ᠠᠯᠠᠬᠬᠠᠨ ᠵᠢᠷᠦᠭᠡᠨ ᠳ᠋ᠦ ᠭᠡᠷᠡᠯᠲᠦᠭᠰᠡᠨ ᠠᠷᠠᠳ᠎ᠤᠨ ᠲᠠᠭᠣᠣ ᠰᠢᠬ ᠬᠣᠷᠸ᠎ᠠ
2025-10-22 15:33:15
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠣᠰᠣᠨ᠎ᠤ ᠰᠢᠪᠠᠭᠣᠳ ᠪᠣᠴᠠᠵᠦ᠂ ᠣᠷᠲᠣ᠎ᠶᠢᠨ ᠲᠠᠭᠣᠣ ᠰᠢᠬ ᠣᠶᠠᠩᠭᠠᠯᠠᠬᠰᠠᠨ ᠨᠠᠮᠣᠷ᠎ᠤᠨ ᠡᠳᠦᠷ᠎ᠤ᠋ᠤᠨ ᠦᠷᠬᠦᠯᠵᠢᠯᠡᠨ᠎ᠡ᠃ 10 ᠰᠠᠷ᠎ᠠ ᠵᠢᠨ 17 ᠤ᠋ ᠣᠷᠣᠢ᠂ ᠠᠷᠠᠳ᠎ᠤᠨ ᠲᠠᠭᠣᠣ᠂ ᠠᠯᠲᠠᠷᠠᠢ ᠨᠠᠰᠣᠨ᠎ᠤ ᠲᠣᠷᠠᠳᠬᠠᠯ ᠭᠡᠵᠦ ᠲᠣᠬᠲᠣᠯᠣᠨ ᠬᠦᠭᠰᠡᠭᠰᠡᠨ ᠬᠦᠮᠦᠰ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ᠎ᠶᠢᠨ ᠲᠣᠬᠯᠠᠯᠲᠠ᠎ᠶᠢᠨ ᠲᠢᠩᠬᠢᠮ ᠵᠦᠭ ᠴᠣᠪᠣᠷᠠᠵᠠᠭᠠᠨ᠎ᠠ᠃ ᠡᠨᠳᠡ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠡᠴᠡ ᠭᠣᠣᠯᠯᠠᠨ ᠡᠷᠬᠢᠯᠡᠵᠦ᠂ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠵᠢᠨ ᠲᠠᠭᠣᠣ ᠬᠦᠭᠵᠢᠮ ᠤ᠋ᠨ ᠲᠡᠭᠡᠲᠦ ᠰᠣᠷᠭᠠᠭᠣᠯᠢ ᠵᠡᠷᠭᠡ ᠨᠢᠭᠡᠴᠢ ᠡᠴᠡ ᠲᠠᠭᠠᠭᠠᠴᠢᠯᠠᠨ ᠡᠷᠬᠢᠯᠡᠭᠰᠡᠨ ᠳ᠋ᠣᠺᠲ᠋ᠣᠷ ᠪᠦᠷᠢᠨᠪᠠᠶᠠᠷ ᠤ᠋ᠨ 《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠤᠮ ᠢ᠋ ᠠᠩᠬ᠎ᠠ ᠲᠠᠷᠬᠠᠭᠠᠬᠣ ᠶᠣᠰᠣᠯᠠᠯ ᠵᠢᠴᠢ ᠴᠠᠭᠠᠨᠪᠠᠷᠰ ᠤ᠋ᠨ ᠬᠡᠪ ᠨᠠᠮᠪᠠᠲᠦ ᠬᠣᠷᠴᠢᠨ ᠠᠷᠠᠳ ᠤ᠋ᠨ ᠲᠠᠭᠣᠣ ᠵᠢᠨ ᠦᠵᠡᠬᠦᠯᠭᠡ ᠵᠢᠨ ᠲᠣᠬᠯᠠᠯᠲᠠ ᠢᠲᠡ ᠬᠦᠭ ᠲᠠᠢ ᠶᠠᠪᠣᠬᠲᠠᠵᠦ ᠪᠠᠢᠯ᠎ᠠ᠃


QQ截图20250825102238.png


ᠨᠤᠮ ᠵᠢᠡᠨ ᠲᠠᠷᠬᠠᠭᠠᠬᠤ ᠶᠤᠰᠤᠯᠠᠯ ᠲᠡᠭᠡᠷ᠎ᠠ ᠪᠦᠷᠢᠨᠪᠠᠶᠠᠷ (ᠵᠡᠬᠦᠨᠳᠡᠬᠢ) ᠠᠷᠠᠳ᠎ᠤᠨ ᠲᠠᠭᠤᠤ ᠪᠡᠨ ᠡᠷᠬᠦᠪᠡ

