᠡᠯ ᠪᠣᠯᠣᠨ ᠰᠡᠳᠬᠦᠯ᠎ᠤᠨ᠎ᠶ᠋ᠢᠡᠨ ᠨᠠᠢ᠌ᠷᠠᠭᠣᠯᠭ᠎ᠠ ᠬᠠᠷᠭᠣᠭᠣᠯᠭ᠎ᠠ᠎ᠶ᠋ᠢᠨ ᠴᠢᠨᠠᠷ ᠴᠢᠨᠰᠠᠭ᠎ᠠ᠎ᠶ᠋ᠢ ᠲᠡᠭᠡᠭ᠌ᠰᠢᠯᠡᠬᠦᠯᠬᠦ᠌ ᠲᠠᠯ᠎ᠠ ᠪᠡᠷ ᠬᠦᠴᠦ ᠲᠠᠯᠪᠢᠵᠦ᠂ ᠰᠣᠲᠣᠯᠣᠨ ᠶᠠᠷᠢᠯᠴᠠᠬᠣ ᠬᠣᠷᠠᠯ ᠪᠣᠶᠣ ᠦᠵᠦᠭ᠎ᠤᠨ ᠴᠢᠭᠣᠯᠭᠠᠨ᠂ ᠡᠬᠡ ᠪᠢᠴᠢᠭ ᠡᠯᠰᠡᠬᠦ ᠱᠠᠩᠨᠠᠯᠲᠣ ᠣᠷᠣᠯᠲᠣᠭᠠᠨ ᠡᠷᠬᠢᠯᠡᠬᠦ ᠵᠡᠷᠭᠡ ᠬᠡᠯᠪᠡᠷᠢ ᠪᠡᠷ ᠲᠠᠮᠵᠢᠭᠣᠯᠣᠨ ᠣᠩᠰᠢᠬᠴᠢ᠂ ᠵᠣᠬᠢᠶᠠᠬᠴᠢ᠂ ᠨᠠᠢᠷᠠᠭᠣᠯᠣᠬᠴᠢ ᠭᠡᠬᠦ ᠰᠡᠳᠬᠦᠯ᠎ᠤᠨ ᠲᠣᠯᠭ᠎ᠠ᠎ᠶᠢᠨ ᠭᠣᠷᠪᠠᠨ ᠴᠢᠯᠠᠭᠣ ᠪᠠᠨ ᠭᠠᠩᠨᠠᠵᠦ ᠪᠡᠬᠢᠯᠡᠭᠰᠨᠨ ᠪᠠᠢᠨ᠎ᠠ᠃

1999 ᠤᠨ ᠳ᠋ᠦ᠍ 《ᠴᠣᠯᠮᠣᠨ》 ᠰᠡᠳᠬᠦᠯ᠎ᠤᠨ ᠨᠠᠢᠷᠠᠭᠣᠯᠬᠣ ᠬᠡᠯᠲᠡᠰ᠎ᠤᠨ ᠬᠢᠨ《〈ᠴᠣᠯᠮᠣᠨ〉 ᠣᠷᠠᠨ ᠵᠣᠬᠢᠶᠠᠯ᠎ᠤᠨ ᠲᠡᠭᠡᠵᠢ ᠪᠢᠴᠢᠭ》 ᠎ᠢ᠋ ᠰᠡᠳᠦᠨ ᠰᠠᠨᠠᠭᠠᠴᠢᠯᠠᠵᠦ᠂ ᠰᠡᠳᠬᠦᠯ ᠳ᠋ᠦ ᠨᠡᠢᠲᠡᠯᠡᠭᠰᠡᠨ ᠰᠢᠯᠢᠲᠡᠭ ᠰᠣᠲᠣᠨ ᠪᠦᠲᠦᠭᠡᠯ᠎ᠢ ᠡᠮᠬᠢᠯᠡᠨ ᠲᠢᠭᠯᠡᠵᠦ ᠨᠣᠮ ᠪᠣᠯᠭᠠᠨ ᠲᠡᠬᠦᠪᠦᠷᠢᠯᠡᠵᠦ᠂ ᠢᠷᠠᠭᠣ ᠨᠠᠢ᠌ᠷᠠᠬ᠂ ᠦᠬᠦᠯᠡᠯᠭᠡ᠂ ᠲᠣᠭᠣᠵᠢ᠎ᠶ᠋ᠢᠨ ᠱᠢᠯᠢᠲᠡᠭ ᠪᠦᠲᠦᠭᠡᠯ᠎ᠤ᠋ᠤᠨ᠎ᠢ ᠭᠣᠷᠪᠠᠨ ᠪᠣᠲᠢ ᠪᠣᠯᠭᠠᠨ ᠬᠡᠪᠯᠡᠬᠦᠯᠵᠠᠢ᠃ ᠡᠨᠡ ᠨᠢ ᠦᠩᠭᠡᠷᠡᠭᠰᠡᠨ᠎ᠤ ᠰᠡᠳᠬᠦᠯ ᠬᠢᠭᠡᠳ ᠨᠣᠮ ᠬᠡᠪᠯᠡᠯ ᠬᠠᠷᠢᠴᠠᠩᠭᠣᠢ ᠲᠣᠰᠠᠭᠠᠷ ᠬᠡᠨ ᠠᠯᠢᠨ ᠳ᠋ᠠᠭᠠᠨ ᠬᠠᠮᠢᠶᠠᠲᠠᠬᠣ ᠦᠭᠡᠢ ᠪᠠᠢᠬᠰᠠᠨ ᠪᠠᠢᠲᠠᠯ᠎ᠢ ᠡᠴᠦᠰᠯᠡᠬᠦᠯᠵᠦ᠂ ᠨᠣᠮ ᠰᠡᠳᠬᠦᠯ᠎ᠢ ᠬᠣᠷᠰᠢᠨ ᠣᠶᠠᠯᠲᠣᠭᠣᠯᠵᠦ᠂ ᠰᠡᠳᠬᠦᠯ ᠶ᠋ᠢᠡᠷ ᠬᠡᠪᠯᠡᠯ᠎ᠤᠨ ᠡᠬᠢ ᠪᠠᠶᠠᠯᠢᠬ᠎ᠢ ᠨᠡᠭᠡᠭᠡᠵᠦ᠂ ᠨᠣᠮ ᠶ᠋ᠢᠡᠷ ᠰᠡᠳᠬᠦᠯ᠎ᠤᠨ ᠣᠷᠣᠨ ᠵᠠᠢ᠎ᠶᠢ ᠲᠡᠯᠡᠵᠦ᠂ ᠣᠩᠰᠢᠬᠴᠢᠳ᠎ᠤᠨ ᠬᠠᠯᠠᠭᠣᠨ ᠬᠦᠷᠢᠶᠡᠯᠡᠯ᠎ᠢ ᠣᠯᠵᠠᠢ᠃

