ᠣᠲᠣᠭ ᠤ᠋ᠨ ᠠᠪᠤᠷᠭᠤ ᠭᠦᠷᠪᠡᠯ ᠤ᠋ᠨ ᠮᠦᠷ ᠤ᠋ᠨ ᠴᠢᠯᠠᠭᠤᠵᠢᠮᠠᠯ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠡᠴᠡ ᠬᠤᠶᠠᠷ ᠰᠢᠨ᠎ᠡ ᠠᠪᠤᠷᠭᠤ ᠭᠦᠷᠪᠡᠯ ᠤ᠋ᠨ ᠮᠥᠷ᠎ᠢ ᠢᠯᠡᠷᠡᠬᠦᠯᠵᠡᠢ
2025-09-18 09:30:51
ᠵᠣᠬᠢᠶᠠᠭ᠍ᠴᠢ᠄
ᠪᠤᠶᠠᠠᠡᠨᠡᠷᠢᠯ
ᠣᠩᠱᠢᠭ᠍ᠰᠠᠨ ᠣᠳᠠᠭ᠎ᠠ᠄
★★★☆☆


9 ᠰᠠᠷ᠎ᠠ ᠵᠢᠨ 15 ᠤ᠋ ᠡᠳᠦᠷ ᠰᠤᠷᠪᠤᠯᠵᠢᠯᠠᠭ᠍ᠴᠢ ᠣᠲᠣᠭ ᠤ᠋ᠨ ᠠᠪᠤᠷᠭᠤ ᠭᠦᠷᠪᠡᠯ ᠤ᠋ᠨ ᠮᠦᠷ ᠤ᠋ᠨ ᠴᠢᠯᠠᠭᠤᠵᠢᠮᠠᠯ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠤ᠋ ᠬᠠᠮᠢᠶᠠᠷᠤᠯᠲᠠ ᠵᠢᠨ ᠲᠣᠪᠴᠢᠶ᠎ᠠ ᠡᠴᠡ ᠣᠢᠯᠠᠭᠠᠭᠰᠠᠨ ᠶ᠋ᠢᠡᠷ᠂ ᠲᠣᠰ ᠲᠣᠪᠴᠢᠶ᠎ᠠ ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠡᠷᠲᠡᠨ ᠤ᠋ ᠰᠡᠭᠡᠷᠲᠡᠨ ᠠᠮᠢᠲᠠᠨ ᠬᠢᠭᠡᠳ ᠡᠷᠲᠡᠨ ᠤ᠋ ᠬᠥᠮᠥᠨ ᠲᠥᠷᠥᠯᠬᠢᠲᠡᠨ ᠤ᠋ ᠰᠤᠳᠤᠯᠭᠠᠨ ᠤ᠋ ᠭᠠᠵᠠᠷ᠂ ᠮᠦᠭᠳᠡᠨ ᠪᠠᠭ᠍ᠰᠢ ᠵᠢᠨ ᠶᠡᠬᠡ ᠰᠤᠷᠭᠠᠭᠤᠯᠢ ᠵᠡᠷᠭᠡ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠪᠦᠯᠬᠦᠮ ᠳ᠋ᠤ ᠨᠠᠢᠳᠠᠭᠠᠳ ᠬᠠᠢᠨ ᠰᠢᠨᠵᠢᠯᠡᠵᠦ ᠂ 4 ᠰᠠᠷ᠎ᠠ ᠵᠢᠨ ᠬᠡᠭᠡᠷ᠎ᠡ ᠵᠢᠨ ᠪᠠᠢᠴᠠᠭᠠᠯᠲᠠ᠂ 7 ᠰᠠᠷ᠎ᠠ ᠭᠠᠷᠤᠢ ᠵᠢᠨ ᠠᠩᠬ᠎ᠠ ᠠᠯᠬᠤᠮ ᠤ᠋ᠨ ᠰᠤᠳᠤᠯᠤᠯᠲᠠ ᠬᠢᠭᠡᠳ᠂ ᠥᠩᠭᠡᠷᠡᠭᠰᠡᠨ ᠤ᠋ ᠰᠤᠳᠤᠯᠭᠠᠨ ᠤ᠋ ᠦᠷ᠎ᠡ ᠪᠦᠲᠦᠭᠡᠯ ᠲᠠᠢ ᠪᠡᠨ ᠤᠶᠠᠯᠳᠤᠭᠤᠯᠤᠨ᠂ ᠰᠢᠨ᠎ᠡ ᠪᠡᠷ ᠢᠯᠡᠷᠡᠭᠦᠯᠦᠭᠰᠡᠨ ᠠᠷᠢᠶᠠᠲᠠᠨᠯᠢᠭ ᠬᠥᠯᠲᠡᠨ ᠭᠦᠷᠪᠡᠯ ᠤ᠋ᠨ ᠬᠣᠶᠠᠷ ᠮᠥᠷ ᠨᠢ ᠲᠣᠰ ᠲᠣᠰ ᠳᠡᠯᠡᠬᠡᠢ ᠳᠡᠭᠡᠷᠡᠬᠢ ᠬᠠᠮᠤᠭ ᠤ᠋ᠨ ᠬᠤᠷᠳᠤᠨ ᠭᠦᠶᠦᠳᠡᠭ ᠠᠪᠤᠷᠭᠤ ᠬᠦᠷᠪᠡᠯ ᠤ᠋ᠨ ᠮᠥᠷ ᠪᠠ ᠳᠤᠮᠳᠠᠳᠤ ᠤᠯᠤᠰ ᠤ᠋ᠨ ᠬᠠᠮᠤᠭ ᠤ᠋ᠨ ᠣᠷᠳᠣ᠌ ᠠᠪᠤᠷᠭᠤ ᠬᠦᠷᠪᠡᠯ ᠤ᠋ᠨ ᠮᠥᠷ ᠪᠣᠯᠬᠤ ᠵᠢ ᠲᠤᠰᠬᠠᠢ ᠮᠡᠷᠭᠡᠵᠢᠯᠲᠡᠨ ᠨᠤᠲᠠᠯᠠᠭᠰᠠᠨ ᠪᠠᠢᠨ᠎ᠠ᠃

ᠣᠢᠯᠠᠭᠠᠭᠰᠠᠨ ᠶ᠋ᠢᠡᠷ᠂ ᠲᠣᠰ ᠬᠠᠮᠠᠭᠠᠯᠠᠯᠲᠠ ᠵᠢᠨ ᠣᠷᠣᠨ ᠤ᠋ ᠲᠣᠯᠢ ᠵᠢᠨ 9 ᠳ᠋ᠤᠭᠡᠷ ᠨᠣᠮᠧᠷᠲᠤ ᠴᠡᠭ ᠤ᠋ᠨ ᠠᠷᠢᠶᠠᠲᠠᠨᠯᠢᠭ ᠬᠥᠯᠲᠡᠨ ᠭᠦᠷᠪᠡᠯ ᠤ᠋ᠨ ᠮᠥᠷ ᠨᠢ 5 ᠦᠷᠭᠦᠯᠵᠢᠯᠡᠭᠰᠡᠨ ᠳᠤᠮᠳᠠ ᠬᠡᠯᠪᠡᠷᠢ ᠵᠢᠨ ᠠᠷᠢᠶᠠᠲᠠᠨᠯᠢᠭ ᠬᠥᠯᠲᠡᠨ ᠭᠦᠷᠪᠡᠯ ᠤ᠋ᠨ ᠮᠥᠷ ᠶ᠋ᠢᠡᠷ ᠪᠦᠷᠢᠯᠳᠦᠵᠦ᠂ ᠨᠢᠭᠡ ᠠᠯᠬᠤᠮ ᠤ᠋ᠨ ᠣᠷᠳᠣ᠌ ᠶ᠋ᠢᠨ ᠳᠤᠮᠳᠠᠴᠢ ᠬᠡᠮᠵᠢᠭᠳᠡᠯ ᠨᠢ 2.65 ᠮᠧᠲᠷ᠂ ᠬᠥᠯ ᠤ᠋ᠨ ᠮᠥᠷ ᠤ᠋ᠨ ᠣᠷᠳᠣ᠌ ᠨᠢ ᠪᠠᠷᠤᠭ 25 ᠰᠠᠨᠲ᠋ᠢᠮᠧᠲᠷ᠂ ᠬᠤᠶᠠᠷ ᠠᠯᠬᠤᠮ ᠤ᠋ᠨ ᠣᠷᠳᠣ᠌ ᠨᠢ 5.3 ᠮᠧᠲᠷ ᠪᠤᠢ᠃ ᠮᠦᠷ ᠤ᠋ᠨ ᠴᠢᠯᠠᠭᠤᠵᠢᠮᠠᠯ ᠤ᠋ᠨ ᠬᠡᠯᠪᠡᠷᠢ ᠳᠦᠷᠰᠦ ᠵᠢᠨ ᠣᠨᠴᠠᠯᠢᠭ᠋ ᠡᠴᠡ ᠦᠵᠡᠪᠡᠯ᠂ ᠬᠥᠯ ᠤ᠋ᠨ ᠪᠣᠷᠪᠢ ᠵᠢᠨ ᠮᠥᠷ ᠨᠢ ᠮᠠᠰᠢ ᠭᠦᠢᠬᠡᠨ ᠪᠤᠶᠤ ᠪᠠᠢᠬᠤ ᠦᠭᠡᠢ᠂ ᠬᠥᠯ ᠤ᠋ᠨ ᠮᠥᠷ ᠤ᠋ᠨ ᠡᠮᠦᠨ᠎ᠡ ᠦᠵᠦᠭᠦᠷ ᠤ᠋ᠨ ᠬᠡᠰᠡᠭ ᠤ᠋ᠨ ᠮᠦᠷ ᠨᠢ ᠮᠠᠰᠢ ᠭᠦᠨ ᠪᠠᠢᠬᠤ ᠡᠴᠡ ᠠᠪᠤᠷᠭᠤ ᠭᠦᠷᠪᠡᠯ ᠤ᠋ᠨ ᠬᠥᠳᠡᠯᠭᠡᠭᠡᠨ ᠬᠢᠬᠦ ᠦᠶ᠎ᠡ ᠶ᠋ᠢᠨ ᠬᠦᠨᠳᠦ ᠵᠢᠨ ᠲᠥᠪ ᠶ᠋ᠢᠡᠨ ᠤᠷᠤᠭ᠍ᠰᠢ ᠬᠡᠯᠪᠡᠢᠯᠭᠡᠨ᠂ ᠥᠯᠮᠡᠢ ᠵᠢᠨ ᠬᠡᠰᠡᠭ ᠵᠢᠡᠷ ᠵᠢᠡᠨ ᠬᠤᠷᠳᠤᠨ ᠬᠦᠶᠦᠵᠦ ᠪᠠᠢᠭ᠎ᠠ ᠪᠠᠢᠳᠠᠯ ᠢ᠋ ᠤᠯᠵᠤ ᠮᠡᠳᠡᠵᠡᠢ᠃ ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠰᠡᠭᠡᠷᠲᠡᠨ ᠠᠮᠢᠲᠠᠨ ᠪᠠ ᠡᠷᠲᠡᠨ ᠤ᠋ ᠬᠥᠮᠥᠨ ᠲᠥᠷᠥᠯᠬᠢᠲᠡᠨ ᠤ᠋ ᠰᠤᠳᠤᠯᠭᠠᠨ ᠤ᠋ ᠭᠠᠵᠠᠷ ᠤ᠋ᠨ ᠳ᠋ᠣᠺᠲ᠋ᠣᠷ᠂ ᠮᠦᠭᠳᠡᠨ ᠪᠠᠭ᠍ᠰᠢ ᠵᠢᠨ ᠶᠡᠬᠡ ᠰᠤᠷᠭᠠᠭᠤᠯᠢ ᠵᠢᠨ ᠠᠰᠫᠢᠷᠠᠨᠲ ᠤ᠋ᠨ ᠵᠢᠯᠣᠭᠣᠳᠤᠭ᠍ᠴᠢ ᠪᠠᠭ᠍ᠰᠢ ᠯᠢ ᠶᠠᠩ᠄ 《ᠲᠣᠰ ᠮᠦᠷ ᠤ᠋ᠨ ᠴᠢᠯᠠᠭᠤᠵᠢᠮᠠᠯ ᠡᠴᠡ ᠠᠪᠤᠷᠭᠤ ᠭᠦᠷᠪᠡᠯ ᠤ᠋ᠨ ᠬᠤᠷᠳᠤᠨ ᠬᠦᠶᠦᠵᠦ ᠪᠠᠢᠬᠤ ᠵᠢ ᠤᠯᠵᠤ ᠮᠡᠳᠡᠵᠦ ᠪᠤᠯᠤᠨ᠎ᠠ᠂ ᠬᠤᠷᠳᠤᠴᠠ ᠨᠢ ᠪᠠᠷᠤᠭ ᠴᠠᠭ ᠪᠦᠷᠢ 45 ᠺᠢᠯᠣᠮᠧᠲᠷ ᠲᠤ᠌ ᠬᠦᠷᠦᠨ᠎ᠡ᠂ ᠡᠨᠡ ᠬᠦ᠌ ᠢᠯᠡᠷᠡᠭᠦᠯᠦᠯᠲᠡ ᠵᠢ ᠪᠥᠬᠥ ᠳᠡᠯᠡᠬᠡᠢ ᠵᠢᠨ ᠠᠷᠢᠶᠠᠲᠠᠨᠯᠢᠭ ᠬᠥᠯᠲᠡᠨ ᠭᠦᠷᠪᠡᠯ ᠤ᠋ᠨ ᠭᠦᠶᠦᠯᠲᠡ ᠲᠠᠢ ᠬᠠᠷᠢᠴᠠᠭᠤᠯᠪᠠᠯ᠂ ᠴᠠᠷᠳᠠ ᠵᠢᠨ ᠭᠠᠯᠪᠠ ᠵᠢᠨ ᠦᠶ᠎ᠡ ᠵᠢᠨ ᠠᠷᠢᠶᠠᠲᠠᠨᠯᠢᠭ ᠬᠥᠯᠲᠡᠨ ᠭᠦᠷᠪᠡᠯ ᠤ᠋ᠨ ᠬᠠᠮᠤᠭ ᠤ᠋ᠨ ᠬᠤᠷᠳᠤᠨ ᠬᠤᠷᠳᠤᠴᠠ ᠵᠢ ᠰᠢᠨᠡᠳᠬᠡᠵᠡᠢ》 ᠭᠡᠵᠦ ᠲᠠᠨᠢᠯᠴᠠᠭᠤᠯᠤᠭᠰᠠᠨ ᠪᠠᠢᠨ᠎ᠠ᠃

ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠠᠵᠢᠯᠲᠠᠨ ᠲᠣᠰ ᠬᠠᠮᠠᠭᠠᠯᠠᠯᠲᠠ ᠵᠢᠨ ᠣᠷᠣᠨ ᠤ᠋ ᠨᠥᠭᠥᠭᠡ ᠨᠢᠭᠡ ᠠᠪᠤᠷᠭᠤ ᠭᠦᠷᠪᠡᠯ ᠤ᠋ᠨ ᠤᠯᠠ ᠮᠥᠷ ᠤ᠋ᠨ ᠴᠡᠭ ᠡᠴᠡ 69 ᠬᠥᠯ ᠤ᠋ᠨ ᠮᠥᠷ ᠶ᠋ᠢᠡᠷ ᠪᠦᠷᠢᠯᠳᠦᠭᠰᠡᠨ᠂ ᠪᠥᠬᠥ ᠣᠷᠳᠣ᠌ ᠨᠢ 81 ᠮᠧᠲᠷ᠎ᠤᠨ ᠮᠦᠷ ᠤ᠋ᠨ ᠴᠢᠯᠠᠭᠤᠵᠢᠮᠠᠯ ᠢ᠋ ᠢᠯᠡᠷᠡᠬᠦᠯᠵᠦ᠂ ᠣᠳᠣᠬᠠᠨ ᠳ᠋ᠤ ᠨᠢᠭᠡᠨᠲᠡ ᠤᠯᠵᠤ ᠮᠡᠳᠡᠭᠰᠡᠨ ᠳᠤᠮᠳᠠᠳᠤ ᠤᠯᠤᠰ ᠤ᠋ᠨ ᠬᠠᠮᠤᠭ ᠤ᠋ᠨ ᠣᠷᠳᠣ᠌ ᠠᠷᠢᠶᠠᠲᠠᠨᠯᠢᠭ ᠬᠥᠯᠲᠡᠨ ᠭᠦᠷᠪᠡᠯ ᠤ᠋ᠨ ᠤᠯᠠ ᠮᠥᠷ ᠪᠣᠯᠬᠤ ᠵᠢ ᠮᠡᠳᠡᠵᠡᠢ᠃ ᠯᠢ ᠶᠠᠩ᠄ 《ᠲᠣᠰ ᠠᠪᠤᠷᠭᠤ ᠭᠦᠷᠪᠡᠯ ᠤ᠋ᠨ ᠠᠯᠬᠤᠮ ᠨᠢ ᠪᠠᠷᠤᠭ 1.2 ︱1.3 ᠮᠧᠲᠷ ᠪᠠᠢᠵᠤ᠂ ᠬᠤᠷᠳᠤᠴᠠ ᠨᠢ ᠮᠠᠰᠢ ᠤᠳᠠᠭᠠᠨ᠂ ᠬᠡᠪ ᠤ᠋ᠨ ᠶᠠᠪᠤᠵᠤ ᠪᠠᠢᠭ᠎ᠠ ᠪᠠᠢᠳᠠᠯ ᠳ᠋ᠤ ᠲᠣᠭᠠᠴᠢᠭᠳᠠᠨ᠎ᠠ᠂ ᠡᠭᠦᠨ ᠡᠴᠡ ᠡᠮᠦᠨᠡᠬᠢ ᠳᠤᠮᠳᠠᠳᠤ ᠤᠯᠤᠰ ᠤ᠋ᠨ ᠠᠷᠢᠶᠠᠲᠠᠨᠯᠢᠭ ᠬᠥᠯᠲᠡᠨ ᠭᠦᠷᠪᠡᠯ ᠤ᠋ᠨ ᠬᠠᠮᠤᠭ ᠤ᠋ᠨ ᠣᠷᠳᠣ᠌ ᠮᠦᠷ ᠤ᠋ᠨ ᠴᠢᠯᠠᠭᠤᠵᠢᠮᠠᠯ ᠢ᠋ ᠰᠧᠴᠤᠸᠠᠨ ᠮᠤᠵᠢ ᠡᠴᠡ ᠢᠯᠡᠷᠡᠭᠦᠯᠦᠭᠰᠡᠨ ᠪᠥᠭᠡᠳ 69 ᠮᠧᠲᠷ  ᠣᠷᠳᠣ᠌ ᠪᠠᠢᠳᠠᠭ᠂ ᠲᠣᠰ ᠤᠳᠠᠭᠠᠨ ᠤ᠋ ᠢᠯᠡᠷᠡᠭᠦᠯᠦᠯᠲᠡ ᠨᠢ ᠡᠨᠡ ᠬᠦ᠌ ᠳᠡᠮᠳᠡᠭᠯᠡᠯ ᠢ᠋ ᠰᠢᠨᠡᠳᠬᠡᠵᠡᠢ》 ᠭᠡᠵᠦ ᠶᠠᠷᠢᠯ᠎ᠠ᠃

