ᠨᠡᠭᠦᠳᠡᠯ᠎ᠤᠨ ᠨᠢᠭᠤᠴᠠ
2025-09-17 11:09:47
ᠵᠣᠬᠢᠶᠠᠭ᠍ᠴᠢ᠄
ᠨ᠊·ᠱᠢᠨᠡᠰᠤᠶᠤᠯ
ᠣᠩᠱᠢᠭ᠍ᠰᠠᠨ ᠣᠳᠠᠭ᠎ᠠ᠄
★★★☆☆

ᠨᠡᠭᠦᠳᠡᠯ ᠭᠡᠪᠡᠯ ᠮᠤᠩᠭᠤᠯᠴᠤᠳ ᠮᠡᠳᠡᠬᠦ᠌ ᠦᠭᠡᠢ ᠬᠦᠮᠦᠨ ᠦᠭᠡᠢ ᠪᠠᠢᠬ᠎ᠠ᠂ ᠮᠠᠨᠠᠢᠬᠢᠨ ᠤᠤᠯ᠎ᠠᠴᠠ᠎ᠪᠠᠨ ᠨᠡᠭᠦᠳᠡᠯᠴᠢᠨ ᠵᠤᠨ᠃ ᠪᠢᠳᠡ ᠪᠠᠭ᠎ᠠ ᠪᠠᠢᠬᠤ᠎ᠳᠤ ᠨᠡᠭᠦᠵᠤ ᠯᠡ ᠪᠠᠢᠳᠠᠭ᠂ ᠭᠠᠴᠠᠭ᠎ᠠ ᠪᠠᠷᠢᠭᠠᠳᠠ᠎ᠪᠠᠷ᠎ᠢᠶᠠᠨ ᠨᠡᠭᠦᠨ᠎ᠡ᠂ ᠰᠤᠮᠤ᠎ᠪᠠᠷ᠎ᠢᠶᠠᠨ ᠨᠡᠭᠦᠨ᠎ᠡ᠂ ᠬᠤᠱᠢᠭᠤ᠎ᠪᠠᠷ᠎ᠢᠶᠠᠨ ᠨᠡᠭᠦᠳᠡᠭ ᠴᠤ᠌ ᠪᠠᠢᠯ᠎ᠠ᠃

ᠡᠪᠡᠰᠦ ᠨᠤᠭᠤᠭ᠎ᠠ ᠤᠷᠭᠤᠨ ᠵᠢᠷᠭᠤᠭᠠᠨ ᠰᠠᠷ᠎ᠠ ᠪᠣᠯᠵᠦ ᠬᠤᠨᠢ ᠮᠠᠯ᠎ᠤᠨ ᠦᠰᠦ ᠨᠤᠤᠰᠤ ᠭᠤᠤᠵᠢᠵᠦ ᠡᠬᠢᠯᠡᠬᠦ᠌᠎ᠳᠤ ᠮᠠᠨᠠᠢᠬᠢᠨ ᠮᠡᠷᠭᠡᠯ᠎ᠤᠨ ᠵᠤᠰᠠᠯᠠᠩ᠎ᠳᠠᠭᠠᠨ ᠨᠡᠭᠦᠵᠤ ᠡᠬᠢᠯᠡᠳᠡᠭ᠂ ᠮᠠᠨ᠎ᠤ᠎ᠬᠢ ᠡᠷᠲᠡ ᠰᠠᠭᠤᠷᠢᠱᠢᠭ᠍ᠰᠠᠨ ᠠᠢᠯ᠂ ᠰᠤᠷᠭᠠᠭᠤᠯᠢ᠎ᠳᠤ ᠤᠷᠤᠭ᠍ᠰᠠᠨ ᠤᠲᠤᠷ᠎ᠤᠨ ᠬᠡᠦᠬᠡᠳ᠎ᠤᠳ ᠰᠠᠭᠤᠷᠢᠨ᠎ᠳᠤ ᠦᠯᠡᠳᠡᠵᠤ ᠪᠢᠳᠡᠨ᠎ᠲᠠᠢ ᠬᠠᠮᠲᠤ ᠰᠤᠷᠭᠠᠭᠤᠯᠢ ᠎ᠳᠠᠭᠠᠨ ᠶᠠᠪᠤᠳᠠᠭ᠂ ᠲᠡᠷᠡ ᠦᠶ᠎ᠡ᠎ᠠᠴᠠ ᠯᠡ ᠨᠡᠭᠦᠳᠡᠯ ᠴᠤᠪᠤᠵᠤ ᠡᠬᠢᠯᠡᠨ᠎ᠡ᠂ ᠰᠠᠭᠤᠷᠢᠨ᠎ᠤ ᠦᠬᠡᠷ ᠬᠤᠨᠢᠨ᠎ᠤ ᠤᠯᠠᠩᠬᠢ᠎ᠨᠢ ᠨᠡᠭᠦᠵᠤ᠂ ᠰᠤᠷᠭᠠᠭᠤᠯᠢ ᠡᠬᠢᠯᠡᠭ᠌ᠰᠡᠭᠡᠷ ᠰᠠᠭᠤᠷᠢᠨ᠎ᠤ᠎ᠬᠢᠨ ᠡᠯᠦᠢ ᠬᠤᠯᠤᠢ ᠪᠤᠯᠳᠠᠭ᠃