ᠰᠣᠷᠪᠣᠯᠵᠢᠯᠠᠬᠴᠢ   ᠶᠢᠰᠦᠨ᠎ᠡ  ᠰᠡᠬᠦᠳᠡᠷᠯᠡᠪᠡ


《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠣᠮ ᠪᠤᠯ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ᠎ᠶᠢᠨ ᠲᠡᠳ᠋ ᠫᠷᠣᠹᠸᠰᠰᠣᠷ᠂ ᠣᠷᠠᠯᠢᠬ ᠰᠣᠲᠣᠯᠣᠭᠠᠴᠢ᠂ ᠳ᠋ᠣᠺᠲ᠋ᠣᠷ ᠪᠦᠷᠢᠨᠪᠠᠶᠠᠷ ᠤ᠋ᠨ 10 ᠭᠠᠷᠣᠢ ᠵᠢᠯ ᠤ᠋ᠨ ᠰᠣᠷᠪᠣᠯᠵᠢᠯᠠᠭ᠎ᠠ ᠪᠠ ᠪᠠᠢᠴᠠᠭᠠᠨ ᠰᠣᠲᠣᠯᠣᠯᠲᠠ ᠪᠡᠷ ᠲᠠᠮᠵᠢᠨ ᠪᠦᠲᠦᠭᠡᠭᠰᠡᠨ ᠡᠷᠳᠡᠮ ᠰᠢᠨᠵᠢᠯᠡᠭᠡᠨ ᠤ᠋ ᠪᠦᠲᠦᠭᠡᠯ ᠪᠣᠯᠬᠣ ᠪᠦᠭᠡᠳ ᠣᠯᠣᠰ ᠤ᠋ᠨ ᠲᠣᠲᠣᠭᠠᠲᠣ ᠳ᠋ᠦ ᠠᠩᠬ᠎ᠠ ᠣᠲᠠᠭ᠎ᠠ ᠲᠠᠷᠬᠠᠨ ᠲᠠᠭᠣᠴᠢᠨ ᠴᠠᠭᠠᠨᠪᠠᠷᠰ ᠤ᠋ᠨ ᠣᠷᠠᠯᠢᠬ ᠤ᠋ᠨ ᠠᠶᠠᠨ ᠢ᠋ ᠰᠢᠰᠲ᠋ᠸᠮ ᠲᠠᠢ ᠡᠮᠬᠢᠯᠡᠨ ᠲᠢᠭᠯᠡᠭᠰᠡᠨ ᠪᠦᠲᠦᠭᠡᠯ ᠪᠤᠯᠬᠣ ᠶᠣᠮ᠃ ᠨᠣᠮ ᠲᠠᠷᠬᠠᠭᠠᠬᠣ ᠶᠣᠰᠣᠯᠠᠯ ᠨᠢ ᠨᠣᠮ᠎ᠤᠨ ᠲᠠᠷᠬᠠᠭᠠᠯᠲᠠ ᠪᠠ ᠠᠷᠠᠳ ᠤ᠋ᠨ ᠲᠠᠭᠣᠣ ᠵᠢᠨ ᠦᠵᠡᠬᠦᠯᠭᠡ ᠵᠢᠨ ᠲᠣᠬᠯᠠᠯᠲᠠ ᠵᠢ ᠣᠶᠠᠯᠲᠣᠭᠣᠯᠬᠣ ᠬᠡᠯᠪᠡᠷᠢ ᠪᠡᠷ ᠶᠠᠪᠣᠬᠲᠠᠵᠦ᠂ ᠪᠦᠷᠢᠨᠪᠠᠶᠠᠷ ᠡᠴᠡ ᠲᠠᠷᠬᠠᠨ ᠲᠠᠭᠣᠴᠢᠨ ᠴᠠᠭᠠᠨᠪᠠᠷᠰ ᠤ᠋ᠨ ᠲᠠᠭᠣᠯᠠᠬᠰᠠᠨ 《ᠨᠠᠨᠯᠢᠶᠠᠩ ᠲᠣᠷᠭᠠᠨ ᠣᠭᠣᠲᠠ》᠂ 《ᠳ᠋ᠠᠨᠠᠪᠠᠯ》᠂ 《ᠬᠠᠨ ᠰᠢᠦ ᠶᠢᠩ》᠂ 《ᠯᠦᠸᠸ ᠶᠠᠩ》᠂ 《ᠵᠠᠨᠠᠮ᠎ᠠ》᠂ 《ᠪᠣᠣ ᠵᠢᠨ ᠬᠣᠸᠠ》᠂ 《ᠡᠯᠢᠭᠡᠨ ᠬᠠᠯᠢᠭᠣᠨ ᠭᠠᠯᠠᠭᠣ》 ᠵᠡᠷᠭᠡ ᠠᠮᠠ ᠲᠠᠮᠵᠢᠨ ᠣᠯᠠᠮᠵᠢᠯᠠᠬᠲᠠᠬᠰᠠᠨ 10 ᠲᠠᠭᠣᠣ ᠵᠢ ᠲᠠᠭᠣᠯᠠᠵᠦ ᠰᠣᠨᠢᠷᠬᠠᠭᠣᠯᠣᠬᠰᠡᠨ ᠪᠦᠭᠡᠳ ᠪᠠᠰᠠ ᠦᠪᠦᠷ ᠮᠣᠩᠭᠣᠯ ᠤ᠋ᠨ ᠨᠣᠮ ᠤ᠋ᠨ ᠰᠠᠩ᠂ ᠦᠪᠦᠷ ᠮᠣᠩᠭᠣᠯ ᠤ᠋ᠨ ᠨᠡᠢᠭᠡᠮ ᠤ᠋ᠨ ᠰᠢᠨᠵᠢᠯᠡᠬᠦ ᠣᠬᠠᠭᠠᠨ ᠤ᠋ ᠬᠦᠷᠢᠶᠡᠯᠡᠩ᠂ ᠦᠪᠦᠷ ᠮᠣᠩᠭᠣᠯ ᠤ᠋ᠨ ᠶᠡᠬᠡ ᠰᠣᠷᠭᠠᠭᠣᠯᠢ ᠵᠢᠨ ᠨᠣᠮ ᠤ᠋ᠨ ᠰᠠᠩ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠤ᠋ᠨ ᠣᠷᠲᠣᠨ᠂ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠵᠢᠨ ᠨᠣᠮ ᠤ᠋ᠨ ᠰᠠᠩ᠂ ᠬᠦᠬᠡᠬᠣᠲᠠ ᠦᠨᠳᠦᠰᠦᠲᠡᠨ ᠤ᠋ ᠲᠡᠭᠡᠲᠦ ᠰᠣᠷᠭᠠᠭᠣᠯᠢ ᠵᠢᠨ ᠨᠣᠮ ᠤ᠋ᠨ ᠰᠠᠩ ᠳ᠋ᠦ 《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠣᠮ ᠶ᠋ᠢᠡᠨ ᠪᠡᠯᠡᠭᠯᠡᠭᠰᠡᠨ ᠪᠠᠢᠨ᠎ᠠ᠃


QQ截图20250912101212.png


ᠪᠦᠷᠢᠨᠪᠠᠶᠠᠷ ᠬᠢᠭᠡᠳ ᠲᠡᠭᠦᠨ᠎ᠦ 《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》


ᠠᠷᠠᠳ᠎ᠤᠨ ᠲᠠᠭᠣᠣ ᠯᠣᠭ᠎ᠠ᠎ᠶᠢᠨ ᠪᠠᠷᠢᠯᠲᠣᠯᠭ᠎ᠠ    

ᠤᠨ ᠵᠢᠯ᠎ᠤᠨ ᠲᠡᠷᠲᠡᠭᠡ ᠡᠴᠡ᠂ ᠣᠢ ᠲᠣᠷᠠᠳᠬᠠᠯ᠎ᠤᠨ ᠬᠦᠨ ᠡᠴᠡ ᠨᠢᠭᠡᠨ ᠲᠠᠭᠣᠣ ᠣᠶᠠᠩᠭᠠᠷᠠᠨ᠎ᠠ᠃ ᠠᠨᠢᠷᠲᠣᠨ ᠴᠢᠩᠨᠠᠪᠠᠰᠣ 《ᠠᠯᠲᠠᠨ ᠲᠠᠯ᠎ᠠ ᠳ᠋ᠦ ᠨᠠᠷᠠ ᠲᠠᠢ ᠣᠷᠭᠣᠬᠰᠠᠨ ᠠᠷᠠᠳ᠎ᠤᠨ ᠲᠠᠭᠣᠣ ᠮᠢᠨᠢ》 ᠴᠠᠢᠯᠭᠠᠨ ᠬᠠᠯᠠᠭᠣᠨ ᠢᠨᠢᠶᠡᠲᠦ ᠲᠠᠢ᠂ ᠴᠡᠩᠭᠡᠯ ᠪᠠᠶᠠᠷ ᠬᠣᠣᠰᠯᠠᠭᠣᠯᠵᠦ ᠴᠠᠭᠠᠨᠪᠠᠷᠰ᠎ᠤᠨ ᠲᠠᠭᠣᠨ ᠬᠣᠭᠣᠯᠠᠢ ᠪᠡᠷ ᠣᠷᠣᠰᠣᠨ ᠬᠠᠩᠬᠢᠨᠠᠬᠣ ᠶᠣᠮ᠃ ᠲᠡᠷᠡ ᠲᠠᠭᠣᠣ ᠪᠣᠯᠣᠷ ᠰᠢᠬ ᠲᠣᠩᠭᠠᠯᠠᠬ ᠠᠭᠠᠳ ᠪᠣᠯᠠᠬ᠎ᠤᠨ ᠣᠰᠣᠨ ᠮᠡᠲᠦ ᠡᠭᠡᠯᠢᠲᠡᠢ᠃ ᠣᠯᠠᠨ ᠲᠠᠬᠢᠨ ᠰᠣᠨᠣᠰᠣᠬᠰᠠᠨ ᠴᠦ᠍ ᠣᠢᠲᠣᠮᠠᠷ ᠦᠭᠡᠢ ᠭᠠᠢᠬᠠᠮ᠎ᠠ᠃