ᠣᠳᠣᠬᠠᠨ ᠳ᠋ᠤ ᠴᠠᠷᠳᠠ ᠵᠢᠨ ᠭᠠᠯᠪᠠ ᠵᠢᠨ ᠦᠶ᠎ᠡ ᠵᠢᠨ ᠬᠠᠮᠤᠭ ᠤ᠋ᠨ ᠬᠤᠷᠳᠤᠨ ᠭᠦᠶᠦᠳᠡᠭ ᠬᠦᠷᠪᠡᠯ ᠤ᠋ᠨ ᠤᠯᠠ ᠮᠥᠷ ᠤ᠋ᠨ ᠰᠤᠳᠤᠯᠭᠠᠨ ᠤ᠋ ᠦᠷ᠎ᠡ ᠪᠦᠲᠦᠭᠡᠯ ᠢ᠋ 《ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠳᠡᠯᠡᠬᠡᠢ ᠵᠢᠨ ᠪᠥᠮᠪᠥᠷᠴᠡᠭ ᠤ᠋ᠨ ᠰᠢᠨᠵᠢᠯᠡᠬᠦ ᠤᠬᠠᠭᠠᠨ》 ᠰᠡᠳᠬᠦᠯ ᠳ᠋ᠤ ᠨᠡᠢᠲᠡᠯᠡᠵᠡᠢ᠃ ᠲᠣᠰ ᠤᠳᠠᠭᠠᠨ ᠤ᠋ ᠰᠢᠨ᠎ᠡ ᠪᠡᠷ ᠢᠯᠡᠷᠡᠭᠦᠯᠦᠭᠰᠡᠨ ᠠᠪᠤᠷᠭᠤ ᠭᠦᠷᠪᠡᠯ ᠤ᠋ᠨ ᠬᠥᠯ ᠤ᠋ᠨ ᠮᠥᠷ ᠤ᠋ᠨ ᠴᠢᠯᠠᠭᠤᠵᠢᠮᠠᠯ ᠤ᠋ᠨ ᠬᠡᠯᠪᠡᠷᠢ ᠳᠦᠷᠰᠦ ᠵᠢᠨ ᠣᠨᠴᠠᠯᠢᠭ᠋ ᠨᠢ ᠪᠦᠷᠢᠨ ᠪᠦᠲᠦᠨ ᠬᠠᠳᠠᠭᠠᠯᠠᠭᠳᠠᠵᠤ᠂ ᠲᠤᠢᠯ ᠤ᠋ᠨ ᠥᠨᠳᠥᠷ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠦᠨ᠎ᠡ ᠥᠷᠲᠡᠭ ᠲᠠᠢ ᠠᠵᠢ᠃ ᠯᠢ ᠶᠠᠩ᠄《ᠲᠣᠰ ᠤᠳᠠᠭᠠᠨ ᠤ᠋ ᠢᠯᠡᠷᠡᠭᠦᠯᠦᠯᠲᠡ ᠮᠠᠰᠢ ᠴᠢᠬᠤᠯᠠ ᠠᠴᠢ ᠬᠣᠯᠪᠣᠭᠳᠠᠯ ᠲᠠᠢ᠂ ᠬᠣᠶᠠᠷ ᠠᠪᠤᠷᠭᠤ ᠭᠦᠷᠪᠡᠯ ᠤ᠋ᠨ ᠮᠦᠷ ᠤ᠋ᠨ ᠴᠢᠯᠠᠭᠤᠵᠢᠮᠠᠯ ᠮᠠᠨ ᠤ᠋ ᠠᠷᠢᠶᠠᠲᠠᠨᠯᠢᠭ ᠬᠥᠯᠲᠡᠨ ᠭᠦᠷᠪᠡᠯ ᠤ᠋ᠨ ᠬᠥᠳᠡᠯᠭᠡᠭᠡᠨ᠎ᠢ ᠣᠢᠯᠠᠭᠠᠬᠤ ᠳ᠋ᠤ ᠦᠨᠳᠦᠰᠦ ᠪᠠᠷᠢᠮᠲᠠ ᠬᠠᠩᠭᠠᠵᠠᠢ》 ᠭᠡᠵᠦ ᠳᠠᠨᠢᠯᠴᠠᠭᠤᠯᠪᠠ᠃

