​ᠡᠯᠢᠭᠡᠨ ᠬᠠᠢᠷᠠᠳᠤ ᠪᠦᠳᠦᠭᠦᠨᠬᠤᠸᠠ ᠮᠢᠨᠢ
2025-09-17 11:15:43
ᠵᠣᠬᠢᠶᠠᠭ᠍ᠴᠢ᠄
ᠮ᠊·ᠬᠠᠰᠪᠠᠭᠠᠳᠤᠷ
ᠣᠩᠱᠢᠭ᠍ᠰᠠᠨ ᠣᠳᠠᠭ᠎ᠠ᠄
★★★☆☆

ᠲᠤᠷᠠᠰᠤᠯ ᠮᠦᠷᠦᠭᠡᠳᠦᠯ᠎ᠤᠨ ᠤᠶᠠᠬᠠᠨ ᠰᠠᠯᠬᠢ᠎ᠶ᠋ᠢ ᠬᠠᠭᠠᠯᠵᠤ

ᠪᠦᠳᠦᠭᠦᠨᠬᠤᠸᠠ᠎ᠳᠠᠭᠠᠨ ᠢᠷᠡᠵᠤ ᠪᠠᠢᠨ᠎ᠠ ᠪᠢ ᠦᠨᠦᠳᠦᠷ

ᠲᠠᠭᠤᠯᠠᠬᠤ ᠰᠠᠢᠬᠠᠨ ᠠᠯᠳᠠᠷ᠎ᠢ᠎ᠨᠢ ᠲᠤᠩᠭᠠᠨ ᠨᠢᠮᠪᠠᠢ ᠰᠡᠳᠭᠢᠵᠤ

ᠲᠤᠷᠠᠳᠠᠢ ᠭᠠᠭ᠍ᠴᠠ ᠱᠢᠯᠦᠭ᠎ᠢᠶᠠᠨ ᠤᠶᠠᠩᠭᠠᠯᠠᠵᠤ ᠪᠠᠢᠨ᠎ᠠ ᠦᠨᠦᠳᠦᠷ ᠁

ᠲᠤᠥᠯᠢᠮ᠎ᠠ ᠬᠤᠷᠸ᠎ᠠ᠎ᠶ᠋ᠢᠨ ᠤᠷᠤᠨ ᠵᠠᠢ᠎ᠶ᠋ᠢ ᠴᠠᠭᠠᠰᠢ᠎ᠪᠠᠨ ᠦᠷᠭᠡᠳᠭᠡᠨ ᠲᠡᠯᠡᠭ᠌ᠰᠡᠨ

ᠲᠠᠭᠤᠷᠢᠰᠭᠤ ᠠᠮᠢᠳᠤᠷᠠᠯ᠎ᠤᠨ ᠱᠢᠮᠫᠤᠨᠢ ᠨᠠᠢᠷᠠᠯ ᠬᠦᠭ᠌ᠵᠢᠮ᠎ᠢᠶᠠᠷ᠎ᠢᠶᠠᠨ

ᠲᠤᠥᠯᠢᠰ᠎ᠤᠨ ᠢᠷᠠᠭᠤ ᠦᠯᠢᠭᠡᠷ ᠲᠡᠥᠬᠡ᠎ᠶ᠋ᠢ ᠪᠢᠴᠢᠭ᠌ᠯᠡᠭ᠌ᠰᠡᠨ

ᠪᠦᠳᠦᠭᠦᠨᠬᠤᠸᠠ ᠭᠡᠵᠤ ᠨᠢᠭᠡᠨ ᠰᠠᠢᠬᠠᠨ ᠲᠡᠯᠡᠬᠡᠢ ᠪᠠᠢᠳᠠᠭ ᠪᠢᠯᠠ᠃

ᠪᠦᠳᠦᠭᠦᠨᠬᠤᠸᠠ ᠮᠢᠨᠢ —

ᠨᠠᠮᠠᠶ᠋ᠢ᠎ᠪᠠᠨ ᠨᠦᠮᠦᠷᠢᠯᠡᠨ ᠡᠷᠴᠢᠯᠡᠭ᠌ᠰᠡᠨ ᠵᠤᠷᠢᠭ ᠤᠶᠤᠨ᠎ᠤ ᠬᠦᠴᠦᠨ ᠵᠢᠪᠬᠤᠭ᠎ᠠ ᠪᠢᠯᠠ

ᠪᠦᠳᠦᠭᠦᠨᠬᠤᠸᠠ ᠮᠢᠨᠢ —

ᠨᠠᠳᠠᠳᠤ᠎ᠳᠠᠭᠠᠨ ᠰᠦᠨᠳᠡᠷᠯᠡᠨ ᠨᠠᠮᠢᠷᠠᠭ᠍ᠰᠠᠨ ᠰᠦᠯᠳᠡ ᠬᠡᠢᠮᠦᠷᠢ᠎ᠶ᠋ᠢᠨ ᠬᠦᠱᠢᠶ᠎ᠡ ᠪᠢᠯᠠ᠃

ᠪᠦᠳᠦᠭᠦᠨᠬᠤᠸᠠ ᠮᠢᠨᠢ —

ᠪᠠᠶᠠᠯᠢᠭ ᠲᠠᠩᠰᠤᠭ ᠰᠦᠷᠦᠭ᠎ᠤᠨ᠎ᠢᠶᠠᠨ ᠱᠠᠩᠳᠠᠭᠤᠨ ᠲᠤᠭᠤᠰᠤ᠎ᠶ᠋ᠢᠨ ᠰᠤᠭᠤᠨᠠᠭ᠎ᠢᠶᠠᠷ

ᠪᠠᠷᠢᠯᠳᠤᠬᠤ ᠤᠳᠤᠳ᠎ᠤᠨ ᠠᠮᠢᠰᠭᠤᠭ᠎ᠠ᠎ᠶ᠋ᠢ ᠠᠷᠢᠭᠤᠰᠭᠠᠨ ᠰᠦᠯᠡᠭ᠌ᠰᠡᠨ

ᠪᠦᠮᠪᠦᠷᠴᠡᠭ ᠤᠷᠴᠢᠯᠠᠩ᠎ᠤᠨ ᠲᠠᠳᠠᠯᠴᠡᠯ᠎ᠤᠨ ᠡᠷᠴᠢᠮ᠎ᠢ ᠴᠢᠩᠭᠠᠯᠠᠭ᠍ᠰᠠᠨ

ᠦᠭ᠌ᠭᠢᠶᠡᠮᠦᠷᠴᠢ ᠴᠠᠢᠯᠭᠠᠨ ᠬᠦᠮᠦᠨ ᠠᠷᠠᠳ᠎ᠤᠨ᠎ᠢᠶᠠᠨ ᠤᠬᠠᠭᠠᠨ᠎ᠤ ᠲᠠᠮᠢᠷ᠎ᠢᠶᠠᠷ

ᠦᠷᠨᠢᠬᠦ᠌ ᠤᠢᠯᠡᠰ᠎ᠢᠶᠠᠨ ᠲᠡᠭᠡᠭ᠌ᠰᠢ᠎ᠪᠠᠨ ᠲᠠᠳᠠᠵᠤ ᠮᠡᠷᠡᠢᠯᠴᠡᠭ᠌ᠰᠡᠨ

ᠦᠮᠴᠢᠷᠬᠡᠨ ᠰᠠᠨᠠᠬᠤ᠎ᠶ᠋ᠢᠨ ᠨᠢᠭᠡᠨ ᠭᠤᠴᠤ᠌ ᠶᠢᠷᠳᠢᠨᠴᠤ᠌

ᠦᠷᠨᠢᠯ ᠲᠠᠯᠠᠯᠤᠭ᠍ᠰᠠᠨ ᠬᠦᠰᠡᠯᠡᠩ᠎ᠤᠨ ᠰᠠᠢᠬᠠᠨ ᠤᠷᠤᠨ ᠡ!

ᠬᠤᠷᠸ᠎ᠠ᠎ᠶ᠋ᠢᠨ ᠬᠢᠵᠠᠭᠠᠷ᠎ᠲᠤ ᠵᠢᠭᠠᠷ᠎ᠤᠨ ᠰᠠᠯᠬᠢᠨ᠎ᠢ᠎ᠨᠢ ᠪᠢ ᠦᠨᠦᠷᠳᠦᠵᠤ ᠰᠡᠷᠡᠳᠡᠭ

ᠬᠦᠴᠦ᠍ ᠵᠠᠯᠭᠠᠵᠤ ᠪᠡᠶ᠎ᠡ ᠱᠢᠨᠳᠠᠰᠤ᠎ᠶ᠋ᠢᠨ ᠬᠠᠳᠠᠨ ᠲᠠᠮᠢᠷ ᠨᠡᠮᠡᠭ᠌ᠳᠡᠳᠡᠭ

ᠲᠡᠭᠡᠪᠦᠷ ᠲᠤᠪᠱᠢᠷᠳᠠᠬᠤ ᠬᠦᠭ᠌ᠵᠢᠮ᠎ᠤᠨ ᠠᠶᠠᠯᠭᠤᠳᠤ ᠪᠤᠷᠤᠭᠠᠨ᠎ᠨᠢ

ᠲᠦᠪᠡᠷᠭᠡᠨ ᠲᠠᠳᠠᠬᠤ ᠮᠡᠳᠦ ᠲᠠᠩᠳᠠ ᠴᠢᠬᠢᠨ᠎ᠳᠤ ᠡᠭᠡᠱᠢᠭ᠌ᠯᠡᠳᠡᠭ᠃

ᠲᠦᠭᠡᠷᠭᠡ ᠵᠠᠶᠠᠭᠠᠨ᠎ᠤ ᠠᠵᠠ᠎ᠶ᠋ᠢᠨ ᠲᠦᠷᠦᠭᠡ ᠬᠠᠩᠬᠢᠨᠠᠭᠤᠯᠵᠤ ᠪᠢ

ᠲᠦᠮᠡᠳ᠎ᠤᠨ ᠴᠡᠩᠬᠡᠷ ᠬᠦᠬᠡᠬᠤᠳᠠ᠎ᠳᠤ ᠡᠷᠳᠡᠮ ᠰᠤᠷᠬᠤ᠎ᠪᠠᠷ

ᠶᠠᠪᠤᠭ᠍ᠰᠠᠨ᠎ᠠᠴᠠ ᠨᠠᠭᠠᠰᠢ —

ᠬᠠᠮᠢᠭ᠎ᠠ ᠬᠤᠯᠠ᠎ᠠᠴᠠ ᠰᠤᠷᠢᠨᠵᠢᠨ ᠬᠦᠷᠦ᠍ ᠱᠢᠭ

ᠰᠡᠳᠭᠢᠯ᠎ᠢ ᠲᠠᠳᠠᠳᠠᠭ ᠨᠤᠳᠤᠭ᠎ᠢᠶᠠᠨ

ᠽᠠᠮᠪᠤᠯᠢᠩ᠎ᠤᠨ ᠭᠠᠵᠠᠷ᠎ᠤᠨ ᠵᠢᠷᠤᠭ᠎ᠠᠴᠠ ᠨᠢᠳᠦ ᠨᠠᠷᠢᠰᠭᠠᠨ ᠡᠷᠢᠵᠤ

ᠬᠠᠢᠯᠭᠠᠨ ᠵᠢᠷᠦᠬᠡᠨ᠎ᠤ ᠬᠠᠢᠷ᠎ᠠ ᠵᠦᠩᠨᠡᠯ ᠪᠡᠯᠭᠡᠳᠡᠯ᠎ᠢᠶᠠᠨ

ᠬᠠᠢᠷᠠᠳᠠᠢ ᠨᠤᠳᠤᠭ ᠪᠦᠳᠦᠭᠦᠨᠬᠤᠸᠠ ᠵᠦᠭ᠎ᠢᠶᠠᠨ ᠱᠢᠪᠱᠢᠳᠡᠭ!