ᠰᠦᠯᠵᠢᠶ᠎ᠡ ᠰᠢᠯᠵᠢᠶ᠎ᠡ ᠭᠡᠵᠦ ᠠᠯᠠᠭ᠎ᠠ ᠮᠦᠷᠲᠡᠭᠡᠨ ᠭᠠᠷ ᠣᠲᠠᠰᠣ ᠭᠡᠬᠦ ᠭᠠᠢᠬᠠᠮᠰᠢᠬ ᠲᠠᠢ ᠵᠦᠢᠯ᠎ᠤᠨ ᠪᠡᠷ᠎ᠡ᠎ᠶᠢ ᠨᠢ ᠬᠠᠷᠠᠬᠣ ᠡᠴᠡ ᠨᠡᠷ᠎ᠡ᠎ᠶᠢ ᠨᠢ ᠴᠦ᠍ ᠰᠣᠨᠣᠰᠴᠣ ᠦᠵᠡᠭᠡᠲᠦᠢ ᠪᠠᠢᠬᠰᠠᠨ ᠲᠡᠭᠡᠷ᠎ᠡ ᠵᠠᠭᠣᠨ᠎ᠤ ᠨᠠᠶᠠᠭᠠᠳ ᠤᠨ᠎ᠤ ᠬᠦᠲᠡᠭᠡ ᠲᠣᠰᠬᠣᠨ ᠳ᠋ᠦ ᠬᠦᠭᠰᠢᠨ ᠵᠠᠯᠠᠭᠣ ᠬᠡᠦᠬᠡᠳ ᠪᠠᠭᠠᠴᠣᠳ ᠭᠡᠰᠡᠨ ᠦᠭᠡᠢ ᠡᠳᠦᠷ ᠪᠣᠯᠭᠠᠨ ᠲᠣᠬᠲᠠᠬᠰᠠᠨ ᠴᠠᠬ ᠲᠦ᠍ ᠭᠠᠷ ᠦᠵᠦᠬᠦᠷ ᠲᠡᠬᠢ ᠠᠯᠢ ᠪᠠᠢᠬᠰᠠᠨ ᠠᠵᠢᠯ ᠶ᠋ᠢᠡᠨ ᠬᠠᠶᠠᠵᠦ ᠷᠠᠳᠢᠣ᠋ ᠪᠣᠯᠢᠶᠠᠯᠲᠣᠨ᠂ ᠴᠠᠭᠠᠨᠪᠠᠷᠰ᠎ᠤᠨ ᠲᠠᠭᠣᠯᠠᠬᠰᠠᠨ ᠠᠷᠠᠳ᠎ᠤᠨ ᠲᠠᠭᠣᠣ᠎ᠶᠢ ᠴᠢᠬᠢ ᠲᠠᠯᠪᠢᠨ ᠰᠣᠨᠣᠰᠲᠠᠬ ᠪᠠᠢᠯ᠎ᠠ᠃ ᠲᠡᠷᠡ ᠦᠶ᠎ᠡ ᠳ᠋ᠦ ᠴᠠᠭᠠᠨᠪᠠᠷᠰ᠎ᠤᠨ ᠲᠠᠭᠣᠯᠠᠬᠰᠠᠨ ᠲᠠᠭᠣᠣ ᠨᠢ ᠬᠦᠮᠦᠰ᠎ᠤᠨ ᠣᠶᠣᠨ ᠰᠠᠨᠠᠭ᠎ᠠ ᠰᠣᠶᠣᠯ᠎ᠤᠨ ᠠᠮᠢᠲᠣᠷᠠᠯ᠎ᠤᠨ ᠲᠣᠲᠠᠬᠲᠠᠵᠦ ᠪᠣᠯᠣᠰᠢ ᠦᠭᠡᠢ ᠡᠯᠸᠮᠸᠨ᠋ᠲ ᠪᠣᠯᠵᠦ᠂ ᠦᠢ ᠣᠯᠠᠨ ᠮᠣᠩᠭᠣᠯ ᠰᠣᠨᠣᠰᠣᠬᠴᠢ᠎ᠶᠢᠨ ᠲᠣᠮᠲᠠ ᠠᠷᠠᠳ᠎ᠤᠨ ᠲᠠᠭᠣᠣ᠎ᠶᠢᠨ ᠣᠢᠯ ᠲᠠᠪᠠᠯᠭᠠᠨ ᠡᠬᠦᠰᠭᠡᠵᠦ᠂ ᠨᠢᠭᠡᠨ ᠦᠶ᠎ᠡ ᠬᠦᠮᠦᠰ 《ᠴᠠᠭᠠᠨᠪᠠᠷᠰ ᠲᠠᠢ ᠷᠠᠳᠢᠣ᠋ ᠠᠪᠣᠨ᠎ᠠ》 ᠭᠡᠵᠦ ᠱᠣᠣᠬᠢᠯᠲᠣᠨ ᠲᠦᠷᠬᠢᠵᠦ ᠪᠠᠢᠬᠰᠠᠨ ᠭᠡᠲᠡᠭ᠃ ᠴᠠᠭᠠᠨᠪᠠᠷᠰ᠎ᠤᠨ ᠲᠠᠭᠣᠣ᠎ᠶᠢ ᠴᠢᠩᠨᠠᠵᠦ ᠦᠰᠦᠭᠰᠡᠨ ᠲᠡᠷᠡ ᠣᠯᠠᠨ ᠬᠦᠮᠦᠰ᠎ᠤᠨ ᠲᠤᠳᠤᠷ᠎ᠠ ᠬᠦᠲᠡᠭᠡ᠎ᠶᠢᠨ ᠬᠦᠦ ᠪᠦᠷᠢᠨᠪᠠᠶᠠᠷ ᠴᠦ᠍ ᠪᠠᠬᠲᠠᠵᠦ᠂ ᠦᠪᠡᠷ᠎ᠤᠨ ᠬᠢᠨᠢ ᠦᠭᠡ ᠪᠡᠷ ᠬᠡᠯᠡᠪᠡᠯ ᠴᠣᠬᠣᠮ《ᠦᠯᠦᠭᠡᠢ ᠲᠠᠢ ᠪᠠᠢᠬᠣ ᠳ᠋ᠠᠭᠠᠨ ᠪᠦᠪᠡᠢ᠎ᠶᠢᠨ ᠲᠠᠭᠣᠣ ᠳ᠋ᠦ ᠪᠣᠢᠵᠢᠵᠦ᠂ ᠦᠰᠬᠦ ᠨᠠᠰᠣᠨ ᠳ᠋ᠠᠭᠠᠨ ᠴᠠᠭᠠᠨᠪᠠᠷᠰ᠎ᠤᠨ ᠲᠠᠭᠣᠣ᠎ᠶᠢ ᠰᠣᠨᠣᠰᠴᠦ ᠦᠰᠦᠭᠰᠡᠨ》 ᠪᠠᠢᠵᠠᠢ᠃ ᠠᠷᠠᠳ᠎ᠤᠨ ᠲᠠᠭᠣᠣ᠎ᠶᠢᠨ ᠣᠶᠠᠬᠠᠨ ᠪᠦᠪᠡᠢ ᠳ᠋ᠦ ᠣᠬᠠᠭᠠᠨ ᠲᠡᠯᠡᠵᠦ ᠦᠰᠦᠭᠰᠡᠨ ᠪᠦᠷᠢᠨᠪᠠᠶᠠᠷ ᠷᠠᠳᠢᠣ᠋ ᠴᠢᠩᠨᠠᠵᠦ ᠠᠷᠠᠳ᠎ᠤᠨ ᠲᠠᠭᠣᠣ ᠭᠡᠵᠦ ᠲᠡᠷᠪᠡᠵᠦ ᠪᠠᠢᠬᠰᠠᠨ ᠡᠴᠡ ᠪᠠᠨ ᠠᠭᠠᠵᠢᠮ ᠶ᠋ᠢᠡᠷ ᠠᠶ᠎ᠠ ᠡᠭᠡᠰᠢᠭ᠎ᠢ ᠨᠢ ᠲᠠᠭᠠᠵᠦ ᠲᠠᠭᠣᠯᠠᠨ ᠰᠣᠷᠴᠣ᠂ ᠬᠡᠵᠢᠶ᠎ᠡ ᠬᠣᠵᠢᠮ ᠨᠢ ᠪᠠᠰᠠ ᠠᠷᠠᠳ᠎ᠤᠨ ᠲᠠᠭᠣᠣ᠎ᠶᠢ ᠰᠣᠲᠣᠯᠵᠦ ᠰᠢᠨᠵᠢᠯᠡᠬᠦ ᠪᠤᠯᠤᠭᠰᠠᠨ ᠨᠢ ᠲᠡᠬᠦᠨ᠎ᠤ ᠠᠷᠠᠳ᠎ᠤᠨ ᠲᠠᠭᠤᠤ ᠲᠠᠢ ᠪᠠᠨ ᠴᠢᠰᠤ ᠮᠢᠬᠠᠨ᠎ᠤ ᠬᠤᠯᠪᠤᠭ᠎ᠠ ᠲᠠᠢ ᠵᠢᠨ ᠬᠢᠨᠢ ᠰᠤᠪᠢᠩ᠃