ᠮᠠᠨ᠎ᠤ᠎ᠬᠢ ᠬᠠᠢᠯᠠᠷ ᠭᠤᠤᠯ᠎ᠤᠨ ᠡᠮᠦᠨ᠎ᠡ ᠳᠡᠨᠵᠢᠨ᠎ᠳᠤ ᠤᠢᠷᠠᠬᠠᠨ ᠪᠠᠢᠳᠠᠭ᠎ᠠᠴᠠ ᠬᠤᠯᠠ᠎ᠠᠴᠠ ᠢᠷᠡᠭ᠌ᠰᠡᠨ ᠨᠡᠭᠦᠳᠡᠯ ᠭᠤᠤᠯ ᠤᠰᠤ ᠪᠠᠷᠠᠳᠠᠵᠤ ᠦᠨᠵᠢᠭᠦᠳᠡ ᠬᠤᠨᠤᠭᠤᠳᠠ ᠠᠮᠠᠷᠠᠭᠠᠳ ᠬᠦᠳᠠᠯᠦᠨ᠎ᠡ᠂ ᠡᠷᠲᠡ᠎ᠶ᠋ᠢᠨ ᠨᠠᠮᠤᠭᠤᠬᠠᠨ᠎ᠳᠤ ᠨᠡᠭᠦᠳᠡᠯ᠎ᠤᠨ ᠵᠤᠨ ᠴᠠᠢ᠎ᠪᠠᠨ ᠴᠢᠨᠠᠬᠤ᠎ᠨᠢ ᠴᠢᠨᠠᠵᠤ᠂ ᠬᠤᠨᠢ ᠮᠠᠯ᠎ᠢᠶᠠᠨ ᠬᠤᠷᠢᠶᠠᠬᠤ᠎ᠨᠢ ᠬᠤᠷᠢᠶᠠᠵᠤ ᠮᠠᠰᠢ ᠬᠦᠭ᠌ᠵᠢᠶᠡᠨ᠎ᠲᠠᠢ ᠬᠠᠷᠠᠭ᠍ᠳᠠᠨ᠎ᠠ᠃ ᠬᠠᠪᠤᠷ ᠡᠷᠲᠡ ᠤᠷᠭᠠᠢ ᠬᠦᠭᠡᠭᠡᠭ᠌ᠰᠡᠨ ᠬᠤᠨᠢᠨ᠎ᠤ ᠬᠦᠵᠦᠭᠦᠦ ᠰᠡᠭᠦᠯ᠎ᠤᠨ ᠨᠤᠤᠰᠤ᠎ᠨᠢ ᠭᠤᠤᠵᠢᠵᠤ ᠬᠠᠮᠤᠭ ᠲᠦᠷᠦᠭᠦᠨ᠎ᠳᠤ ᠲᠠᠷᠭᠤ ᠠᠪᠴᠤ᠌ ᠡᠬᠢᠯᠡᠳᠡᠭ᠎ᠠᠴᠠ ᠰᠦᠷᠦᠭ᠎ᠤᠨ ᠳᠤᠮᠳᠠ ᠰᠤᠳᠤᠨ ᠬᠠᠷᠠᠭ᠍ᠳᠠᠨ᠎ᠠ᠃ ᠤᠷᠭᠠᠢ (ᠢᠷᠭᠤᠢ) ᠨᠤᠭᠤᠭ᠎ᠠ ᠮᠠᠯ᠎ᠳᠤ ᠬᠠᠮᠤᠭ ᠲᠤᠰᠠᠲᠠᠢ ᠪᠤᠯᠪᠠᠴᠤ᠌ ᠮᠠᠯ ᠢᠳᠡᠯ ᠦᠭᠡᠢ ᠦᠲᠡᠯᠦᠭᠡᠳ ᠤᠨᠠᠬᠤ᠎ᠪᠠᠷ᠎ᠢᠶᠠᠨ ᠬᠠᠵᠠᠭᠤ᠎ᠶ᠋ᠢᠨ ᠨᠤᠭᠤᠭ᠎ᠠ᠎ᠪᠠᠨ ᠱᠢᠲᠠᠭᠠᠵᠤ ᠠᠯᠠᠳᠠᠭ ᠬᠦᠴᠦᠲᠠᠢ ᠤᠷᠭᠤᠮᠠᠯ ᠶᠣᠮ᠃ ᠡᠢᠮᠦ᠍᠎ᠠᠴᠠ ᠮᠠᠯᠴᠢᠳ ᠬᠠᠪᠤᠷ ᠤᠷᠭᠠᠢ ᠨᠢᠳᠦᠯᠡᠮᠡᠭ᠌ᠴᠡ ᠬᠤᠨᠢ ᠢᠮᠠᠭ᠎ᠠ᠎ᠪᠠᠷ᠎ᠢᠶᠠᠨ ᠤᠷᠭᠠᠢ ᠢᠳᠡᠭᠦᠯᠵᠤ ᠮᠠᠯ᠎ᠤᠨ ᠬᠤᠤᠷ᠎ᠢ ᠲᠤᠭᠤᠯᠭᠠᠳᠠᠭ᠂ ᠬᠤᠨᠢ ᠢᠮᠠᠭ᠎ᠠ ᠴᠤ᠌ ᠶᠠᠮᠠᠷ ᠨᠢᠭᠡᠨ ᠬᠦᠮᠦᠨ ᠲᠡᠭᠦᠨ᠎ᠳᠤ ᠵᠢᠭᠠᠭ᠍ᠰᠠᠨ ᠱᠢᠬ ᠤᠷᠭᠠᠢ ᠬᠦᠭᠡᠬᠡᠴᠡᠯᠳᠦᠨ ᠨᠢᠭᠡ ᠨᠢᠭᠡ᠎ᠪᠠᠷ ᠪᠤᠯᠢᠶᠠᠯᠳᠤᠨ ᠢᠳᠡᠳᠡᠭ᠎ᠨᠢ ᠶᠤᠰᠤᠲᠠᠢ ᠭᠠᠢᠬᠠᠯᠲᠠᠢ᠃ ᠮᠠᠯᠴᠢᠳ ᠴᠤ᠌ ᠲᠡᠭᠦᠨ᠎ᠢ ᠦᠲᠡᠯᠬᠦ᠌᠎ᠠᠴᠠ᠎ᠨᠢ ᠡᠮᠦᠨ᠎ᠡ ᠢᠳᠡᠭᠦᠯᠵᠤ ᠳᠠᠭᠤᠰᠭᠠᠨ ᠬᠤᠤᠷ᠎ᠢ᠎ᠨᠢ ᠵᠤᠭ᠍ᠰᠤᠭᠠᠳᠠᠭ᠎ᠠᠴᠠ ᠤᠷᠭᠠᠢ ᠨᠤᠭᠤᠭ᠎ᠠ᠎ᠶ᠋ᠢ ᠢᠳᠡᠭᠦᠯᠣᠨ᠎ᠡ ᠭᠡᠬᠦ᠌ ᠦᠭᠡᠢ ᠬᠠᠷᠢᠨ ᠬᠤᠤᠷ᠎ᠢ᠎ᠨᠢ ᠬᠦᠭᠡᠭᠡᠵᠤ ᠪᠠᠢᠨ᠎ᠠ ᠭᠡᠳᠡᠭ᠎ᠪᠤᠶᠤ ᠤᠷᠭᠠᠢ ᠬᠦᠭᠡᠭᠡᠨ᠎ᠡ ᠭᠡᠵᠤ ᠬᠡᠯᠡᠳᠡᠭ ᠪᠠᠢᠵᠡᠢ᠃ ᠤᠷᠭᠠᠢ ᠢᠳᠡᠭ᠌ᠰᠡᠨ ᠮᠠᠯ ᠡᠷᠲᠡ ᠲᠡᠩᠬᠡᠷᠡᠨ ᠲᠦᠷᠭᠡᠨ ᠲᠠᠷᠭᠤ ᠠᠪᠳᠠᠭ᠃

ᠠᠳᠤᠭᠤᠳ ᠪᠤᠯ ᠵᠢᠷᠭᠤᠭᠠᠨ ᠰᠠᠷ᠎ᠠ ᠬᠦᠷᠦᠭ᠌ᠰᠡᠭᠡᠷ ᠪᠠᠷᠤᠭ ᠬᠦᠮᠦᠨ᠎ᠢᠶᠠᠷ ᠭᠡᠯᠢᠭᠦᠯᠦᠯ ᠦᠭᠡᠢ ᠮᠡᠷᠭᠡᠯ᠎ᠤᠨ ᠵᠤᠰᠠᠯᠠᠩ ᠵᠦᠭ ᠭᠠᠵᠠᠷᠯᠠᠨ ᠭᠦᠶᠦᠳᠡᠭ᠂ ᠪᠢᠳᠡ ᠰᠤᠷᠭᠠᠭᠤᠯᠢ᠎ᠳᠠᠭᠠᠨ ᠶᠠᠪᠤᠬᠤ ᠵᠠᠮ᠎ᠳᠤ ᠨᠡᠭᠦᠳᠡᠯ᠎ᠤᠨ ᠠᠳᠤᠭᠤ ᠲᠠᠭᠠᠷᠠᠪᠠᠯ ᠤᠳᠠᠭᠠᠨ ᠬᠠᠷᠠᠵᠤ ᠵᠤᠭ᠍ᠰᠤᠳᠠᠭ᠂ ᠳᠠᠪᠬᠢᠵᠤ ᠶᠠᠪᠤᠭ᠎ᠠ ᠰᠦᠷᠦᠭ ᠠᠳᠤᠭᠤ ᠬᠠᠵᠠᠭᠤ᠎ᠪᠠᠷ ᠦᠩᠭᠡᠷᠡᠬᠦ᠌᠎ᠳᠤ ᠶᠤᠰᠤᠲᠠᠢ ᠨᠢᠳᠦ ᠤᠩᠭᠤᠢᠵᠤ ᠰᠡᠳᠭᠢᠯ ᠰᠡᠷᠭᠦᠨ᠎ᠡ᠃