ᠬᠠᠩᠭᠠᠢ᠎ᠶ᠋ᠢᠨ ᠤᠯᠠᠷᠢᠯ ᠬᠠᠳᠠᠷᠢᠶ᠎ᠠ ᠲᠠᠯᠪᠢᠨ ᠰᠤᠯᠢᠭ᠍ᠳᠠᠵᠤ ᠯᠠ

ᠬᠠᠯᠠᠭᠤᠨ ᠬᠦᠢᠳᠡᠨ᠎ᠤ ᠭᠤᠭ᠍ᠴᠤᠭ᠎ᠠ ᠵᠠᠯᠭᠠᠮᠵᠢ ᠦᠷᠭᠦᠯᠵᠢᠯᠡᠵᠤ ᠯᠠ

ᠬᠠᠥᠭᠢᠬᠤ ᠰᠠᠯᠬᠢᠨ᠂ ᠪᠤᠷᠤᠭᠠᠨ ᠮᠦᠨᠳᠤᠷ ᠱᠢᠭᠤᠷᠬᠤ ᠪᠤᠯᠭᠠᠨ

ᠪᠤᠳᠤᠯ᠎ᠠᠴᠠ ᠮᠢᠨᠢ ᠭᠠᠷᠳᠠᠭ ᠦᠭᠡᠢ᠎ᠨᠢ ᠪᠦᠳᠦᠭᠦᠨᠬᠤᠸᠠ ᠪᠢᠯᠠ!

ᠨᠠᠷᠠᠨ ᠲᠤᠯᠠᠢᠭ᠍ᠰᠠᠨ ᠶᠠᠭᠠᠷᠠᠤ ᠡᠳᠤᠷ᠎ᠤᠳ᠎ᠲᠤ

ᠰᠠᠷᠠᠨ ᠬᠠᠪᠢᠷᠭᠠᠯᠠᠭ᠍ᠰᠠᠨ ᠮᠦᠷᠦᠭᠡᠳᠦᠯᠳᠦ ᠬᠤᠨᠤᠭ᠎ᠤᠳ᠎ᠲᠤ

ᠶᠠᠮᠠᠷ ᠭᠤᠶᠤᠬᠠᠨ ᠪᠠᠶᠠᠷ ᠪᠠᠭ᠍ᠠᠳᠤᠯᠳᠤ ᠴᠠᠭ᠎ᠲᠤ ᠴᠤ᠌

ᠶᠠᠮᠠᠷ ᠨᠢᠭᠡᠨ ᠬᠠᠢᠩᠭᠤ ᠵᠦᠳᠡᠭᠦᠷᠢᠳᠦ ᠮᠦᠴᠡ᠎ᠳᠤ ᠴᠤ᠌

ᠪᠤᠳᠤᠯ᠎ᠤᠨ ᠮᠢᠨᠢ ᠲᠤᠳᠤᠷ᠎ᠠ ᠭᠤᠭ᠍ᠴᠤᠭᠠᠷᠠᠳᠠᠭ᠎ᠨᠢ ᠪᠦᠳᠦᠭᠦᠨᠬᠤᠸᠠ ᠪᠢᠯᠠ᠂

ᠪᠤᠰᠤᠨ ᠰᠠᠭᠤᠨ ᠰᠠᠨᠠᠭ᠎ᠠ ᠠᠯᠭᠠᠰᠠᠳᠠᠭ᠎ᠨᠢ ᠪᠦᠳᠦᠭᠦᠨᠬᠤᠸᠠ ᠪᠢᠯᠠ!

