ᠡᠪᠡᠰᠦ ᠤᠯᠠᠷᠢᠯ᠎ᠤᠨ ᠥᠩᠭᠡ ᠪᠣᠯᠵᠤ ᠬᠤᠪᠢᠯᠤᠨ
ᠨᠠᠮᠤᠷ᠎ᠤᠨ ᠰᠡᠷᠢᠭᠦᠨ᠎ᠳᠤ ᠨᠠᠪᠴᠢᠰ ᠣᠬᠢᠯᠠᠵᠤ
ᠨᠠᠭᠤᠷ᠎ᠢᠶᠠᠨ ᠡᠷᠢᠭ᠌ᠰᠡᠨ ᠱᠢᠪᠠᠭᠤᠳ
ᠵᠦᠭ᠎ᠢᠶᠠᠨ ᠣᠯᠬᠤ ᠦᠭᠡᠢ ᠨᠢᠰᠦᠯᠳᠦᠨ᠎ᠡ
ᠮᠡᠯᠡᠷᠡᠬᠦ᠌ ᠤᠳᠤᠳ᠎ᠤᠨ ᠠᠶᠠᠯᠭᠤᠨ᠎ᠳᠤ ᠴᠡᠴᠡᠭᠡᠰ ᠵᠤᠯᠭᠠᠷᠠᠨ
ᠮᠥᠷᠦᠭᠡᠳᠦᠯ ᠰᠡᠮᠡᠷᠡᠬᠦ᠌ ᠨᠠᠮᠤᠷ ᠡ ᠭᠡᠵᠦ᠍ ᠁
ᠪᠣᠳᠤᠯ ᠬᠤᠯᠠᠳᠠᠵᠤ ᠵᠠᠮᠬᠠᠷᠠᠨ᠎ᠠ
ᠱᠢᠷ᠎ᠠ ᠨᠠᠪᠴᠢ ᠦᠳᠦ ᠪᠣᠯᠵᠤ ᠬᠤᠪᠢᠯᠤᠨ
ᠰᠠᠯᠬᠢᠨ᠎ᠤ ᠠᠶᠠᠰ ᠬᠥᠭ᠌ᠯᠡᠬᠦ᠌ᠳᠤ
ᠨᠢᠰᠴᠦ᠍ ᠴᠢᠳᠠᠬᠤ ᠦᠭᠡᠢ
ᠴᠣᠩᠬᠤᠨ ᠴᠠᠭᠠᠨᠠᠬᠢ ᠳᠤᠷᠠᠰᠤᠮᠵᠢ ᠪᠣᠯᠵᠤ ᠦᠯᠡᠳᠡᠨ᠎ᠡ
ᠮᠤᠳᠤᠳ ᠰᠠᠨᠠᠭ᠎ᠠ ᠠᠯᠳᠠᠨ᠎ᠠ
ᠮᠥᠷᠦᠭᠡᠳᠦᠯ ᠰᠡᠮᠡᠷᠡᠬᠦ᠌ ᠨᠠᠮᠤᠷ ᠡ ᠭᠡᠵᠦ᠍ ᠁
ᠪᠣᠷᠤᠭᠠᠨ ᠰᠢᠪᠡᠷᠡᠵᠦ ᠬᠤᠯᠠᠳᠠᠨ᠎ᠠ
ᠵᠡᠭᠦᠳᠦ ᠦᠯᠢᠭᠡᠷ ᠪᠣᠯᠵᠤ ᠬᠤᠪᠢᠯᠤᠨ
ᠮᠢᠩᠭᠠᠨ ᠠᠭᠤᠯᠠᠰ᠎ᠢ ᠰᠡᠷᠡᠭᠡᠵᠦ᠍
ᠪᠣᠯᠵᠤᠭᠠᠨ᠎ᠠᠴᠠ ᠪᠤᠴᠠᠭ᠍ᠰᠠᠨ ᠮᠠᠨᠠᠨ᠎ᠳᠤ ᠲᠥᠭᠡᠷᠢᠵᠤ ᠨᠡᠭᠦᠳᠡᠯᠯᠡᠨ᠎ᠡ
ᠰᠠᠷ᠎ᠠ ᠱᠢᠩᠭᠡᠬᠦ᠌᠎ᠪᠠᠨ ᠮᠠᠷᠲᠠᠨ᠎ᠠ
ᠨᠠᠮᠤᠷ ᠨᠠᠮᠤᠷ᠎ᠤᠨ ᠡᠮᠨᠢᠭ ᠨᠡᠭᠦᠳᠡᠯ
ᠨᠢᠯᠪᠤᠰᠤ᠎ᠪᠠᠨ ᠤᠨᠠᠭᠠᠨ᠎ᠠ
ᠮᠥᠷᠦᠭᠡᠳᠦᠯ ᠰᠡᠮᠡᠷᠡᠬᠦ᠌ ᠨᠠᠮᠤᠷ ᠡ ᠭᠡᠵᠦ᠍ ᠁
ᠵᠢᠭᠡᠭᠦᠨ ᠵᠢᠪᠡᠷ ᠦᠷᠭᠦᠯᠵᠢᠯᠡᠨ᠎ᠡ
ᠮᠥᠴᠢᠷ ᠡᠭᠡᠱᠢᠭ ᠪᠣᠯᠵᠤ ᠬᠤᠪᠢᠯᠤᠨ
ᠬᠠᠭᠤᠴᠢᠨ ᠳᠠᠭᠤᠣ᠎ᠵᠢᠨ ᠨᠣᠲ ᠬᠥᠭ᠌ᠵᠢᠮᠳᠡᠬᠦ᠌᠎ᠳᠤ
ᠴᠢᠨ᠋ᠸ᠎ᠡ ᠨᠣᠢᠷ᠎ᠠᠴᠠ ᠪᠠᠨ ᠰᠡᠷᠡᠨ᠎ᠡ
ᠲᠠᠯ᠎ᠠ ᠡᠵᠡᠭᠦᠢᠷᠡᠨ᠎ᠡ
ᠨᠠᠮᠤᠷ᠎ᠤᠨ ᠰᠥᠨᠢ ᠱᠢᠯᠦᠭ᠎ᠲᠤ ᠳᠠᠬᠢᠵᠤ ᠲᠦᠷᠦᠨ᠎ᠡ
ᠮᠥᠷᠦᠭᠡᠳᠦᠯ ᠰᠡᠮᠡᠷᠡᠬᠦ᠌ ᠨᠠᠮᠤᠷ ᠡ ᠭᠡᠵᠦ᠍ ᠁
ᠡᠷᠬᠢᠮᠰᠦᠭ ᠦᠵᠡᠮᠵᠢ᠎ᠪᠠᠷ ᠭᠤᠶᠤᠨ᠎ᠠ