ᠬᠠᠯᠠᠭᠤᠨ ᠡᠳᠦᠷ ᠲᠤᠬᠢᠶᠠᠯᠳᠤᠪᠠᠯ ᠬᠤᠨᠢᠨ᠎ᠤ ᠨᠤᠤᠰᠤ᠎ᠶ᠋ᠢ ᠬᠦᠭᠡᠷᠦᠭᠦᠯᠦᠨ᠎ᠡ ᠭᠡᠵᠤ ᠱᠢᠷᠦᠭᠦᠬᠡᠨ ᠲᠠᠭᠤᠵᠤ ᠶᠠᠪᠤᠳᠠᠭ ᠤᠳᠠᠭ᠎ᠠ᠎ᠲᠠᠢ᠃ ᠮᠠᠯᠴᠢᠳ ᠮᠠᠨᠢ ᠢᠩᠭᠢᠵᠤ ᠬᠤᠨᠤᠵᠤ ᠦᠨᠵᠢᠨ ᠨᠡᠭᠦᠭ᠌ᠰᠡᠭᠡᠷ ᠵᠤᠰᠠᠯᠠᠩ᠎ᠳᠠᠭᠠᠨ ᠬᠦᠷᠴᠦ᠍ ᠰᠠᠶᠢ ᠨᠢᠭᠡ ᠰᠡᠳᠭᠢᠯ ᠰᠠᠨᠠᠭ᠎ᠠ᠎ᠨᠢ ᠠᠮᠠᠷᠠᠵᠦ᠂ ᠭᠤᠤᠯ ᠤᠢᠷᠠᠯᠴᠠᠭ᠎ᠠ ᠲᠠᠪᠤ ᠭᠤᠷᠪᠠᠨ ᠡᠷᠦᠬᠡ᠎ᠪᠠᠷ᠎ᠢᠶᠠᠨ ᠳᠤᠭᠤᠢᠯᠠᠩ ᠪᠤᠯᠵᠤ ᠬᠦᠷᠰᠢ ᠰᠠᠭᠠᠬᠠᠯᠲᠠ ᠪᠠᠭᠤᠵᠤ ᠬᠤᠨᠢᠨ᠎ᠤ᠎ᠪᠠᠨ ᠦᠰᠦ ᠨᠤᠤᠰᠤ᠎ᠶ᠋ᠢ ᠠᠪᠴᠤ᠌ ᠡᠬᠢᠯᠡᠨ᠎ᠡ᠃ ᠲᠡᠷᠡ ᠦᠶ᠎ᠡ ᠨᠡᠭᠦᠳᠡᠯ᠎ᠤᠨ ᠠᠢᠯ ᠪᠠᠷᠤᠭ ᠪᠦᠬᠦᠨ᠎ᠢᠶᠠᠷ᠎ᠢᠶᠠᠨ ᠬᠤᠨᠢᠨ᠎ᠤ ᠬᠠᠱᠢᠶ᠎ᠠ ᠬᠡᠷᠡᠭ᠌ᠯᠡᠬᠦ᠌ ᠦᠭᠡᠢ ᠬᠦᠷᠰᠢ ᠵᠡᠷᠭᠡᠯᠡᠳᠡᠭᠡ ᠬᠡᠳᠦᠨ ᠠᠢᠯ ᠨᠡᠢᠯᠡᠨ ᠲᠡᠷᠭᠡ ᠤᠨᠤᠭ᠎ᠠ᠎ᠪᠠᠷ᠎ᠢᠶᠠᠨ ᠬᠠᠱᠢᠶ᠎ᠠ ᠬᠢᠵᠤ ᠬᠤᠨᠢ᠎ᠪᠠᠨ ᠬᠠᠢᠴᠢᠯᠠᠨ᠎ᠠ᠃ ᠬᠦᠢᠲᠡᠨ ᠪᠤᠷᠤᠭ᠎ᠠ᠂ ᠰᠠᠯᠬᠢ᠎ᠲᠠᠢ ᠪᠤᠷᠤᠭ᠎ᠠ ᠤᠷᠤᠪᠠᠯ ᠮᠦᠨ ᠲᠡᠷᠭᠡ ᠬᠦᠰᠭᠡ᠎ᠪᠠᠷ᠎ᠢᠶᠠᠨ ᠨᠦᠮᠦᠷᠢ ᠪᠤᠯᠭᠠᠳᠠᠭ᠂ ᠡᠰᠡᠬᠦᠯ᠎ᠡ ᠠᠭᠤᠯᠠ ᠦᠭᠡᠳᠡ ᠪᠡᠯᠴᠢᠭᠡᠷ ᠰᠠᠢᠨ ᠭᠠᠵᠠᠷ ᠬᠤᠨᠢ᠎ᠪᠠᠨ ᠠᠪᠠᠴᠢᠨ ᠪᠤᠷᠤᠭ᠎ᠠ ᠬᠤᠷ᠎ᠠ ᠦᠩᠭᠡᠷᠡᠭᠦᠯᠦᠨ᠎ᠡ᠃ ᠡᠪᠡᠰᠦ ᠬᠤᠭᠤᠯᠡ ᠤᠯᠤᠭ᠍ᠰᠠᠨ ᠬᠤᠨᠢ ᠬᠦᠢᠲᠡᠨ ᠪᠤᠷᠤᠭᠠᠨ᠎ᠳᠤ ᠳᠠᠭᠠᠷᠠᠬᠤ ᠦᠭᠡᠢ᠂ ᠤᠷᠤᠭᠤᠳᠠᠬᠤ᠎ᠨᠢ ᠪᠠᠭ᠎ᠠ ᠪᠠᠢᠳᠠᠭ᠃ ᠵᠤᠰᠠᠯᠠᠩ᠎ᠤᠨ ᠠᠢᠯ᠎ᠤᠨ ᠬᠤᠨᠢ ᠴᠦᠮ ᠵᠠᠳᠠᠭᠠᠢ ᠬᠡᠪᠲᠡᠨ᠎ᠡ᠂ ᠪᠤᠷᠤᠭᠠᠨ᠎ᠤ ᠳᠠᠷᠠᠭ᠎ᠠ ᠬᠤᠲᠠ ᠬᠠᠱᠢᠶ᠎ᠠ ᠬᠠᠯᠠᠵᠤ᠂ ᠭᠠᠵᠠᠷ ᠡᠪᠳᠡᠷᠡᠬᠦ᠌ ᠤᠴᠢᠷ ᠦᠭᠡᠢ᠂ ᠪᠤᠷᠤᠭᠠᠨ᠎ᠳᠤ ᠤᠬᠢᠶᠠᠭ᠍ᠳᠠᠭ᠍ᠰᠠᠨ ᠬᠤᠨᠢ ᠳᠤᠩ ᠴᠠᠭᠠᠨ ᠪᠤᠯᠵᠤ ᠶᠤᠰᠤᠲᠠᠢ ᠲᠠᠨ᠎ᠠ ᠰᠤᠪᠤᠳ ᠱᠢᠬ ᠭᠤᠶᠤ ᠬᠠᠷᠠᠭ᠍ᠳᠠᠨ᠎ᠠ᠂ ᠬᠤᠨᠢ᠎ᠪᠠᠨ ᠬᠠᠢᠴᠢᠯᠠᠵᠤ ᠳᠠᠭᠤᠰᠤᠭ᠍ᠰᠠᠨ ᠠᠢᠯ ᠠᠭᠤᠯᠠ ᠪᠤᠶᠤ ᠦᠨᠳᠦᠷ ᠭᠠᠵᠠᠷ ᠦᠭᠡᠳᠡ ᠨᠡᠭᠦᠵᠤ ᠰᠡᠷᠢᠭᠦᠨ ᠲᠠᠭᠠᠲᠠᠢ ᠵᠤᠰᠠᠵᠤ ᠡᠬᠢᠯᠡᠨ᠎ᠡ᠃ ᠬᠠᠯᠠᠭᠤᠨ᠎ᠤ ᠴᠠᠭ᠎ᠲᠤ ᠤᠰᠤᠨ᠎ᠳᠤ ᠤᠷᠤᠭ᠍ᠰᠠᠨ ᠮᠠᠯ᠎ᠢᠶᠠᠨ ᠳᠠᠷᠤᠢᠬᠠᠨ ᠪᠡᠯᠴᠢᠭᠡᠷ᠎ᠲᠤᠨᠢ ᠠᠪᠠᠴᠢᠬᠤ᠎ᠶ᠋ᠢ ᠡᠪᠦᠭᠡᠳ ᠳᠠᠩᠳᠠ ᠱᠠᠭᠠᠷᠳᠠᠨ᠎ᠠ᠂ ᠰᠠᠢᠬᠠᠨ ᠪᠡᠯᠴᠢᠵᠤ ᠰᠤᠷᠤᠭ᠍ᠰᠠᠨ ᠮᠠᠯ ᠰᠠᠢᠨ ᠲᠠᠷᠭᠤ ᠠᠪᠤᠨ᠎ᠠ ᠭᠡᠳᠡᠭ᠎ᠨᠢ ᠡᠨᠡ ᠪᠠᠢᠬ᠎ᠠ᠃