ᠵᠤᠳ᠎ᠢ ᠬᠠᠱᠢᠵᠤ ᠪᠦᠳᠦᠭᠦᠨᠬᠤᠸᠠ᠎ᠳᠠᠭᠠᠨ ᠬᠠᠯᠬᠠᠭ᠎ᠠ ᠪᠤᠯᠬᠤ᠎ᠶ᠋ᠢ ᠪᠢ ᠰᠠᠨᠠᠳᠠᠭ

ᠱᠢᠭᠤᠷᠭᠠᠨ᠎ᠢ ᠬᠤᠷᠢᠭ᠍ᠯᠠᠵᠤ ᠪᠦᠳᠦᠭᠦᠨᠬᠤᠸᠠ᠎ᠳᠠᠭᠠᠨ ᠨᠦᠮᠦᠷᠢ ᠪᠤᠯᠬᠤ᠎ᠶ᠋ᠢ ᠴᠤ᠌ ᠪᠢ ᠬᠦᠰᠡᠳᠡᠭ᠃

ᠴᠡᠴᠡᠭ ᠨᠠᠪᠴᠢᠰ᠎ᠤᠨ ᠢᠨᠢᠶᠡᠳᠦ᠍᠎ᠶ᠋ᠢ ᠪᠦᠳᠦᠭᠦᠨᠬᠤᠸᠠ᠎ᠳᠠᠭᠠᠨ ᠪᠢ ᠲᠠᠯᠠᠯᠳᠠᠭ

ᠵᠢᠷᠭᠢᠬᠦ᠌ ᠱᠢᠪᠠᠭᠤᠳ᠎ᠤᠨ ᠭᠠᠩᠭᠠᠨᠠᠭ᠎ᠠ᠎ᠶ᠋ᠢ ᠪᠦᠳᠦᠭᠦᠨᠬᠤᠸᠠ᠎ᠳᠠᠭᠠᠨ ᠪᠢ ᠤᠷᠢᠳᠠᠭ᠃

ᠡᠷᠡᠮᠡᠬᠡᠢ ᠱᠢᠨᠳᠠᠰᠤᠳᠤ ᠬᠦᠯᠦᠭ᠎ᠨᠢ ᠬᠤᠷᠳᠤᠨ — ᠪᠦᠳᠦᠭᠦᠨᠬᠤᠸᠠ᠂

ᠡᠷᠳᠡᠨᠢ ᠴᠠᠭᠠᠨ ᠰᠦᠷᠦᠭ᠎ᠨᠢ ᠲᠠᠯᠠᠢ — ᠪᠦᠳᠦᠭᠦᠨᠬᠤᠸᠠ

ᠬᠦᠥᠴᠤᠳ᠎ᠨᠢ ᠴᠡᠴᠡᠨ᠂ ᠬᠡᠥᠬᠡᠨᠴᠤᠳ᠎ᠨᠢ ᠵᠢᠰᠦᠯᠢᠭ  — ᠪᠤᠳᠤᠭᠦᠨᠬᠤᠸᠠ

ᠬᠦᠰᠡᠯ ᠲᠡᠷᠭᠡᠯᠱᠢᠵᠤ᠂ ᠦᠷᠨᠢᠯ ᠴᠠᠢᠯᠵᠠᠬᠤ — ᠪᠦᠳᠦᠭᠦᠨᠬᠤᠸᠠ

ᠬᠦᠭ᠌ᠵᠢᠯ᠎ᠤᠨ ᠲᠤᠭᠤᠨᠤ᠎ᠪᠠᠷ ᠢᠷᠠᠭᠤ ᠲᠠᠭᠤᠥ ᠬᠡᠵᠢᠶᠡᠳᠡ ᠬᠠᠩᠬᠢᠨᠠᠳᠠᠭ

ᠤᠷᠭᠤᠬᠤ ᠨᠠᠷᠠᠨ ᠲᠤᠯᠠᠢᠬᠤ ᠰᠠᠷᠠᠨ᠎ᠤ ᠲᠤᠯᠠᠭᠠᠨ ᠬᠤᠢᠮᠤᠷ — ᠪᠦᠳᠦᠭᠦᠨᠬᠤᠸᠠ᠃

ᠱᠢᠯᠦᠭ ᠤᠶᠠᠩᠭ᠎ᠠ᠎ᠶ᠋ᠢᠨ ᠱᠢᠷᠤᠩᠬᠠᠢᠯᠠᠯ ᠡᠷᠭᠦᠯᠳᠡ ᠮᠡᠳᠦ