ᠲᠣᠰ ᠤᠳᠠᠭᠠᠨ ᠤ᠋ ᠢᠯᠡᠷᠡᠬᠦᠯᠦᠯᠳᠡ ᠨᠢ ᠳᠡᠯᠡᠬᠡᠢ ᠳᠡᠭᠡᠷᠡᠬᠢ ᠬᠠᠮᠤᠭ ᠤ᠋ᠨ ᠬᠤᠷᠳᠤᠨ ᠬᠦᠶᠦᠳᠡᠭ ᠠᠪᠤᠷᠭᠤ ᠭᠦᠷᠪᠡᠯ ᠢ᠋ ᠰᠤᠳᠤᠯᠬᠤ ᠳ᠋ᠤ ᠦᠨᠳᠦᠰᠦ ᠪᠠᠷᠢᠮᠳᠠ ᠬᠠᠩᠭᠠᠭᠰᠠᠨ ᠶ᠋ᠢᠡᠷ ᠪᠠᠷᠠᠬᠤ ᠦᠭᠡᠢ᠂ ᠳᠤᠮᠳᠠᠳᠤ ᠤᠯᠤᠰ ᠤ᠋ᠨ ᠬᠠᠮᠤᠭ ᠤ᠋ᠨ ᠣᠷᠳᠣ᠌ ᠠᠪᠤᠷᠭᠤ ᠬᠦᠷᠪᠡᠯ ᠤ᠋ᠨ ᠮᠦᠷ ᠤ᠋ᠨ ᠴᠢᠯᠠᠭᠤᠵᠢᠮᠠᠯ ᠢ᠋ ᠭᠦᠨᠵᠡᠭᠡᠢ ᠰᠤᠳᠤᠯᠬᠤ ᠳ᠋ᠤ ᠰᠠᠭᠤᠷᠢ ᠲᠠᠯᠪᠢᠵᠤ ᠥᠭᠴᠡᠢ᠃

ᠣᠲᠣᠭ ᠤ᠋ᠨ ᠠᠪᠤᠷᠭᠤ ᠭᠦᠷᠪᠡᠯ ᠤ᠋ᠨ ᠮᠦᠷ ᠤ᠋ᠨ ᠴᠢᠯᠠᠭᠤᠵᠢᠮᠠᠯ ᠤ᠋ᠨ ᠪᠠᠢᠭᠠᠯᠢ ᠶ᠋ᠢᠨ ᠬᠠᠮᠠᠭᠠᠯᠠᠯᠲᠠ ᠵᠢᠨ ᠣᠷᠣᠨ ᠪᠣᠯ ᠮᠠᠨ ᠤ᠋ ᠤᠯᠤᠰ ᠤ᠋ᠨ ᠴᠣᠷᠢ ᠵᠢᠨ ᠭᠠᠭᠴᠠ ᠠᠪᠤᠷᠭᠤ ᠭᠦᠷᠪᠡᠯ ᠤ᠋ᠨ ᠤᠯᠠ ᠮᠥᠷ ᠢ᠋ ᠬᠠᠮᠠᠭᠠᠯᠠᠬᠤ ᠪᠠᠷ ᠭᠣᠣᠯ ᠪᠣᠯᠭᠠᠭᠰᠠᠨ ᠤᠯᠤᠰ ᠤ᠋ᠨ ᠲᠠᠰ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠪᠠᠢᠵᠤ᠂ ᠨᠢᠭᠡᠨᠲᠡ 43 ᠮᠦᠷ ᠤ᠋ᠨ ᠴᠢᠯᠠᠭᠤᠵᠢᠮᠠᠯ ᠤ᠋ᠨ ᠴᠡᠭ᠂ 23 ᠳᠠᠪᠬᠤᠷᠭ᠎ᠠ ᠶ᠋ᠢᠨ ᠬᠥᠯ ᠤ᠋ᠨ ᠮᠥᠷ ᠤ᠋ᠨ ᠴᠢᠯᠠᠭᠤᠵᠢᠮᠠᠯ ᠢ᠋ ᠢᠯᠡᠷᠡᠭᠦᠯᠦᠨ᠂ ᠢᠯᠡᠷᠡᠬᠦᠯᠦᠭᠰᠡᠨ ᠮᠦᠷ ᠤ᠋ᠨ ᠴᠢᠯᠠᠭᠤᠵᠢᠮᠠᠯ ᠤ᠋ᠨ ᠶᠡᠷᠦᠩᠬᠡᠢ ᠬᠡᠮᠵᠢᠶ᠎ᠡ ᠵᠢ ᠪᠠᠷᠤᠭᠯᠠᠨ ᠪᠤᠳᠤᠪᠠᠯ ᠲᠦᠮᠡᠨ ᠰᠢᠷᠬᠡᠭ᠎ᠢ ᠳᠠᠪᠠᠵᠠᠢ᠃ ᠬᠠᠮᠠᠭᠠᠯᠠᠯᠲᠠ ᠵᠢᠨ ᠣᠷᠣᠨ ᠤ᠋ ᠳᠣᠲᠣᠷᠠᠬᠢ ᠠᠷᠢᠶᠠᠲᠠᠨᠯᠢᠭ ᠬᠥᠯᠲᠡᠨ ᠬᠦᠷᠪᠡᠯ᠂ ᠰᠢᠪᠠᠭᠤᠨ ᠤ᠋ ᠲᠥᠷᠥᠯ ᠵᠢᠴᠢ ᠶᠠᠰᠤᠲᠤ ᠮᠡᠯᠡᠬᠡᠢ ᠵᠢᠨ ᠲᠥᠷᠥᠯ ᠤ᠋ᠨ ᠬᠥᠯ ᠤ᠋ᠨ ᠮᠥᠷ ᠤ᠋ᠨ ᠴᠢᠯᠠᠭᠤᠵᠢᠮᠠᠯ ᠨᠢ ᠪᠦᠷᠢᠨ ᠪᠦᠲᠦᠨ ᠬᠠᠳᠠᠭᠠᠯᠠᠭᠳᠠᠵᠤ᠂ ᠲᠠᠷᠬᠠᠯᠲᠠ ᠵᠢᠨ ᠨᠢᠭ᠍ᠲᠠᠴᠠ ᠪᠠ ᠬᠠᠳᠠᠭᠠᠯᠠᠯᠲᠠ ᠵᠢᠨ ᠪᠦᠷᠢᠨ ᠪᠦᠲᠦᠨ ᠤ᠋ ᠬᠡᠮᠵᠢᠶ᠎ᠡ ᠪᠡᠷ ᠳᠡᠯᠡᠬᠡᠢ ᠳᠡᠭᠡᠷ᠎ᠡ ᠲᠡᠷᠢᠭᠦᠨ ᠤ᠋ ᠡᠩᠨᠡᠭᠡᠨ ᠳ᠋ᠤ ᠣᠷᠣᠵᠦ᠂ ᠳᠡᠯᠡᠬᠡᠢ ᠵᠢᠨ ᠬᠥᠯ ᠤ᠋ᠨ ᠮᠥᠷ ᠤ᠋ᠨ ᠴᠢᠯᠠᠭᠤᠵᠢᠮᠠᠯ ᠬᠠᠮᠤᠭ ᠤ᠋ᠨ ᠲᠥᠪᠯᠡᠷᠡᠭᠰᠡᠨ᠂ ᠬᠠᠳᠠᠭᠠᠯᠠᠯᠲᠠ ᠪᠠᠷ ᠬᠠᠮᠤᠭ ᠤ᠋ᠨ ᠪᠦᠷᠢᠨ ᠪᠦᠲᠦᠨ ᠭᠠᠵᠠᠷ ᠣᠷᠣᠨ ᠤ᠋ ᠨᠢᠭᠡ ᠨᠢ ᠪᠣᠯᠬᠤ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号