ᠡᠬᠦᠨ᠎ᠤ ᠰᠠᠭᠣᠷᠢᠨ ᠲᠡᠭᠡᠷ᠎ᠡ 《ᠴᠣᠯᠮᠣᠨ》 ᠰᠡᠳᠬᠦᠯ᠎ᠤᠨ ᠨᠠᠢᠷᠠᠭᠣᠯᠬᠣ ᠬᠡᠯᠲᠡᠰ᠎ᠤᠨ ᠬᠢᠨ ᠨᠣᠮ ᠪᠢᠴᠢᠭ ᠣᠬᠠᠭᠠᠯᠠᠵᠦ ᠲᠦᠰᠦᠪᠯᠡᠬᠦ ᠲᠦᠷᠦᠯ ᠵᠦᠢᠯ ᠶ᠋ᠢᠡᠨ ᠴᠢᠩᠭᠠᠳᠬᠠᠨ᠂ 2014 ᠤᠨ ᠳ᠋ᠦ᠍ 《ᠴᠣᠯᠮᠣᠨ ᠲᠡᠭᠡᠵᠢ ᠪᠢᠴᠢᠭ·ᠰᠣᠩᠭᠣᠲᠠᠬ ᠪᠦᠲᠦᠭᠡᠯ᠎ᠤᠨ ᠣᠷᠴᠢᠭᠣᠯᠭ᠎ᠠ》 ᠬᠡᠮᠡᠬᠦ᠌ ᠢᠵᠢ ᠨᠣᠮ᠎ᠢ  ᠲᠦᠰᠦᠪᠯᠡᠨ ᠬᠡᠪᠯᠡᠬᠦᠯᠵᠦ᠂ 《ᠡᠩ ᠶᠢᠷᠲᠢᠨᠴᠦ》᠂《ᠲᠠᠩᠱᠠᠨ᠎ᠤ ᠶᠡᠬᠡ ᠭᠠᠵᠠᠷ ᠬᠦᠲᠡᠯᠦᠯᠲᠡ》᠂ 《 ᠬᠦᠮᠦᠨ᠎ᠤ ᠶᠢᠷᠲᠢᠨᠴᠦ ᠳ᠋ᠦ 》᠂ 《 ᠴᠠᠭᠠᠨ ᠪᠣᠭᠣᠲᠣ᠎ᠶᠢᠨ ᠰᠢᠯᠢ》 ᠵᠡᠷᠭᠡ 《ᠴᠣᠯᠮᠣᠨ》 ᠰᠡᠳᠬᠦᠯ ᠳ᠋ᠦ ᠨᠡᠢᠲᠡᠯᠡᠬᠦᠯᠦᠭᠰᠡᠨ 14 ᠣᠷᠴᠢᠭᠣᠯᠭ᠎ᠠ᠎ᠶᠢᠨ ᠪᠦᠲᠦᠭᠡᠯ᠎ᠢ ᠬᠠᠮᠣᠷᠣᠨ ᠪᠠᠬᠲᠠᠭᠠᠵᠦ᠂ ᠲᠣᠮᠲᠠᠲᠣ᠎ᠶᠢᠨ ᠦᠨᠳᠦᠰᠦᠲᠡᠨ᠎ᠤ ᠦᠪ ᠰᠣᠶᠣᠯ ᠪᠣᠯᠣᠨ ᠣᠷᠠᠨ ᠵᠣᠬᠢᠶᠠᠯ᠎ᠤᠨ ᠦᠨᠢᠷ ᠰᠠᠩ᠎ᠢ ᠣᠩᠰᠢᠬᠴᠢᠳ ᠲᠦ᠍ ᠮᠡᠳᠡᠷᠡᠬᠦᠯᠬᠦ ᠭᠡᠭᠡᠪᠴᠢ᠎ᠶᠢ ᠨᠡᠭᠡᠭᠡᠪᠠ᠃

2015 ᠤᠨ ᠳ᠋ᠦ᠍ 《ᠴᠣᠯᠮᠣᠨ ᠲᠡᠭᠡᠵᠢ ᠪᠢᠴᠢᠭ· ᠭᠠᠲᠠᠭᠠᠲᠣ ᠣᠷᠠᠨ ᠵᠣᠬᠢᠶᠠᠯ》 ᠎ᠢ᠋ ᠲᠦᠰᠦᠪᠯᠡᠨ ᠬᠡᠪᠯᠡᠬᠦᠯᠵᠦ᠂ 《ᠬᠣᠪᠢ ᠵᠠᠶᠠᠭᠠᠨ᠎ᠤ ᠴᠠᠲᠢᠬ》᠂ 《ᠠᠯᠠᠬ ᠵᠢᠷᠠᠨ᠎ᠤ ᠪᠣᠲᠣᠷᠣᠣᠯ》᠂ 《 ᠡᠵᠢ ᠳ᠋ᠡᠭᠡᠨ ᠵᠠᠬᠢᠲᠠᠯ ᠪᠢᠴᠢᠭᠡᠷᠡᠢ》 ᠭᠡᠬᠦ ᠮᠡᠲᠦ᠎ᠶᠢᠨ 11 ᠰᠣᠩᠭᠣᠲᠠᠬ ᠪᠦᠲᠦᠭᠡᠯ᠎ᠢ ᠪᠠᠭᠲᠠᠭᠠᠵᠠᠢ᠃

2016 ᠤᠨ ᠳ᠋ᠦ ᠦᠷᠬᠦᠯᠵᠢᠯᠡᠨ 《ᠴᠣᠯᠮᠣᠨ ᠲᠡᠭᠡᠵᠢ ᠪᠢᠴᠢᠭ·ᠦᠪᠦᠷ ᠮᠣᠩᠭᠣᠯ ᠣᠷᠠᠨ ᠵᠣᠬᠢᠶᠠᠯ》 ᠪᠣᠯᠣᠨ《ᠴᠣᠯᠮᠣᠨ ᠲᠡᠭᠡᠵᠢ ᠪᠢᠴᠢᠭ·ᠪᠠᠷᠲᠠᠭ᠎ᠠ ᠬᠠᠢᠬᠴᠢᠳ᠎ᠤᠨ ᠲᠡᠮᠲᠡᠭᠯᠡᠯ》 ᠎ᠢ᠋ ᠲᠦᠰᠦᠪᠯᠡᠨ ᠬᠡᠪᠯᠡᠬᠦᠯᠵᠦ᠂ 《ᠰᠡᠷᠢᠬᠦᠭᠡᠨ ᠲᠠᠯ᠎ᠠ ᠨᠣᠲᠣᠬ》᠂ 《ᠲᠡᠭᠷᠢ ᠠᠭᠣᠯᠠ᠎ᠶᠢᠨ ᠬᠦᠬᠡ ᠣᠬᠲᠠᠷᠭᠣᠢ ᠡᠴᠡ ᠠᠰᠠᠭᠣᠬᠣᠢ》᠂ 《ᠰᠠᠭᠠᠬ᠎ᠤᠨ ᠬᠣᠸᠠᠷ ᠲᠡᠯᠭᠡᠷᠡᠭᠰᠡᠨ ᠰᠠᠷᠠ ᠲᠠᠢ ᠰᠠᠷᠠ ᠦᠭᠡᠢ ᠬᠣᠨᠣᠬ᠎ᠤ᠋ᠤᠨ》 ᠵᠡᠷᠭᠡ ᠪᠦᠲᠦᠭᠡᠯ᠎ᠢ ᠪᠠᠬᠲᠠᠭᠠᠵᠦ᠂ ᠮᠣᠩᠭᠣᠯ ᠬᠡᠯᠡᠨ᠎ᠤ ᠷᠣᠮᠠᠨ ᠵᠣᠬᠢᠶᠠᠨ ᠪᠦᠲᠦᠭᠡᠯᠭᠡ᠎ᠶᠢᠨ ᠬᠠᠮᠣᠬ ᠦᠨᠳᠦᠷ ᠲᠦᠪᠰᠢᠨ᠎ᠢ ᠲᠦᠪᠯᠡᠷᠡᠬᠦᠯᠦᠨ ᠬᠠᠷᠠᠭᠣᠯᠵᠦ᠂ ᠦᠪᠦᠷ ᠮᠣᠩᠭᠣᠯ᠎ᠤᠨ ᠦᠪᠡᠷᠮᠢᠴᠡ ᠪᠠᠢᠭᠠᠯᠢ᠎ᠶᠢᠨ ᠦᠵᠡᠮᠵᠢ ᠪᠣᠯᠣᠨ ᠵᠠᠩ ᠦᠢᠯᠡ ᠰᠣᠶᠣᠯ᠎ᠢ ᠲᠣᠰᠬᠠᠨ ᠬᠠᠷᠠᠭᠣᠯᠣᠬᠰᠠᠨ ᠪᠠᠢᠨ᠎ᠠ᠃

2017 ᠤᠨ ᠳ᠋ᠦ ᠴᠣᠯᠮᠣᠨ ᠲᠡᠭᠡᠵᠢ ᠪᠢᠴᠢᠭ· ᠰᠣᠩᠭᠣᠲᠠᠬ ᠪᠦᠲᠦᠭᠡᠯ᠎ᠤᠨ ᠦᠪ ᠰᠠᠩ》 ᠴᠣᠪᠣᠷᠠᠯ ᠪᠢᠴᠢᠭ ᠲᠦ᠍ 《ᠴᠣᠯᠮᠣᠨ》 ᠰᠡᠳᠬᠦᠯ ᠬᠡᠪᠯᠡᠯ ᠡᠬᠢᠯᠡᠭᠰᠡᠨ ᠡᠴᠡ ᠨᠠᠭᠠᠰᠢᠬᠢ ᠬᠠᠮᠣᠬ ᠡᠴᠡ ᠨᠦᠯᠦᠭᠡᠯᠡᠬᠦ ᠬᠦᠴᠦᠨ ᠪᠦᠬᠦᠢ 《 ᠡᠷᠬᠢᠬᠦ ᠬᠣᠷᠸ᠎ᠠ᠎ᠶᠢᠨ ᠵᠢᠮ᠎ᠠ》᠂ 《ᠬᠣᠢᠲᠣ ᠨᠠᠰᠣᠨ ᠳ᠋ᠠᠭᠠᠨ ᠣᠴᠠᠷᠠᠨ᠎ᠠ》 ᠵᠡᠷᠭᠡ 10 ᠷᠣᠮᠠᠨ᠎ᠢ ᠡᠮᠬᠢᠯᠡᠨ ᠬᠡᠪᠯᠡᠬᠦᠯᠵᠦ᠂ ᠮᠣᠩᠭᠣᠯ ᠣᠷᠠᠨ ᠵᠣᠬᠢᠶᠠᠯ᠎ᠤᠨ ᠦᠪ ᠰᠠᠩ᠎ᠢ ᠭᠠᠢᠬᠠᠭᠣᠯᠵᠦ᠂ ᠣᠮᠠᠷᠠᠲᠣ ᠬᠢᠯᠢ᠎ᠶᠢᠨ ᠰᠣᠶᠣᠯ᠎ᠤᠨ ᠪᠠᠢᠭᠣᠯᠣᠯᠲᠠ᠎ᠶᠢ ᠠᠬᠢᠭᠣᠯᠣᠨ᠂ ᠣᠷᠣᠨ ᠨᠣᠲᠣᠬ᠎ᠤᠨ ᠵᠣᠬᠢᠶᠠᠯᠴᠢᠳ᠎ᠢ ᠬᠦᠮᠦᠵᠢᠬᠦᠯᠬᠦ ᠳ᠋ᠦ ᠢᠲᠡᠪᠬᠢ ᠦᠢᠯᠡᠲᠦᠯ ᠦᠵᠡᠬᠦᠯᠦᠭᠰᠡᠨ ᠪᠠᠢᠨ᠎ᠠ᠃

2018 ᠤᠨ ᠡᠴᠡ ᠡᠬᠢᠯᠡᠵᠦ ᠪᠠᠰᠠ 《ᠴᠣᠯᠮᠣᠨ ᠲᠡᠭᠡᠵᠢ ᠪᠢᠴᠢᠭ· ᠰᠣᠲᠣᠨ ᠲᠣᠭᠣᠵᠢ᠎ᠶᠢᠨ ᠰᠣᠩᠭᠣᠮᠠᠯ》᠂ 《ᠴᠣᠯᠮᠣᠨ ᠲᠡᠭᠡᠵᠢ ᠪᠢᠴᠢᠭ· ᠬᠡᠦᠬᠡᠳ᠎ᠤᠨ ᠣᠷᠠᠨ ᠵᠣᠬᠢᠶᠠᠯ》 ᠂ 《 ᠴᠣᠯᠮᠣᠨ ᠲᠡᠭᠡᠵᠢ  ᠪᠢᠴᠢᠭ· ᠰᠣᠲᠣᠨ ᠦᠬᠦᠯᠡᠯᠭᠡ᠎ᠶᠢᠨ ᠰᠢᠯᠢᠮᠡᠯ》᠂《ᠴᠣᠯᠮᠣᠨ ᠲᠡᠭᠡᠵᠢ ᠪᠢᠴᠢᠭ· ᠲᠣᠮᠲᠠᠲᠣ ᠣᠯᠣᠰ᠎ᠤᠨ ᠮᠣᠩᠭᠣᠯ ᠣᠷᠠᠨ ᠵᠣᠬᠢᠶᠠᠯ》 ᠵᠡᠷᠭᠡ ᠢᠵᠢ ᠨᠣᠮ ᠤ᠋ᠤᠨ᠎ᠢ ᠬᠡᠪᠯᠡᠬᠦᠯᠦᠨ ᠲᠠᠷᠬᠠᠭᠠᠵᠦ᠂  ᠡᠳᠦᠭᠡ ᠪᠣᠯᠬᠣ ᠳ᠋ᠦ 《ᠴᠣᠯᠮᠣᠨ ᠲᠡᠭᠡᠵᠢ ᠪᠢᠴᠢᠭ》 ᠨᠢ ᠨᠡᠢᠲᠡ 10 ᠴᠣᠪᠣᠷᠠᠯ ᠨᠣᠮ᠂ 135  ᠪᠣᠳᠢ ᠳ᠋ᠦ ᠬᠦᠷᠴᠡᠢ᠃ ᠡᠳᠡᠭᠡᠷ ᠣᠯᠠᠨ ᠴᠣᠪᠣᠷᠠᠯ ᠨᠣᠮ ᠨᠢ 《ᠴᠣᠯᠮᠣᠨ》 ᠰᠡᠳᠬᠦᠯ᠎ᠤᠨ ᠰᠢᠯᠢᠲᠡᠭ ᠵᠣᠬᠢᠶᠠᠯ ᠪᠦᠲᠦᠭᠡᠯ᠎ᠢ ᠰᠡᠳᠬᠦᠯ ᠡᠴᠡ ᠯᠠᠪᠰᠢᠷᠠᠭᠣᠯᠣᠨ ᠨᠣᠮ᠎ᠤᠨ ᠲᠠᠯᠪᠢᠭᠣᠷ ᠲᠦ᠍ ᠬᠦᠷᠭᠡᠵᠦ᠂ ᠣᠷᠠᠨ ᠵᠣᠬᠢᠶᠠᠯ᠎ᠤᠨ 《ᠴᠣᠯᠮᠣᠨ》 ᠰᠡᠳᠬᠦᠯ᠎ᠢ 《ᠰᠡᠳᠬᠦᠯ᠂ ᠨᠣᠮ᠂ ᠬᠦᠮᠦᠷᠭᠡ》 ᠵᠡᠷᠭᠡ ᠶ᠋ᠢ ᠬᠠᠮᠣᠷᠣᠬᠰᠠᠨ ᠣᠷᠠᠨ ᠵᠣᠬᠢᠶᠠᠯ᠎ᠤᠨ ᠲᠣᠮᠣ ᠲᠠᠪᠴᠠᠩ ᠪᠣᠯᠭᠠᠵᠦ᠂ ᠰᠡᠳᠬᠦᠯ ᠶ᠋ᠢᠡᠷ ᠲᠠᠮᠵᠢᠨ ᠰᠢᠯᠢᠲᠡᠭ ᠪᠦᠲᠦᠭᠡᠯ ᠪᠣᠯᠣᠨ ᠵᠣᠬᠢᠶᠠᠬᠴᠢ᠎ᠶᠢ ᠢᠯᠡᠷᠡᠬᠦᠯᠬᠦ᠂ ᠨᠣᠮ ᠪᠢᠴᠢᠭ ᠶ᠋ᠢᠡᠷ ᠲᠠᠮᠵᠢᠭᠣᠯᠣᠨ ᠵᠣᠬᠢᠶᠠᠯ ᠪᠦᠲᠦᠭᠡᠯ᠎ᠤᠨ ᠨᠦᠯᠦᠭᠡ ᠠᠯᠲᠠᠷᠰᠢᠯ᠎ᠢ ᠦᠷᠭᠡᠳᠭᠡᠵᠦ᠂ 《ᠵᠣᠬᠢᠶᠠᠨ ᠪᠦᠲᠦᠭᠡᠬᠦ —  ᠨᠡᠢᠲᠡᠯᠡᠬᠦ — ᠲᠠᠮᠵᠢᠭᠣᠯᠬᠣ —  ᠣᠯᠠᠮᠵᠢᠯᠠᠬᠣ 》 ᠪᠦᠷᠢᠨ ᠪᠦᠲᠦᠨ ᠲᠣᠬᠲᠠᠯᠴᠠᠭ᠎ᠠ᠎ᠶᠢ  ᠪᠦᠷᠢᠯᠲᠦᠬᠦᠯᠵᠡᠢ᠃

ᠬᠦᠴᠢᠷ᠎ᠢ ᠢᠯᠠᠬᠣ ᠬᠠᠮᠣᠬ᠎ᠤᠨ ᠪᠦᠲᠦᠮᠵᠢᠲᠡᠢ ᠠᠷᠭ᠎ᠠ ᠪᠣᠯ ᠦᠪᠡᠷ᠎ᠢ ᠪᠠᠨ ᠬᠦᠴᠦᠷᠭᠡᠭ᠌ᠵᠢᠬᠦᠯᠬᠦ᠌ ᠬᠡᠷᠡᠭᠲᠡᠢ᠃ 《ᠴᠣᠯᠮᠣᠨ》 ᠰᠡᠳᠬᠦᠯ᠎ᠤᠨ ᠬᠢᠨ ᠶᠠᠬ ᠢᠩᠬᠢᠵᠦ᠍ ᠵᠣᠬᠢᠶᠠᠬ᠍ᠴᠢ ᠪᠠ ᠵᠣᠬᠢᠶᠠᠯ ᠪᠦᠲᠦᠭᠡᠯ ᠡᠴᠡ ᠭᠠᠷᠲᠠᠵᠦ᠍᠂ ᠡᠭᠡ ᠪᠢᠴᠢᠭ᠎ᠤᠨ ᠰᠡᠲᠦᠪ᠂ ᠠᠭᠣᠯᠭ᠎ᠠ ᠣᠷᠠᠯᠢᠬ᠎ᠢ ᠴᠢᠬᠣᠯᠠᠴᠢᠯᠠᠨ ᠵᠣᠬᠢᠶᠠᠯ ᠰᠣᠩᠭᠣᠬᠣ ᠪᠠ ᠨᠠᠢ᠌ᠷᠠᠭᠣᠯᠵᠦ᠍ ᠬᠠᠷᠭᠣᠭᠣᠯᠬᠣ ᠲᠠᠯ᠎ᠠ ᠪᠡᠷ ᠬᠦᠴᠦ᠍ ᠲᠠᠯᠪᠢᠬ᠍ᠰᠠᠨ ᠡᠴᠡ ᠮᠣᠩᠭᠣᠯ ᠰᠡᠳᠬᠦᠯ᠎ᠤ᠋ᠤᠨ᠎ᠤᠨ ᠲᠣᠲᠣᠷ᠎ᠠ ᠪᠠᠨ ᠨᠡᠷ᠎ᠡ ᠨᠦᠯᠦᠭᠡ ᠲᠠᠢ ᠪᠣᠯᠵᠦ᠍᠂ ᠣᠷᠢᠳ ᠬᠣᠵᠢᠳ ᠲᠣᠮᠲᠠᠲᠣ ᠣᠯᠣᠰ᠎ᠤᠨ ᠮᠣᠩᠭᠣᠯ ᠰᠡᠳᠬᠦᠯ᠎ᠤᠨ ᠬᠣᠷᠠᠯ᠎ᠤᠨ ᠨᠠᠢᠷᠠᠭᠣᠯᠭ᠎ᠠ ᠬᠠᠷᠭᠣᠭᠣᠯᠭ᠎ᠠ᠎ᠶ᠋ᠢᠨ ᠲᠡᠷᠢᠬᠦᠨ ᠱᠠᠩᠨᠠᠯ᠂ ᠲᠠᠪᠣᠲᠣᠭᠠᠷ ᠬᠣᠭᠣᠴᠠᠭᠠᠨ᠎ᠤ ᠣᠮᠠᠷᠠᠲᠣ ᠣᠷᠣᠨ᠎ᠤ ᠠᠷᠪᠠᠨ ᠰᠣᠲᠣᠨ ᠰᠡᠳᠬᠦᠯ᠎ᠤᠨ ᠱᠠᠩᠨᠠᠯ ᠪᠠ ᠦᠪᠡᠷᠲᠡᠭᠡᠨ ᠵᠠᠰᠠᠬᠣ ᠣᠷᠣᠨ᠎ᠤ ᠠᠩᠬᠠᠲᠣᠭᠠᠷ ᠬᠣᠭᠣᠴᠠᠭᠠᠨ᠎ᠤ ᠦᠪᠦᠷ ᠮᠣᠩᠭᠣᠯ᠎ᠤᠨ ᠬᠣᠭᠣᠴᠠᠭᠠᠲᠣ ᠰᠡᠳᠬᠦᠯ᠎ᠤᠨ ᠱᠠᠩᠨᠠᠯ᠂ ᠵᠢᠷᠭᠣᠲᠣᠭᠠᠷ ᠬᠣᠭᠣᠴᠠᠭᠠᠨ᠎ᠤ ᠣᠮᠠᠷᠠᠲᠣ ᠣᠷᠣᠨ᠎ᠤ ᠠᠷᠪᠠᠨ ᠰᠣᠲᠣᠨ ᠰᠡᠳᠬᠦᠯ᠎ᠤᠨ ᠱᠠᠩᠨᠠᠯ ᠪᠠ ᠦᠪᠡᠷᠲᠡᠭᠡᠨ ᠵᠠᠰᠠᠬᠣ ᠣᠷᠣᠨ᠎ᠤ ᠬᠣᠶᠠᠲᠣᠭᠠᠷ ᠬᠣᠭᠣᠴᠠᠭᠠᠨ᠎ᠤ ᠦᠪᠦᠷ ᠮᠣᠩᠭᠣᠯ᠎ᠤᠨ ᠬᠣᠭᠣᠴᠠᠭᠠᠲᠣ ᠰᠡᠳᠬᠦᠯ᠎ᠤᠨ ᠱᠠᠩᠨᠠᠯ᠂ ᠦᠪᠦᠷ ᠮᠣᠩᠭᠣᠯ᠎ᠤᠨ ᠨᠣᠮ ᠪᠢᠴᠢᠭ᠎ᠰᠡᠳᠬᠦᠯ ᠰᠣᠨᠢᠨ᠎ᠤ ᠨᠠᠢ᠌ᠷᠠᠭᠣᠯᠭ᠎ᠠ ᠬᠠᠷᠭᠣᠭᠣᠯᠭ᠎ᠠ᠎ᠶ᠋ᠢᠨ ᠴᠢᠨᠠᠷ᠎ᠤᠨ ᠱᠢᠯᠭᠠᠷᠠᠭᠣᠯᠣᠯᠲᠠ᠎ᠶ᠋ᠢᠨ ᠮᠠᠩᠯᠠᠢ ᠱᠠᠩᠨᠠᠯ᠎ᠢ ᠲᠣᠰᠣᠬ᠍ᠰᠠᠨ ᠪᠠᠢᠨ᠎ᠠ᠃ 《ᠴᠣᠯᠮᠣᠨ》 ᠰᠡᠳᠬᠦᠯ᠎ᠤᠨ ᠨᠠᠢ᠌ᠷᠠᠭᠣᠯᠣᠬ᠍ᠴᠢᠳ ᠴᠦ᠍ ᠮᠣᠩᠭᠣᠯ ᠰᠡᠳᠬᠦᠯ᠎ᠤᠨ ᠬᠠᠮᠵᠢᠯᠴᠠᠬᠣ ᠬᠣᠷᠠᠯ᠎ᠤᠨ ᠱᠢᠯᠢᠲᠡᠭ ᠨᠠᠢ᠌ᠷᠠᠭᠣᠯᠣᠬ᠍ᠴᠢ᠂ ᠭᠠᠪᠢᠶᠠᠲᠣ ᠨᠠᠢ᠌ᠷᠠᠭᠣᠯᠣᠬ᠍ᠴᠢ ᠂ ᠦᠪᠦᠷ ᠮᠣᠩᠭᠣᠯ᠎ᠤᠨ ᠠᠷᠪᠠᠨ ᠰᠣᠲᠣᠨ ᠨᠠᠢ᠌ᠷᠠᠭᠣᠯᠣᠬ᠍ᠴᠢ ᠵᠡᠷᠭᠡ᠎ᠶ᠋ᠢᠨ ᠢᠷᠠᠭᠣ ᠠᠯᠲᠠᠷ᠎ᠢ ᠣᠲᠠᠭ᠎ᠠ ᠲᠠᠷᠠᠭᠠᠯᠠᠨ ᠲᠣᠰᠴᠠᠢ ᠃


QQ20250917-110918.png


ᠵᠢᠩ ᠲᠠᠢ ᠬᠦᠨᠳᠦᠴᠡ ᠲᠠᠢ 《ᠴᠣᠯᠮᠣᠨ》 ᠎ᠤ᠋ ᠵᠢᠬᠦᠷ ᠲᠠᠢ ᠮᠦᠷᠦᠭᠡᠳᠦᠯ ᠲᠠᠢ ᠢᠷᠡᠭᠡᠳᠦᠢ