ᠱᠢᠷᠤᠢ ᠴᠢᠯᠠᠭᠤ᠎ᠨᠢ ᠠᠮᠢᠯᠠᠬᠤ᠎ᠶ᠋ᠢᠨ ᠲᠠᠷᠬᠠᠨ ᠱᠢᠳᠢ᠎ᠲᠠᠢ

ᠽᠠᠮᠪᠤᠯᠢᠩ᠎ᠤᠨ ᠰᠠᠢᠨ᠎ᠤ ᠡᠭᠦᠳᠡ ᠪᠦᠳᠦᠭᠦᠨᠬᠤᠸᠠ᠎ᠠᠴᠠ ᠮᠢᠨᠢ ᠡᠬᠢᠯᠡᠳᠡᠭ

ᠰᠤᠪᠢᠬᠤ᠎ᠶ᠋ᠢᠨ ᠵᠦᠪ ᠭᠠᠢᠬᠠᠮᠱᠢᠭ ᠪᠦᠬᠦᠨ ᠪᠦᠳᠦᠭᠦᠨᠬᠤᠸᠠ᠎ᠠᠴᠠ ᠮᠢᠨᠢ ᠲᠡᠯᠭᠡᠷᠡᠳᠡᠭ

ᠤᠷᠴᠢᠯᠠᠩ᠎ᠤᠨ ᠡᠯᠢᠭᠡᠨ᠎ᠳᠤ ᠦᠩᠭᠡᠳᠦ ᠤᠳᠤᠨ ᠭᠡᠷᠡᠯᠳᠦᠬᠦ᠌ ᠮᠡᠳᠦ

ᠤᠭᠤᠭᠠᠳᠠ ᠭᠤᠶᠤᠬᠠᠨ ᠨᠤᠳᠤᠭ ᠤᠰᠤ᠎ᠶ᠋ᠢ ᠪᠦᠳᠦᠭᠦᠨᠬᠤᠸᠠ ᠭᠡᠳᠡᠭ

ᠠᠭᠤᠯᠠᠰ᠎ᠨᠢ ᠴᠡᠩᠬᠡᠷ ᠲᠤᠷᠭᠠᠨ ᠤᠰᠤ᠎ᠨᠢ ᠲᠡᠭ᠌ᠷᠢ ᠰᠢᠭ ᠬᠦᠭᠡ

ᠭᠡᠷᠡᠯ ᠤᠬᠠᠭᠠᠨ᠎ᠤ ᠵᠠᠭ᠍ᠪᠤᠷ ᠭᠡᠭᠡᠨ ᠮᠦᠷᠦᠭᠡᠳᠦᠯ᠎ᠤᠨ ᠦᠯᠦᠭᠡᠢ

ᠨᠠᠮ᠎ᠠ ᠳ᠋ᠦ ᠢᠪᠢᠯᠦᠭ᠌ᠰᠡᠨ ᠦᠷᠭᠡᠨ ᠶᠡᠭᠡ ᠮᠦᠷᠡᠨ ᠪᠢᠯᠠ

ᠨᠠᠳᠠᠳᠤ᠎ᠳᠠᠭᠠᠨ ᠴᠠᠯᠭᠢᠯᠠᠭ᠍ᠰᠠᠨ ᠤᠢ ᠪᠢᠯᠢᠭ᠎ᠤᠨ ᠲᠤᠨᠳᠠᠷᠠᠰᠢ ᠦᠭᠡᠢ ᠱᠢᠮ᠎ᠡ ᠪᠢᠯᠠ᠂

ᠡᠷᠴᠢ ᠬᠦᠴᠦ᠍᠎ᠶ᠋ᠢᠨ ᠦᠷᠭᠡᠨ ᠰᠡᠯᠪᠢᠯᠳᠡ

ᠶᠡᠭᠡ ᠲᠠᠮᠢᠷ᠎ᠤᠨ ᠭᠦᠨ ᠲᠦᠷᠦᠳᠡᠰᠤ ᠲᠠᠭᠤᠯᠠᠬᠤ ᠤᠶᠠᠬᠠᠨ ᠲᠠᠭᠤᠥ

ᠮᠢᠨᠤ ᠰᠠᠢᠬᠠᠨ ᠪᠦᠳᠦᠭᠦᠨᠬᠤᠸᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号