ᠮᠡᠷᠭᠡᠯ᠎ᠤᠨ ᠵᠤᠰᠠᠯᠠᠩ ᠶᠠᠷᠦᠨᠢ ᠦᠨᠳᠦᠷᠯᠢᠭ ᠭᠠᠵᠠᠷ ᠤᠴᠢᠷ ᠡᠷᠲᠡ ᠤᠷᠤᠢ ᠰᠡᠷᠢᠭᠦᠨ ᠪᠠᠢᠳᠠᠭ᠎ᠠᠴᠠ ᠨᠠᠮᠤᠷ᠎ᠤᠨ ᠠᠭᠤᠷ ᠤᠷᠤᠭ᠍ᠰᠠᠭᠠᠷ ᠡᠪᠡᠰᠦᠨ᠎ᠤ ᠰᠦᠯ ᠪᠠᠭᠤᠷᠠᠵᠤ ᠮᠠᠯ ᠲᠤᠭ᠍ᠲᠠᠬᠤ᠎ᠪᠠᠨ ᠪᠤᠯᠢᠵᠦ᠂ ᠠᠢᠯ᠎ᠤᠳ ᠲᠡᠷᠡ ᠦᠶ᠎ᠡ᠎ᠠᠴᠠ ᠨᠤᠲᠤᠭ ᠵᠦᠭ᠎ᠢᠶᠠᠨ ᠤᠷᠤᠭᠤᠳᠠᠵᠤ ᠡᠬᠢᠯᠡᠨ᠎ᠡ᠃ ᠡᠭᠦᠨ᠎ᠢ᠎ᠪᠠᠨ ᠨᠤᠲᠤᠭ᠎ᠤᠨ᠎ᠵᠤᠨ ᠤᠷᠤᠭᠤᠳᠠᠵᠤ ᠪᠠᠢᠨ᠎ᠠ ᠭᠡᠳᠡᠭ᠂ ᠦᠨᠳᠦᠷ ᠰᠡᠷᠢᠭᠦᠨ ᠭᠠᠵᠠᠷ᠎ᠠᠴᠠ ᠨᠠᠮ ᠳᠤᠤᠷ᠎ᠠ ᠭᠠᠵᠠᠷ ᠤᠷᠤᠭᠤ ᠨᠡᠭᠦᠵᠤ ᠪᠠᠢᠨ᠎ᠠ ᠭᠡᠰᠡᠨ ᠦᠭᠡ ᠯᠡ ᠳ᠋ᠠ᠃ ᠨᠡᠭᠦᠳᠡᠯ ᠤᠷᠤᠭᠤᠳᠠᠵᠤ ᠡᠬᠢᠯᠡᠬᠦ᠌᠎ᠳᠤ ᠨᠢᠭᠡ ᠬᠡᠰᠡᠭ ᠵᠤᠨ᠎ᠨᠢ ᠱᠢᠷᠠᠲᠠᠯ᠎ᠠ᠎ᠪᠠᠷ ᠳᠠᠭᠠᠷᠢᠵᠤ ᠲᠠᠯ᠎ᠠ ᠳᠦᠭᠦᠷᠡᠩ ᠤᠷᠭᠤᠭ᠍ᠰᠠᠨ ᠱᠢᠷ᠎ᠠ ᠬᠤᠸᠠᠷ ᠮᠠᠯ᠎ᠳᠠᠭᠠᠨ ᠢᠳᠡᠭᠦᠯᠵᠤ ᠬᠤᠨᠢ ᠮᠠᠯ᠎ᠤᠨ᠎ᠢᠶᠠᠨ ᠳᠤᠲᠤᠷ ᠬᠤᠷᠤᠬᠠᠢ᠎ᠶ᠋ᠢ ᠲᠤᠭᠤᠯᠭᠠᠨ᠎ᠠ᠃ ᠨᠢᠬᠡ ᠪᠦᠯᠦᠭ ᠵᠤᠨ᠎ᠨᠢ ᠪᠠᠷᠠᠭᠤᠨ᠂ ᠵᠡᠭᠦᠨ ᠦᠵᠦᠭᠦᠷ᠂ ᠪᠠᠶᠠᠨᠬᠠᠳᠠ᠎ᠪᠠᠷ ᠳᠠᠭᠠᠷᠢᠵᠤ ᠮᠠᠩᠭᠢᠷ ᠲᠠᠭᠠᠨ᠎ᠠ ᠢᠳᠡᠭᠦᠯᠵᠤ ᠮᠠᠯ᠎ᠳᠠᠭᠠᠨ ᠲᠤᠰᠤᠨ ᠲᠠᠷᠭᠤ ᠠᠪᠤᠭᠤᠯᠵᠤ ᠶᠠᠪᠤᠳᠠᠭ᠂ ᠮᠠᠨᠠᠢᠬᠢᠨ ᠢᠩᠭᠢᠵᠤ ᠮᠡᠷᠭᠡᠯ᠎ᠳᠡᠭᠡᠨ ᠬᠤᠶᠠᠷ ᠰᠠᠷ᠎ᠠ ᠭᠠᠷᠤᠢ ᠵᠤᠰᠠᠵᠤ ᠳᠠᠷᠠᠭ᠎ᠠ ᠵᠢᠯ᠎ᠤᠨ ᠵᠢᠷᠭᠤᠭᠠᠨ ᠰᠠᠷ᠎ᠠ ᠪᠤᠯᠲᠠᠯ᠎ᠠ ᠮᠡᠷᠭᠡᠯ᠎ᠢᠶᠠᠨ ᠠᠮᠠᠷᠠᠭᠠᠳᠠᠭ᠎ᠨᠢ ᠠᠢᠯ ᠪᠦᠬᠦᠨ᠎ᠤ ᠵᠢᠷᠤᠮᠯᠠᠳᠠᠭ ᠬᠠᠮᠲᠤ᠎ᠶ᠋ᠢᠨ ᠶᠤᠰᠤ ᠪᠤᠯᠵᠡᠢ᠃

ᠵᠤᠨ᠎ᠤ ᠠᠮᠠᠷᠠᠯᠲᠠ᠎ᠪᠠᠷ ᠤᠲᠤᠷ᠎ᠤᠨ ᠬᠡᠦᠬᠡᠳ᠎ᠤᠳ ᠭᠡᠷ᠎ᠲᠡᠭᠡᠨ ᠬᠠᠷᠢᠵᠤ ᠮᠡᠷᠭᠡᠯ᠎ᠤᠨ ᠵᠤᠰᠠᠯᠠᠩ᠎ᠳᠤ ᠤᠴᠢᠨ᠎ᠠ᠃ ᠨᠠᠮᠤᠷ ᠬᠠᠷᠢᠵᠤ ᠢᠷᠡᠪᠡᠯ ᠵᠤᠰᠠᠯᠠᠩ᠎ᠤᠨ ᠰᠤᠨᠢᠨ᠎ᠢᠶᠠᠨ ᠪᠢᠳᠡᠨ᠎ᠳᠤ ᠭᠠᠢᠬᠠᠭᠤᠯᠤᠨ᠎ᠠ᠂ ᠬᠤᠱᠢᠭᠤ ᠨᠠᠭᠠᠳᠤᠮ᠎ᠳᠤ ᠠᠯᠢ ᠠᠩᠭᠢ᠎ᠶ᠋ᠢᠨ ᠬᠡᠨ ᠶᠠᠮᠠᠷ ᠮᠤᠷᠢ ᠤᠨᠤᠵᠤ ᠤᠷᠤᠯᠳᠤᠭᠠᠨ᠎ᠳᠤ ᠲᠦᠷᠦᠭᠦᠯᠡᠭ᠌ᠰᠡᠨ᠂ ᠬᠡᠨ ᠬᠡᠨ᠎ᠤ᠎ᠬᠢ ᠤᠪᠤᠭ᠎ᠠ᠎ᠪᠠᠨ ᠶᠠᠭᠠᠬᠢᠵᠤ ᠲᠠᠬᠢᠭ᠍ᠰᠠᠨ᠂ ᠨᠠᠭᠠᠳᠤᠮ᠎ᠤᠨ ᠱᠠᠯᠪᠢᠩ ᠬᠤᠣᠱᠤᠤᠷ᠎ᠨᠢ ᠶᠠᠮᠠᠷ ᠶᠠᠮᠠᠷ ᠠᠮᠲᠠᠲᠠᠢ ᠭᠡᠵᠤ ᠪᠢᠳᠡᠨ᠎ᠤ ᠱᠢᠯᠦᠰᠦ᠎ᠶ᠋ᠢ ᠭᠤᠭᠤᠵᠢᠲᠠᠯ᠎ᠠ ᠬᠦᠭᠡᠷᠦᠨ᠎ᠡ᠃ ᠡᠪᠦᠭᠡ ᠬᠡᠯᠡᠭᠡ᠂ ᠬᠤᠷᠢᠭ ᠦᠨᠳᠦᠷ᠎ᠢ ᠬᠠᠵᠠᠭᠤ᠎ᠳᠤᠨᠢ ᠨᠡᠷᠡᠯᠡᠵᠤ ᠪᠤᠯᠬᠤ ᠦᠭᠡᠢ᠂ ᠵᠠᠪᠠᠯ ᠬᠠᠢᠷᠬᠠᠨ ᠭᠡᠵᠤ ᠳᠠᠭᠤᠳᠠᠨ᠎ᠠ᠂ ᠨᠡᠩ ᠬᠤᠷᠤᠭᠤ᠎ᠪᠠᠷ᠎ᠢᠶᠠᠨ ᠵᠢᠭᠠᠵᠤ ᠪᠤᠯᠳᠠᠭ ᠦᠭᠡᠢ᠂ ᠳᠤᠷ᠎ᠠ᠎ᠪᠠᠷ᠎ᠢᠶᠠᠨ ᠳᠡᠭᠡᠷ᠎ᠡ᠎ᠨᠢ ᠭᠠᠷᠴᠤ᠌ ᠪᠦᠷ ᠴᠤ᠌ ᠪᠤᠯᠳᠠᠭ ᠦᠭᠡᠢ᠂ ᠤᠷᠤᠢ ᠳᠡᠭᠡᠷ᠎ᠡ᠎ᠨᠢ ᠮᠤᠩᠭᠤᠯ ᠭᠡᠷ᠎ᠤᠨ ᠪᠠᠭᠤᠴᠠ ᠱᠢᠩᠭᠡᠷ ᠪᠦᠳᠦᠭᠦᠨ ᠡᠷᠦᠬᠡ᠎ᠲᠠᠢ᠂ ᠬᠦᠮᠦᠨ ᠤᠢᠷᠠᠲᠤᠪᠠᠯ ᠭᠠᠭ᠍ᠴᠠᠬᠠᠨ ᠰᠤᠷᠤᠭᠠᠳ ᠤᠷᠤᠭᠤᠯᠤᠨ᠎ᠠ᠂ ᠳᠡᠭᠡᠷ᠎ᠡ᠎ᠨᠢ ᠤᠷᠭᠤᠭ᠍ᠰᠠᠨ ᠡᠪᠡᠰᠦ ᠪᠦᠷ ᠡᠷᠦᠬᠡ ᠤᠷᠤᠭᠤ᠎ᠨᠢ ᠳᠤᠲᠤᠭ᠍ᠰᠢ᠎ᠪᠠᠨ ᠬᠡᠢᠰᠴᠤ᠌ ᠪᠠᠢᠬᠤ᠎ᠶ᠋ᠢ ᠦᠵᠡᠬᠦ᠌ ᠦᠭᠡᠢ ᠦᠦ ᠭᠡᠵᠤ ᠦᠯᠢᠭᠡᠷ ᠳᠤᠮᠤᠭ᠎ᠤᠨ ᠶᠠᠭᠤᠮ᠎ᠠ ᠶᠠᠷᠢᠵᠤ ᠪᠢᠳᠡᠨ᠎ᠤ ᠰᠤᠨᠢᠷᠬᠠᠯ᠎ᠢ ᠲᠠᠲᠠᠨ᠎ᠠ᠃