ᠦᠩᠭᠡᠷᠡᠭᠰᠡᠨ ᠡᠳᠦᠭᠡ᠎ᠶᠢ ᠦᠬᠦᠯᠡᠬᠦ ᠵᠠᠭᠣᠷ᠎ᠠ ᠣᠯᠠᠨ ᠣᠲᠣᠨ ᠵᠢᠷᠣᠪ ᠵᠠᠷᠣᠪ᠃ ᠡᠷᠳᠡᠮ ᠰᠣᠶᠣᠯ᠎ᠤᠨ ᠮᠦᠷ ᠬᠦᠭᠡᠭᠡᠭᠰᠡᠨ ᠪᠦᠷᠢᠨᠪᠠᠶᠠᠷ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠣᠷᠠᠯᠢᠬ᠎ᠤᠨ ᠲᠡᠭᠡᠲᠦ ᠰᠣᠷᠭᠠᠭᠣᠯᠢ ᠡᠴᠡ ᠲᠡᠬᠦᠰᠴᠦ ᠰᠣᠷᠭᠠᠭᠣᠯᠢ ᠳ᠋ᠠᠭᠠᠨ ᠦᠯᠡᠲᠡᠨ ᠪᠠᠬᠰᠢᠯᠠᠬᠰᠠᠨ ᠪᠦᠭᠡᠳ ᠮᠣᠩᠭᠣᠯ ᠣᠯᠣᠰ᠎ᠤᠨ ᠰᠣᠶᠣᠯ ᠣᠷᠠᠯᠢᠬ᠎ᠤᠨ ᠶᠡᠬᠡ ᠰᠣᠷᠭᠠᠭᠣᠯᠢ᠎ᠶᠢᠨ ᠲᠠᠭᠣᠣ ᠬᠦᠭᠵᠢᠮ ᠵᠦᠢ ᠶ᠋ᠢᠨ ᠮᠡᠷᠭᠡᠵᠢᠯ ᠶ᠋ᠢᠡᠷ ᠠᠰᠫᠢᠷᠠᠨᠲ ᠰᠣᠷᠣᠯᠴᠠᠵᠦ ᠮᠠᠰᠲ᠋ᠸᠷ ᠴᠣᠯᠠ ᠬᠠᠮᠠᠭᠠᠯᠠᠵᠦ᠂ ᠲᠠᠭᠣᠯᠠᠲᠠᠬ ᠪᠦᠷᠢᠨᠪᠠᠶᠠᠷ ᠡᠴᠡ ᠪᠠᠨ ᠬᠦᠭᠵᠢᠮᠲᠡᠲᠡᠭ᠂ ᠬᠣᠭᠣᠷᠲᠠᠲᠠᠬ ᠁ ᠭᠡᠬᠦᠴᠢᠯᠡᠨ ᠣᠨᠴᠠᠭᠠᠢ ᠠᠪᠢᠶᠠᠰ ᠲᠠᠢ ᠨᠢᠭᠡᠨ ᠪᠣᠯᠵᠠᠢ᠃ 2014 ᠤᠨ ᠡᠴᠡ ᠲᠡᠷᠡ ᠦᠪᠦᠷ ᠮᠣᠩᠭᠣᠯ᠎ᠤᠨ ᠣᠲᠣᠨ ᠲᠸᠯᠸᠢᠰ᠎ᠤᠨ 《ᠬᠠᠮᠲᠣ ᠳ᠋ᠠᠭᠠᠨ ᠲᠠᠭᠣᠯᠠᠶ᠎ᠠ》 ᠫᠷᠦ᠍ᠭᠷᠡᠮ᠎ᠤᠨ ᠣᠨᠴᠠ ᠣᠷᠢᠬᠰᠠᠨ ᠬᠢᠨᠠᠬᠴᠢ ᠪᠡᠷ ᠠᠵᠢᠯᠯᠠᠵᠦ 《ᠠᠷᠠᠳ᠎ᠤᠨ ᠲᠠᠭᠣᠣ᠎ᠶᠢᠨ ᠠᠮᠢᠲᠣ ᠲᠣᠯᠢ》 ᠭᠡᠵᠦ ᠴᠣᠯᠠᠯᠠᠬᠲᠠᠬᠰᠠᠨ ᠪᠠᠢᠨ᠎ᠠ᠃ ᠡᠨᠡ ᠬᠣᠭᠣᠷᠣᠨᠲᠣ ᠲᠡᠷᠡ ᠪᠠᠰᠠ 《ᠮᠣᠩᠭᠣᠯ ᠦᠨᠳᠦᠰᠦᠲᠡᠨ᠎ᠤ ᠣᠯᠠᠮᠵᠢᠯᠠᠯᠲᠣ ᠬᠦᠭᠵᠢᠮ᠎ᠤᠨ ᠵᠢᠮᠰᠡᠭ》 ᠭᠡᠬᠦ ᠨᠣᠮ ᠬᠡᠪᠯᠡᠬᠦᠯᠵᠦ᠂ 2009 ᠤᠨ ᠳ᠋ᠦ 《ᠪᠦᠬᠦ ᠣᠯᠣᠰ᠎ᠤᠨ ᠨᠠᠢ᠍ᠮᠠᠨ ᠮᠣᠵᠢ ᠣᠷᠣᠨ᠎ᠤ ᠮᠣᠩᠭᠣᠯ ᠠᠷᠠᠳ᠎ᠤᠨ ᠲᠠᠭᠣᠣ᠎ᠶᠢᠨ ᠡᠷᠳᠡᠮ ᠰᠢᠨᠵᠢᠯᠡᠭᠡᠨ᠎ᠤ ᠲᠠᠪᠴᠠᠩ》 ᠤ᠋ᠨ ᠮᠦᠩᠬᠦᠨ ᠮᠸᠳᠠᠯ᠎ᠢ ᠬᠦᠷᠲᠡᠵᠦ᠂ ᠣᠯᠣᠰ᠎ᠤᠨ ᠰᠣᠷᠭᠠᠨ ᠬᠦᠮᠦᠵᠢᠯ᠎ᠤᠨ ᠶᠠᠮᠣᠨ᠎ᠤ ᠲᠦᠰᠦᠯ ᠪᠣᠯᠬᠣ 《ᠬᠣᠷᠴᠢᠨ ᠲᠣᠣᠯᠢ ᠲᠠᠭᠣᠣ᠎ᠶᠢᠨ ᠰᠣᠶᠣᠯ᠎ᠤᠨ ᠠᠬᠣᠢ᠎ᠶᠢᠨ ᠰᠣᠲᠣᠯᠣᠯ ᠵᠢᠴᠢ ᠰᠡᠷᠬᠦᠭᠡᠯᠲᠡ》᠂ ᠦᠪᠦᠷ ᠮᠣᠩᠭᠣᠯ᠎ᠤᠨ ᠨᠡᠢᠭᠡᠮ᠎ᠤᠨ ᠰᠢᠨᠵᠢᠯᠡᠬᠦ ᠣᠬᠠᠭᠠᠨ᠎ᠤ ᠲᠦᠯᠦᠪᠯᠡᠭᠡ᠎ᠶᠢᠨ ᠲᠦᠰᠦᠯ 《ᠦᠪᠦᠷ ᠮᠣᠩᠭᠣᠯ᠎ᠤᠨ ᠮᠣᠩᠭᠣᠯ ᠦᠨᠳᠦᠰᠦᠲᠡᠨ᠎ᠤ ᠬᠣᠪᠢᠰᠬᠠᠯᠲᠣ ᠠᠷᠠᠳ᠎ᠤᠨ ᠲᠠᠭᠣᠣ᠎ᠶᠢᠨ ᠵᠠᠭᠣᠨ ᠵᠢᠯ᠎ᠤᠨ ᠬᠦᠭᠵᠢᠯᠲᠡ᠎ᠶᠢᠨ ᠲᠡᠦᠬᠡ᠎ᠶᠢᠨ ᠰᠣᠲᠣᠯᠣᠯ》 ᠵᠡᠷᠭᠡ ᠡᠷᠳᠡᠮ ᠰᠢᠨᠵᠢᠯᠡᠭᠡᠨ᠎ᠤ ᠲᠦᠰᠦᠯ᠎ᠢ ᠲᠠᠭᠠᠭᠠᠴᠢᠯᠠᠨ ᠬᠦᠢᠴᠡᠳᠭᠡᠵᠡᠢ᠃


QQ截图20251001113555.png


ᠣᠷᠲᠣ᠎ᠶᠢᠨ ᠲᠠᠭᠣᠣ ᠵᠢᠨ ᠣᠯᠣᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠣᠯᠠᠮᠵᠢᠯᠠᠬᠴᠢ ᠮᠸᠳᠡᠭ᠎ᠢ ᠰᠤᠷᠪᠤᠯᠵᠢᠯᠠᠪᠡ


ᠣᠴᠠᠷᠠᠯ ᠲᠠᠪᠢᠯᠠᠩ ᠭᠡᠵᠦ ᠶᠡᠬᠡ ᠬᠠᠴᠢᠨ ᠶᠣᠮ᠃ ᠠᠷᠠᠳ᠎ᠤᠨ ᠲᠠᠭᠣᠣ ᠭᠡᠮᠡᠨ ᠬᠦᠭᠡᠷᠴᠦ ᠬᠦᠭᠰᠡᠵᠦ ᠪᠠᠢᠬᠰᠠᠨ ᠲᠡᠬᠦᠨ ᠳ᠋ᠦ ᠠᠷᠠᠳ᠎ᠤᠨ ᠲᠠᠭᠣᠴᠢᠨ᠎ᠢ ᠰᠣᠲᠣᠯᠬᠣ ᠵᠠᠪᠰᠢᠶᠠᠨ ᠣᠯᠲᠠᠵᠠᠢ᠃ ᠪᠦᠷᠢᠨᠪᠠᠶᠠᠷ᠎ᠤᠨ ᠣᠷᠣᠯᠲᠣᠯᠭ᠎ᠠ ᠵᠢᠳᠬᠦᠯ᠎ᠢ ᠦᠨᠳᠦᠰᠦᠯᠡᠵᠦ ᠵᠢᠯᠣᠭᠣᠲᠣᠬᠴᠢ ᠪᠠᠬᠰᠢ ᠬᠦᠷᠡᠯᠱᠠ ᠡᠴᠡ ᠲᠡᠬᠦᠨ᠎ᠤ ᠳ᠋ᠣᠺᠲ᠋ᠣᠷ ᠵᠡᠷᠭᠡ ᠬᠠᠮᠠᠭᠠᠯᠠᠬᠣ ᠰᠡᠳᠦᠪ᠎ᠢ ᠨᠢ 《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠬᠡᠮᠡᠨ ᠲᠣᠬᠲᠠᠭᠠᠵᠣ᠂ ᠬᠣᠷᠴᠢᠨ ᠠᠷᠠᠳ᠎ᠤᠨ ᠲᠠᠭᠣᠣ᠎ᠶᠢᠨ ᠰᠣᠲᠣᠨ ᠲᠦᠯᠦᠭᠡᠯᠡᠭᠴᠢ ᠪᠣᠯᠬᠣ ᠲᠠᠷᠬᠠᠨ ᠲᠠᠭᠣᠴᠢᠨ ᠴᠠᠭᠠᠨᠪᠠᠷᠰ᠎ᠢ ᠰᠣᠲᠣᠯᠬᠣ ᠪᠡᠷ ᠲᠠᠮᠵᠢᠨ ᠬᠣᠷᠴᠢᠨ ᠠᠷᠠᠳ᠎ᠤᠨ ᠲᠠᠭᠣᠣ᠎ᠶᠢᠨ ᠣᠯᠠᠮᠵᠢᠯᠠᠯ ᠵᠠᠯᠭᠠᠮᠵᠢᠯᠠᠯ᠎ᠢ ᠬᠠᠷᠠᠭᠣᠯᠬᠣ᠎ᠶᠢ ᠵᠣᠷᠢᠵᠠᠢ᠃ ᠶᠡᠷᠦ ᠨᠢ ᠴᠠᠭᠠᠨᠪᠠᠷᠰ᠎ᠤᠨ ᠲᠠᠭᠣᠯᠠᠬᠰᠨᠨ ᠲᠠᠭᠣᠣ᠎ᠶᠢ ᠴᠣᠬᠯᠠᠭᠣᠯᠵᠦ ᠡᠮᠬᠢᠳᠭᠡᠬᠦ ᠠᠵᠢᠯ ᠠᠯᠢ ᠡᠷᠳᠡ ᠡᠴᠡ ᠡᠬᠢᠯᠡᠭᠰᠡᠨ ᠪᠣᠯᠪᠠᠴᠣ ᠴᠠᠭᠠᠨᠪᠠᠷᠰ᠎ᠤᠨ ᠲᠣᠬᠠᠢ ᠰᠢᠰᠲ᠋ᠸᠮᠲᠦ ᠰᠣᠲᠣᠯᠭᠠᠨ ᠬᠠᠷᠠᠬᠠᠨ ᠬᠣᠭᠣᠰᠣᠨ ᠪᠠᠢᠬᠰᠠᠭᠠᠷ᠃ 《ᠠᠯᠲᠠᠷᠲᠣ ᠠᠷᠠᠳ᠎ᠤᠨ ᠣᠷᠠᠯᠢᠬᠴᠢᠨ᠂ ᠲᠠᠷᠬᠠᠨ ᠲᠠᠭᠣᠴᠢᠨ ᠴᠠᠭᠠᠨᠪᠠᠷᠰ ᠶ᠋ᠢᠡᠷ ᠰᠡᠳᠦᠪᠯᠡᠭᠰᠡᠨ ᠠᠩᠬᠠᠨ᠎ᠤ ᠳ᠋ᠣᠺᠲ᠋ᠣᠷ ᠵᠡᠷᠭᠡ ᠬᠠᠮᠠᠭᠠᠯᠠᠬᠰᠠᠨ ᠦᠬᠦᠯᠡᠯ ᠪᠣᠯᠬᠣᠷ ᠨᠡᠭᠡᠭᠡᠯᠲᠡᠲᠦ ᠴᠢᠨᠠᠷ ᠲᠠᠢ᠂ ᠰᠢᠨᠡᠯᠢᠭ ᠰᠢᠨᠵᠢ ᠲᠠᠢ ᠪᠦᠲᠦᠭᠡᠯᠴᠢ ᠪᠦᠲᠦᠭᠡᠯ ᠪᠣᠯᠬᠣ ᠶᠣᠮ》 ᠭᠡᠰᠡᠨ ᠡᠷᠳᠡᠮᠲᠦ ᠪᠠᠬᠰᠢ᠎ᠶᠢᠨ ᠬᠢᠨᠢ ᠢᠲᠡᠭᠡᠯ ᠨᠠᠢᠲᠠᠪᠣᠷᠢ ᠨᠢ ᠲᠡᠬᠦᠨ᠎ᠤ ᠲᠠᠷᠬᠠᠨ ᠲᠠᠭᠣᠴᠢᠨ ᠴᠠᠭᠠᠨᠪᠠᠷᠰ ᠬᠢᠭᠡᠳ ᠠᠷᠠᠳ᠎ᠤᠨ ᠲᠠᠭᠣᠣ᠎ᠶᠢ ᠰᠣᠲᠣᠯᠵᠦ ᠰᠢᠨᠵᠢᠯᠡᠬᠦ ᠵᠣᠷᠢᠬ᠎ᠢ ᠨᠢ ᠬᠦᠪᠴᠢᠯᠡᠭᠰᠡᠨ ᠪᠠᠢᠨ᠎ᠠ᠃

ᠴᠠᠬ ᠦᠶ᠎ᠡ ᠬᠣᠪᠢᠷᠠᠬᠰᠠᠨ ᠴᠦ᠍ ᠴᠠᠭᠠᠨᠪᠠᠷᠰ᠎ᠤᠨ ᠲᠠᠭᠣᠣ ᠬᠣᠯᠠᠲᠠᠭ᠎ᠠ ᠦᠭᠡᠢ᠃ ᠪᠦᠷᠢᠨᠪᠠᠶᠠᠷ᠎ᠤᠨ ᠪᠦᠷᠢᠳᠭᠡᠵᠦ ᠰᠢᠨᠵᠢᠯᠡᠭᠰᠡᠨ ᠶ᠋ᠢᠡᠷ᠂ ᠲᠠᠷᠬᠠᠨ ᠲᠠᠭᠣᠴᠢᠨ ᠴᠠᠭᠠᠨᠪᠠᠷᠰ᠎ᠤᠨ ᠲᠠᠭᠣᠯᠠᠵᠦ ᠦᠩᠭᠡᠷᠡᠭᠰᠡᠨ ᠲᠠᠭᠣᠣ ᠨᠢ 10 ᠶᠡᠬᠡ ᠲᠦᠷᠦᠯ᠎ᠤᠨ 498 ᠲᠠᠭᠣᠣ ᠪᠠᠢᠲᠠᠬ ᠪᠦᠭᠡᠳ ᠡᠬᠦᠨ᠎ᠤ ᠲᠣᠲᠣᠷ᠎ᠠ ᠡᠴᠡ ᠪᠦᠷᠢᠨᠪᠠᠶᠠᠷ᠎ᠤᠨ ᠲᠠᠭᠣᠯᠠᠵᠦ ᠴᠢᠲᠠᠲᠠᠬ ᠨᠢ 200 ᠭᠠᠷᠣᠢ ᠲᠠᠭᠣᠣ ᠪᠣᠢ᠃ ᠲᠡᠬᠦᠨ᠎ᠤ ᠠᠷᠪᠠ ᠭᠠᠷᠣᠢ ᠵᠢᠯ᠎ᠤᠨ ᠣᠷᠣᠯᠲᠣᠯᠭ᠎ᠠ ᠴᠢᠷᠮᠠᠢᠯᠭ᠎ᠠ ᠪᠡᠷ ᠪᠦᠲᠦᠭᠡᠭᠰᠡᠨ 《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠭᠡᠬᠦ ᠨᠣᠮ ᠦᠨᠦᠲᠦᠷ ᠣᠩᠰᠢᠬᠴᠢ ᠲᠦᠮᠡᠨ᠎ᠤ ᠲᠣᠯᠠᠭᠠᠨ ᠮᠡᠯᠮᠡᠢ ᠳ᠋ᠦ ᠲᠤᠰᠴᠤ᠂ ᠬᠠᠯᠠᠭᠤᠨ ᠠᠯᠠᠭᠠᠨ ᠳ᠋ᠦ ᠲᠡᠯᠭᠡᠭᠳᠡᠭᠰᠡᠨ ᠪᠠᠢᠨ᠎ᠠ᠃