《ᠴᠣᠯᠮᠣᠨ》 ᠰᠡᠳᠬᠦᠯ᠎ᠤᠨ ᠡᠭᠡ ᠪᠢᠴᠢᠭ᠎ᠤᠨ ᠬᠠᠩᠭᠠᠯᠭ᠎ᠠ ᠪᠣᠯᠣᠨ ᠴᠢᠨᠠᠷ ᠴᠢᠨᠰᠠᠭ᠎ᠠ᠎ᠶ᠋ᠢᠨ ᠲᠡᠭᠡᠭ᠌ᠰᠢᠯᠡᠯᠲᠡ ᠨᠢ ᠵᠦᠪᠭᠡᠨ ᠡᠭᠡ ᠪᠢᠴᠢᠭ ᠡᠯᠰᠡᠬᠦ᠌ ᠳ᠋ᠦ᠍ ᠲᠦᠱᠢᠭᠯᠡᠵᠦ᠍᠂ ᠱᠠᠩᠨᠠᠯ᠎ᠤᠨ ᠠᠮᠠᠯᠠᠯᠲᠠ ᠳ᠋ᠦ᠍ ᠨᠠᠢ᠌ᠲᠠᠨ ᠪᠡᠶᠡᠯᠡᠭ᠌ᠲᠡᠭ᠌ᠰᠡᠨ ᠪᠢᠰᠢ᠂ ᠬᠠᠷᠢᠨ ᠰᠡᠳᠬᠦᠯ᠎ᠤᠨ ᠲᠠᠯ᠎ᠠ ᠡᠴᠡ ᠠᠲᠠᠯᠢ ᠪᠣᠰᠣ᠎ᠶ᠋ᠢᠨ ᠴᠠᠬ ᠬᠣᠭᠣᠴᠠᠭᠠᠨ ᠳ᠋ᠦ᠍ ᠮᠣᠩᠭᠣᠯ ᠣᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ᠎ᠶ᠋ᠢᠨ ᠰᠡᠲᠦᠪ ᠰᠡᠲᠦᠪᠯᠡᠬᠦᠨ᠎ᠤ ᠶᠡᠷᠦᠩᠭᠡᠢ ᠪᠠᠢ᠌ᠲᠠᠯ ᠬᠢᠭᠡᠳ ᠣᠷᠠᠯᠠᠬᠣ ᠡᠷᠲᠡᠮ᠎ᠤᠨ ᠬᠠᠨᠲᠣᠯᠭ᠎ᠠ ᠴᠢᠭ᠌ᠯᠡᠯ᠎ᠢ ᠠᠩᠬᠠᠷᠣᠨ ᠰᠠᠨᠠᠭᠠᠴᠢᠯᠠᠭ᠎ᠠ ᠲᠠᠢ ᠪᠡᠷ ᠲᠣᠲᠣᠷᠬᠠᠢ᠌ᠯᠠᠨ ᠵᠢᠯᠣᠭᠣᠳᠴᠦ᠍ ᠪᠠᠢ᠌ᠬ᠍ᠰᠠᠨ ᠭᠡᠲᠡᠭ ᠲᠦ᠍ ᠲᠣᠲᠣᠷᠬᠠᠢ᠃ ᠠᠯᠢ ᠡᠷᠳᠡ1983 ᠤᠨ ᠳ᠋ᠦ᠍ 《ᠴᠣᠯᠮᠣᠨ》 ᠰᠡᠳᠬᠦᠯ 《ᠦᠨᠳᠦᠰᠦᠲᠡᠨ᠎ᠤ ᠪᠦᠯᠬᠦᠮᠲᠡᠯ》 ᠭᠡᠬᠦ ᠪᠣᠯᠣᠩ ᠭᠠᠷᠭᠠᠨ ᠵᠣᠬᠢᠶᠠᠬ᠍ᠴᠢ᠎ᠶ᠋ᠢᠨ ᠬᠠᠷᠠᠭ᠎ᠠ ᠪᠠ ᠵᠣᠬᠢᠶᠠᠨ ᠪᠦᠲᠦᠭᠡᠬᠦ᠌ ᠠᠵᠢᠯᠯᠠᠭ᠎ᠠ᠎ᠶ᠋ᠢ ᠱᠢᠷᠬ᠎ᠠ ᠰᠣᠷᠪᠢ᠎ᠶ᠋ᠢᠨ ᠣᠳᠭ᠎ᠠ ᠵᠣᠬᠢᠶᠠᠯ ᠪᠣᠶᠣ ᠲᠣᠭᠠᠴᠢᠯ ᠵᠠᠭᠠᠯᠲᠣᠯᠭ᠎ᠠ᠎ᠶ᠋ᠢᠨ ᠣᠷᠠᠨ ᠵᠣᠬᠢᠶᠠᠯ ᠡᠴᠡ ᠡᠪᠯᠢᠭ᠌ᠭᠡᠨ ᠱᠢᠯᠵᠢᠬᠦᠯᠦᠭ᠌ᠰᠡᠨ ᠪᠦᠭᠡᠳ ᠲᠡᠭᠡᠷ᠎ᠡ ᠵᠠᠭᠣᠨ᠎ᠤ ᠶᠡᠷᠡᠭᠡᠳ ᠤᠨ᠎ᠤ ᠡᠬᠢᠨ ᠳ᠋ᠦ᠍ ᠷᠣᠮᠠᠨ ᠲᠣᠭᠣᠵᠢ᠎ᠶ᠋ᠢᠨ ᠰᠡᠲᠦᠪ ᠲᠡᠯᠡᠯᠲᠡ ᠦᠭᠡᠢ ᠪᠠᠢ᠌ᠭ᠎ᠠ ᠪᠠᠢ᠌ᠲᠠᠯ ᠳ᠋ᠦ᠍ ᠴᠢᠭ᠌ᠯᠡᠬᠦᠯᠦᠨ᠂ ᠦᠭᠡᠷᠡᠴᠢᠯᠡᠯᠲᠡ ᠰᠡᠲᠦᠪᠲᠦ ᠲᠣᠭᠣᠵᠢ᠎ᠶ᠋ᠢᠨ ᠣᠷᠣᠯᠲᠣᠭᠠᠨ ᠡᠷᠬᠢᠯᠡᠵᠦ᠂ ᠱᠢᠨ᠎ᠠ ᠵᠠᠭᠣᠨ ᠳ᠋ᠦ᠍ ᠣᠷᠣᠬ᠍ᠰᠠᠨ᠎ᠤ ᠲᠠᠷᠠᠭ᠎ᠠ ᠦᠨᠳᠦᠰᠦᠨ ᠱᠠᠲᠣᠨ᠎ᠤ ᠠᠬᠣᠢ ᠠᠮᠢᠲᠣᠷᠠᠯ᠎ᠢ ᠲᠣᠰᠭᠠᠬ᠍ᠰᠠᠨ ᠪᠦᠲᠦᠭᠡᠯ ᠳ᠋ᠦ᠍ ᠨᠡᠢ᠌ᠭᠡᠮ᠎ᠤᠨ ᠵᠦᠷᠢᠴᠡᠯ᠎ᠢ ᠬᠢᠯᠪᠠᠷᠴᠢᠯᠠᠨ ᠵᠠᠬ᠍ᠪᠣᠷᠴᠢᠯᠠᠬ᠍ᠰᠠᠨ ᠦᠵᠡᠭ᠌ᠲᠡᠯ ᠨᠣᠴᠢᠲᠠᠢ ᠪᠣᠯᠣᠬ᠍ᠰᠠᠨ ᠦᠶ᠎ᠡ ᠳ᠋ᠦ᠍ ᠣᠣᠭᠠᠯ ᠰᠣᠶᠣᠯ᠂ ᠲᠡᠦᠭᠡ ᠪᠣᠯᠣᠨ ᠬᠠᠢ᠌ᠷ᠎ᠠ᠎ᠶ᠋ᠢᠨ ᠰᠡᠲᠦᠪᠲᠦ ᠵᠣᠬᠢᠶᠠᠯ᠎ᠢ ᠠᠩᠬᠠᠷᠣᠨ ᠡᠭᠡ ᠪᠢᠴᠢᠭ ᠡᠯᠰᠡᠬᠦ᠌ ᠠᠵᠢᠯᠯᠠᠭ᠎ᠠ᠎ᠶᠢᠨ ᠶ᠋ᠢᠡᠨ ᠭᠣᠣᠯᠲᠠᠯᠭ᠎ᠠ ᠪᠣᠯᠭᠠᠬ᠍ᠰᠠᠨ ᠶᠣᠮ᠃ ᠡᠳᠡᠭᠡᠷ ᠪᠦᠬᠦᠨ ᠨᠢ ᠰᠡᠲᠦᠪ᠎ᠤᠨ ᠬᠣᠪᠢ ᠳ᠋ᠦ᠍ ᠵᠣᠬᠢᠶᠠᠯᠴᠢᠳ᠎ᠶ᠋ᠢᠡᠨ ᠣᠲᠣᠷᠢᠳᠴᠦ᠍ ᠪᠠᠢ᠌ᠬ᠍ᠰᠠᠨ ᠪᠣᠯ ᠬᠡᠪᠯᠡᠯ ᠡᠬᠢᠯᠡᠭ᠌ᠰᠨᠨ ᠲᠡᠷᠡ ᠴᠠᠬ ᠡᠴᠡ ᠪᠠᠨ ᠡᠬᠢᠯᠡᠵᠦ᠂ ᠣᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ ᠲᠠᠢ ᠬᠣᠯᠪᠣᠬ᠍ᠲᠠᠬ᠍ᠰᠠᠨ ᠣᠬᠠᠬ᠍ᠲᠠᠬᠣᠨ ᠣᠢ᠌ᠯᠠᠭᠠᠯᠲᠠ᠂ ᠠᠬᠠᠮᠠᠳ ᠵᠣᠬᠢᠶᠠᠯᠴᠢ᠎ᠶ᠋ᠢᠨ ᠲᠣᠷᠱᠢᠯᠭ᠎ᠠ᠂ ᠨᠣᠮ ᠣᠩᠱᠢᠬᠣ ᠲᠣᠰᠠᠯᠠᠮᠵᠢ ᠮᠡᠲᠦ᠍᠎ᠶ᠋ᠢᠨ ᠦᠨᠳᠦᠰᠦᠨ ᠣᠨᠣᠯ ᠪᠠ ᠮᠡᠲᠡᠯᠭᠡ᠎ᠶ᠋ᠢᠨ ᠱᠢᠨᠵᠢᠲᠡᠢ ᠵᠣᠬᠢᠶᠠᠯ᠎ᠢ ᠨᠡᠢ᠌ᠲᠡᠯᠡᠨ ᠵᠣᠬᠢᠶᠠᠨ ᠪᠦᠲᠦᠭᠡᠬᠦ᠌ ᠦᠢᠯᠡᠲᠦᠯᠭᠡ ᠳ᠋ᠦ᠍ ᠦᠢᠯᠡᠴᠢᠯᠡᠵᠦ᠍᠂ ᠰᠲ᠋ᠢᠯᠢ ᠪᠣᠯᠭᠠᠨ᠎ᠤ ᠡᠭᠡ ᠪᠢᠴᠢᠭ᠎ᠤᠨ ᠲᠣᠲᠣᠷ᠎ᠠ ᠡᠴᠡ ᠣᠷᠠᠯᠠᠬᠣ ᠠᠷᠭ᠎ᠠ ᠪᠠᠷᠢᠯ᠎ᠤᠨ ᠬᠣᠪᠢ ᠳ᠋ᠦ᠍ ᠦᠪᠡᠷᠮᠢᠴᠡ ᠱᠢᠨ᠎ᠠ ᠪᠦᠲᠦᠭᠡᠯ᠎ᠢ ᠬᠦᠨᠲᠦᠳᠭᠡᠨ ᠣᠷᠠᠯᠢᠬ᠎ᠤᠨ ᠦᠨᠳᠦᠷ ᠲᠦᠪᠱᠢᠨ ᠦᠭᠡᠲᠡ ᠵᠣᠬᠢᠶᠠᠯᠴᠢᠳ᠎ᠶ᠋ᠢᠡᠨ ᠲᠠᠭᠠᠭᠣᠯᠣᠨ ᠬᠦᠲᠦᠯᠵᠦ᠍ ᠪᠠᠢᠬᠰᠠᠨ ᠪᠢᠯᠡ᠃ ᠡᠬᠦᠨ ᠳ᠋ᠦ ᠭᠠᠲᠠᠭᠠᠲᠣ ᠣᠷᠠᠨ ᠵᠣᠬᠢᠶᠠᠯ ᠪᠣᠯᠣᠨ ᠠᠬ᠎ᠠ ᠲᠡᠬᠦᠦ ᠦᠨᠳᠦᠰᠦᠲᠡᠨ᠎ᠤ ᠰᠢᠯᠢᠲᠡᠭ ᠣᠷᠠᠨ ᠵᠣᠬᠢᠶᠠᠯ᠎ᠢ ᠣᠷᠴᠢᠭᠣᠯᠣᠨ ᠨᠡᠢᠲᠡᠯᠡᠵᠦ ᠪᠠᠢᠬᠰᠠᠨ ᠨᠢ ᠶᠡᠮᠡᠷ ᠨᠢᠭᠡᠨ ᠬᠡᠮᠵᠢᠶᠡᠨ ᠲᠡᠭᠡᠷ᠎ᠡ ᠵᠢᠱ᠌ᠢᠶ᠎ᠠ ᠵᠣᠬᠢᠶᠠᠯ ᠪᠣᠶᠣ ᠣᠩᠱᠢᠬᠣ ᠪᠢᠴᠢᠭ ᠭᠡᠮᠡᠷ ᠴᠢᠬᠣᠯᠠ ᠶᠡᠬᠡ ᠯᠠᠪᠯᠠᠯᠲᠠ᠎ᠶ᠋ᠢᠨ ᠦᠨ᠎ᠡ ᠴᠠᠨ᠎ᠠ ᠲᠠᠢ ᠪᠣᠯᠵᠦ ᠪᠠᠢᠬᠰᠠᠨ ᠨᠢ ᠮᠡᠳᠡᠭᠡᠵᠢ᠃

ᠲᠦᠷᠦᠭᠡ ᠴᠢᠩᠭᠠᠯᠠᠵᠦ ᠵᠢᠳᠬᠦᠭᠰᠡᠨ 45 ᠬᠠᠪᠣᠷ ᠨᠠᠮᠣᠷ᠂ ᠲᠠᠬᠢᠨ ᠣᠷᠣᠬᠰᠢᠯᠠᠬᠣ ᠰᠢᠨ᠎ᠡ ᠠᠶᠠᠨ᠎ᠤ ᠭᠠᠷᠣᠭ᠎ᠠ᠃ ᠣᠷᠠᠨ ᠵᠣᠬᠢᠶᠠᠯ᠎ᠤᠨ ᠦᠨᠳᠦᠷ ᠲᠡᠭᠷᠢ ᠳ᠋ᠦ ᠬᠢᠯᠠᠯᠵᠠᠬᠰᠠᠨ《ᠴᠣᠯᠮᠣᠨ》 ᠰᠡᠳᠬᠦᠯ ᠬᠠᠪᠣᠷ᠎ᠤᠨ ᠵᠡᠷᠭᠡᠯᠭᠡᠨ ᠲᠠᠢ ᠬᠠᠮᠲᠣ ᠦᠶᠡᠯᠵᠡᠨ᠂ ᠵᠣᠨ᠎ᠤ ᠰᠣᠯᠣᠩᠭ᠎ᠠ ᠲᠠᠢ ᠵᠡᠷᠭᠡᠴᠡᠨ ᠨᠠᠮᠢᠷᠠᠵᠦ᠂ ᠨᠠᠮᠣᠷ᠎ᠤᠨ ᠰᠠᠯᠬᠢᠨ ᠲᠠᠢ ᠦᠶᠡᠷᠬᠡᠨ ᠰᠡᠪᠢᠯᠵᠡᠵᠦ᠂ ᠡᠪᠦᠯ᠎ᠤᠨ ᠠᠭᠣᠯᠠᠰ ᠯᠣᠭ᠎ᠠ ᠢᠵᠢᠯᠢᠰᠢᠨ ᠭᠡᠷᠡᠯᠲᠦᠬᠦ ᠶᠣᠮ ᠡ᠃

   ᠵᠣᠬᠢᠶᠠᠯᠴᠢᠳ ᠶ᠋ᠢᠡᠨ ᠲᠠᠢᠴᠢᠯᠠᠵᠣ᠂ ᠣᠩᠰᠢᠬᠴᠢᠳ ᠶ᠋ᠢᠡᠨ ᠬᠦᠨᠳᠦᠳᠭᠡᠨ᠂ ᠡᠬᠡ ᠪᠢᠴᠢᠭ᠎ᠤᠨ ᠰᠡᠳᠦᠪ ᠰᠣᠩᠭᠣᠯᠲᠠ᠎ᠶᠢ ᠦᠷᠭᠡᠳᠭᠡᠨ᠂ ᠵᠣᠬᠢᠶᠠᠯ᠎ᠤᠨ ᠴᠢᠨᠠᠷ ᠴᠢᠨᠰᠠᠭ᠎ᠠ᠎ᠶᠢ ᠲᠡᠭᠡᠭᠰᠢᠯᠡᠬᠦᠯᠵᠦ᠂ ᠦᠪᠦᠷ ᠮᠣᠩᠭᠣᠯ᠎ᠤᠨ ᠣᠷᠠᠨ ᠵᠣᠬᠢᠶᠠᠯ᠎ᠤᠨ ᠣᠷᠣᠨ ᠵᠠᠢ᠎ᠶᠢ ᠲᠡᠯᠡᠬᠦ ᠪᠣᠯ 《 ᠴᠣᠯᠮᠣᠨ 》 ᠰᠡᠳᠬᠦᠯ᠎ᠤᠨ ᠴᠣᠴᠠᠯᠲᠠ ᠦᠭᠡᠢ ᠣᠷᠣᠬᠰᠢᠯᠠᠵᠦ ᠢᠷᠡᠭᠰᠡᠨ ᠪᠠᠷᠢᠮᠲᠠᠯᠠᠯ ᠶᠣᠮ᠃ ᠡᠨᠡ ᠨᠢ ᠮᠦᠨᠴᠦ 《ᠴᠣᠯᠮᠣᠨ》 ᠰᠡᠳᠬᠦᠯ ᠣᠩᠰᠢᠬᠴᠢᠳ᠎ᠤᠨ ᠲᠣᠮᠲᠠ 《ᠵᠣᠵᠠᠭᠠᠨ ᠮᠦᠷᠲᠡᠭᠡᠨ ᠵᠢᠩ ᠲᠠᠢ》 ᠭᠡᠮᠡᠨ ᠦᠨᠡᠯᠡᠭᠲᠡᠵᠦ ᠢᠷᠡᠭᠰᠡᠨ᠎ᠤ ᠦᠨᠳᠦᠰᠦᠯᠡᠯ ᠪᠣᠯᠬᠣ ᠶᠣᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号