ᠮᠠᠨ᠎ᠤ ᠰᠠᠭᠤᠷᠢᠱᠢᠯ᠎ᠤᠨ ᠠᠢᠯ ᠵᠢᠷᠭᠤᠭᠠᠨ ᠰᠠᠷ᠎ᠠ ᠪᠤᠯᠤᠭ᠍ᠰᠠᠭᠠᠷ ᠴᠦᠭᠡᠪᠦᠷᠢ ᠮᠠᠯ᠎ᠢᠶᠠᠨ ᠠᠪᠴᠦ᠍ ᠰᠤᠷᠭᠠᠭᠤᠯᠢ᠎ᠶ᠋ᠢᠨ ᠤᠷᠴᠢᠮ ᠵᠤᠰᠠᠵᠤ᠂ ᠦᠷᠦᠮ᠎ᠡ ᠠᠭᠠᠷᠤᠤᠯ ᠠᠪᠳᠠᠭ᠃ ᠨᠠᠮᠤᠷ ᠰᠠᠭᠤᠷᠢᠨ᠎ᠳᠠᠭᠠᠨ ᠪᠤᠴᠠᠬᠤ᠎ᠳᠤ ᠰᠠᠭᠤᠷᠢᠨ᠎ᠤ ᠪᠡᠯᠴᠢᠭᠡᠷ ᠰᠡᠷᠭᠦᠵᠤ᠂ ᠡᠪᠡᠰᠦ ᠱᠢᠷᠠᠯᠵᠢ ᠬᠡᠦᠭᠡᠳ᠎ᠠᠴᠠ ᠦᠨᠳᠦᠷ ᠤᠷᠭᠤᠭ᠍ᠰᠠᠨ ᠪᠠᠢᠳᠠᠭ᠃ ᠪᠦᠳᠦᠭᠦᠨ ᠬᠦᠮᠦᠰ ᠪᠤᠷᠳᠤᠭ᠎ᠠ ᠬᠠᠳᠤᠯᠠᠩ ᠭᠡᠵᠤ ᠶᠠᠭᠠᠷᠠᠭ᠍ᠰᠠᠭᠠᠷ ᠪᠠᠢᠲᠠᠯ᠎ᠠ ᠡᠬᠢᠨ᠎ᠤ ᠴᠠᠰᠤ ᠤᠷᠤᠨ᠎ᠠ᠃ ᠲᠡᠭ᠌ᠷᠢ ᠬᠦᠢᠲᠡᠷᠡᠵᠤ ᠠᠮᠠᠨ᠎ᠤ ᠴᠠᠰᠤ᠎ᠲᠠᠢ ᠪᠤᠯᠤᠭ᠍ᠰᠠᠭᠠᠷ ᠬᠤᠨᠢᠨ᠎ᠤ ᠤᠲᠤᠷ᠂ ᠠᠳᠤᠭᠤ᠎ᠲᠠᠢ ᠠᠢᠯ ᠠᠭᠢᠲᠤ᠎ᠶ᠋ᠢᠨ ᠱᠢᠯᠢ᠎ᠳᠤ ᠨᠡᠭᠦᠨ᠎ᠡ᠃ ᠲᠤᠰᠬᠠᠢ ᠡᠪᠦᠯᠵᠢᠶᠡᠨ᠎ᠤ ᠨᠤᠲᠤᠭ᠎ᠲᠠᠢ ᠪᠤᠯᠬᠤᠷ ᠤᠲᠤᠷ᠎ᠤᠨ ᠠᠢᠯ᠎ᠤᠳ ᠳᠤᠯᠠᠭᠠᠨ ᠲᠠᠪᠠᠲᠠᠢ ᠡᠪᠤᠯᠵᠢᠵᠤ ᠳᠠᠷᠠᠭ᠎ᠠ ᠵᠢᠯ᠎ᠤᠨ ᠬᠠᠩᠰᠢ ᠤᠢᠷᠠᠲᠤᠵᠤ ᠬᠤᠨᠢᠨ᠎ᠤ ᠬᠦᠭ ᠲᠤᠯᠤᠭ᠍ᠰᠠᠭᠠᠷ ᠠᠢᠯ᠎ᠤᠳ ᠰᠠᠭᠤᠷᠢᠨ ᠪᠤᠶᠤ ᠪᠤᠯᠳᠤᠷᠤᠤ ᠪᠠᠷᠲᠠᠭ᠎ᠠ ᠨᠦᠮᠦᠷᠢ᠎ᠲᠠᠢ ᠭᠠᠵᠠᠷ ᠬᠠᠪᠤᠷᠵᠢᠵᠤ ᠲᠦᠯ᠎ᠢᠶᠠᠨ ᠲᠤᠰᠤᠨ᠎ᠠ᠃ ᠦᠨᠦᠳᠦᠷ᠎ᠤᠨ ᠬᠤᠷᠠᠭᠠᠯᠠᠭ᠍ᠰᠠᠨ ᠬᠤᠨᠢ᠎ᠪᠠᠨ ᠬᠤᠷᠠᠭᠠᠨ᠎ᠳᠤᠨᠢ ᠠᠮᠠᠷᠠᠭ ᠪᠤᠯᠭᠠᠨ᠎ᠠ ᠭᠡᠵᠤ ᠨᠢᠷᠠᠢ ᠬᠤᠷᠠᠭ᠎ᠠ᠎ᠲᠠᠢ ᠬᠤᠨᠢ᠎ᠪᠠᠨ ᠭᠡᠷ ᠪᠠᠷᠠᠳᠠᠭᠤᠯᠤᠨ ᠪᠡᠯᠴᠢᠭᠡᠷ ᠳᠡᠭᠡᠷ᠎ᠡ᠎ᠨᠢ ᠬᠤᠨᠤᠭᠤᠯᠤᠨ᠎ᠠ᠃ ᠢᠩᠭᠢᠵᠤ ᠬᠤᠨᠤᠭ᠍ᠰᠠᠨ ᠬᠤᠷᠠᠭ᠎ᠠ᠎ᠲᠠᠢ ᠬᠤᠨᠢ ᠤᠯᠠᠨ ᠬᠤᠨᠢᠨ᠎ᠤ ᠳᠤᠮᠳᠠ ᠤᠴᠢᠭ᠍ᠰᠠᠨ ᠴᠤ᠌ ᠬᠤᠷᠠᠭ᠎ᠠ᠎ᠠᠴᠠ᠎ᠪᠠᠨ ᠰᠠᠯᠬᠤ ᠦᠭᠡᠢ ᠪᠠᠢᠳᠠᠭ᠃ ᠲᠦᠯ ᠳᠠᠭᠤᠰᠴᠤ᠌ ᠤᠷᠭᠠᠢ ᠨᠢᠳᠦᠯᠡᠨ ᠵᠤᠨ ᠪᠤᠯᠵᠤ ᠠᠵᠠᠭ ᠬᠦᠷᠴᠦ᠍ ᠮᠠᠯ ᠴᠠᠳᠤᠨ᠂ ᠠᠢᠯ ᠵᠤᠨ ᠬᠠᠪᠤᠷᠵᠢᠶᠠᠨ᠎ᠠᠴᠠ᠎ᠪᠠᠨ ᠭᠠᠷᠴᠤ᠌ ᠵᠤᠰᠠᠯᠠᠩ᠎ᠳᠤ ᠨᠡᠭᠦᠬᠦ᠌ ᠪᠡᠯᠡᠳᠭᠡᠯ᠎ᠢᠶᠠᠨ ᠬᠢᠨ᠎ᠡ᠃ ᠠᠢᠯ ᠪᠤᠯᠭᠠᠨ ᠠᠷᠪᠠ᠎ᠠᠴᠠ ᠳᠡᠭᠡᠭ᠌ᠰᠢ ᠲᠡᠷᠭᠡ ᠤᠨᠤᠭ᠎ᠠ ᠪᠡᠯᠡᠳᠭᠡᠨ ᠱᠠᠷ ᠮᠤᠷᠢ᠎ᠪᠠᠨ ᠰᠤᠷᠭᠠᠵᠤ ᠳᠡᠭᠡᠭ᠌ᠰᠢ ᠨᠡᠭᠦᠬᠦ᠌᠎ᠪᠠᠷ ᠶᠠᠭᠠᠷᠠᠨ᠎ᠠ᠃

ᠮᠠᠨᠠᠢᠬᠢᠨ᠎ᠤ ᠨᠡᠭᠦᠳᠡᠯ ᠪᠠᠰᠠ ᠯᠡ ᠡᠬᠢᠯᠡᠨ᠎ᠡ᠂ ᠨᠡᠭᠦᠭ᠌ᠰᠡᠭᠡᠷ ᠪᠠᠢᠲᠠᠯ᠎ᠠ ᠬᠠᠪᠤᠷ ᠪᠤᠯᠤᠨ᠎ᠠ᠂ ᠨᠡᠭᠦᠭ᠌ᠰᠡᠭᠡᠷ ᠪᠠᠢᠲᠠᠯ᠎ᠠ ᠲᠠᠯ᠎ᠠ ᠬᠦᠬᠡᠷᠡᠨ᠎ᠡ᠂ ᠨᠡᠭᠦᠭ᠌ᠰᠡᠭᠡᠷ ᠪᠠᠢᠲᠠᠯ᠎ᠠ ᠨᠠᠮᠤᠷ᠎ᠤᠨ ᠰᠡᠷᠢᠭᠦᠦ ᠤᠷᠤᠵᠤ ᠡᠬᠢᠨ᠎ᠤ ᠴᠠᠰᠤ ᠪᠤᠲᠠᠷᠠᠨ᠎ᠠ᠃ ᠨᠡᠭᠦᠵᠤ ᠯᠡ ᠪᠠᠢᠪᠠᠯ ᠮᠠᠯ ᠦᠰᠦᠨ᠎ᠡ᠂ ᠨᠡᠭᠦᠵᠤ ᠯᠡ ᠪᠠᠢᠪᠠᠯ ᠪᠡᠯᠴᠢᠭᠡᠷ ᠤᠰᠤ ᠰᠡᠷᠭᠦᠨ᠎ᠡ᠂ ᠨᠡᠭᠦᠵᠤ ᠯᠡ ᠪᠠᠢᠪᠠᠯ ᠭᠠᠵᠠᠷ᠎ᠤᠨ ᠰᠤᠷᠪᠢ ᠡᠳᠡᠭᠡᠨ᠎ᠡ᠃

ᠮᠢᠩᠭ᠎ᠠ ᠮᠢᠩᠭᠠᠨ ᠠᠳᠤᠭᠤ

ᠮᠡᠷᠭᠡᠯ ᠵᠦᠭ᠎ᠢᠶᠠᠨ ᠳᠠᠪᠬᠢᠨ᠎ᠡ

ᠮᠠᠯᠴᠢᠨ ᠬᠦᠮᠦᠨ᠎ᠤ ᠰᠡᠳᠭᠢᠯ

ᠲᠠᠯ᠎ᠠ ᠱᠢᠬ᠎ᠢᠶᠠᠨ ᠠᠭᠤᠵᠢᠷᠠᠨ᠎ᠠ

ᠮᠢᠩᠭ᠎ᠠ ᠮᠢᠩᠭᠠᠨ ᠵᠢᠯ᠎ᠢᠶᠠᠷ

ᠮᠠᠨ᠎ᠤ ᠨᠤᠲᠤᠭ ᠰᠡᠷᠮᠡᠭᠦᠬᠡᠨ

ᠮᠠᠭᠠᠳ ᠲᠡᠭᠦᠨ᠎ᠤ ᠨᠢᠭᠤᠴᠠ᠎ᠶ᠋ᠢ

ᠴᠠᠭ ᠬᠤᠭᠤᠴᠠᠭ᠎ᠠ ᠯᠡ ᠦᠭᠦᠯᠡᠨᠡᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号