QQ截图20250224163936.png


ᠠᠷᠠᠳ᠎ᠤᠨ ᠲᠠᠭᠤᠤ ᠵᠢ ᠠᠩᠬ᠎ᠠ ᠴᠤᠬᠯᠠᠭᠤᠯᠵᠦ ᠡᠮᠬᠢᠳᠭᠡᠭᠰᠡᠨ ᠦᠯᠵᠡᠢᠰᠠᠡᠭ᠎ᠪᠠᠬᠰᠢ᠎ᠶᠢ ᠰᠤᠷᠪᠤᠯᠵᠢᠯᠠᠪᠡ


《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》

ᠵᠠᠷᠢᠮ ᠡᠷᠲᠡᠮᠲᠡᠳ ᠬᠤᠭᠤᠷ᠎ᠤᠨ ᠦᠯᠢᠭᠡᠷ᠂ ᠬᠤᠯᠪᠣᠭ᠎ᠠ ᠪᠣᠯᠣᠨ ᠦᠯᠢᠭᠡᠷᠲᠦ ᠲᠠᠭᠤᠣ᠎ᠶ᠋ᠢ 《ᠣᠢ᠌ᠷ᠎ᠠ ᠣᠷᠴᠢᠨ ᠣᠲᠣ ᠦᠶ᠎ᠡ᠎ᠶ᠋ᠢᠨ ᠵᠡᠬᠦᠨ ᠣᠷᠣᠨ᠎ᠤ ᠠᠷᠠᠳ᠎ᠤᠨ ᠠᠮᠠᠨ ᠵᠣᠬᠢᠶᠠᠯ᠎ᠳᠠᠬᠢ ᠭᠤᠷᠪᠠᠨ ᠣᠷᠬᠢᠯ 》 ᠭᠡᠵᠦ᠍ ᠦᠨᠡᠯᠡᠳᠡᠭ᠃ ᠦᠯᠢᠭᠡᠷᠲᠦ ᠲᠠᠭᠣᠣ ᠪᠣᠶᠣ ᠬᠣᠷᠴᠢᠨ ᠠᠷᠠᠳ᠎ᠤᠨ ᠲᠠᠭᠣᠣ᠎ᠶᠢ ᠦᠬᠦᠯᠡᠵᠦ ᠲᠡᠯᠭᠡᠬᠦ ᠳ᠋ᠦ ᠲᠠᠷᠬᠠᠨ ᠲᠠᠭᠣᠴᠢᠨ ᠴᠠᠭᠠᠨᠪᠠᠷᠰ᠎ᠢ ᠲᠣᠷᠠᠳᠬᠣ ᠦᠭᠡᠢ ᠪᠠᠢᠵᠦ ᠦᠯᠦ ᠪᠣᠯᠣᠨ᠎ᠠ᠃ ᠣᠴᠢᠷ ᠨᠢ ᠴᠠᠭᠠᠨᠪᠠᠷᠰ ᠪᠣᠯ ᠬᠣᠷᠴᠢᠨ ᠠᠷᠠᠳ᠎ᠤᠨ ᠲᠠᠭᠣᠣ᠎ᠶᠢᠨ ᠬᠣᠷᠢᠲᠣᠭᠠᠷ ᠵᠠᠭᠣᠨ᠎ᠤ ᠣᠯᠠᠮᠵᠢᠯᠠᠯ ᠪᠣᠯᠣᠨ ᠬᠦᠭᠵᠢᠯᠲᠡ ᠳ᠋ᠦ ᠠᠰᠣᠷᠣ ᠶᠡᠬᠡ ᠵᠢᠳᠬᠦᠯ ᠦᠵᠡᠬᠦᠯᠦᠭᠰᠡᠨ ᠠᠯᠲᠠᠷᠲᠣ ᠲᠠᠭᠣᠴᠢᠨ ᠪᠦᠭᠡᠳ ᠠᠯᠣᠰ ᠬᠡᠲᠦ᠎ᠶᠢᠨ ᠨᠦᠯᠦᠭᠡ ᠲᠣᠰᠬᠠᠯ ᠭᠠᠷᠭᠠᠬᠰᠠᠨ᠂ ᠴᠠᠬ ᠡᠷᠢᠨ᠎ᠤ ᠴᠠᠮᠬᠠᠬ ᠬᠦᠰᠢᠶ᠎ᠡ ᠪᠣᠯᠬᠣᠢᠴᠠ ᠲᠠᠭᠣᠴᠢᠨ ᠪᠣᠯᠬᠣ ᠶᠣᠮ᠃


QQ截图20250912101212.png


ᠴᠠᠭᠠᠨᠪᠠᠷᠰ᠎ᠤᠨ ᠲᠠᠷᠬᠠᠨ ᠲᠠᠭᠤᠴᠢᠨ ᠵᠢᠡᠷ ᠡᠷᠬᠦᠮᠵᠢᠯᠡᠭᠳᠡᠭᠰᠡᠨ ᠦᠨᠠᠮᠯᠠᠯ


《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠭᠡᠬᠦ ᠨᠣᠮ ᠪᠣᠯ ᠲᠠᠷᠬᠠᠨ ᠲᠠᠭᠣᠴᠢᠨ᠎ᠤ ᠲᠠᠭᠣᠣ ᠰᠢᠬ ᠲᠣᠮᠣᠬ ᠰᠢᠬ ᠨᠢᠭᠡ ᠨᠠᠰᠣᠨ᠎ᠤ ᠠᠮᠢᠲᠣᠷᠠᠯ᠎ᠤᠨ ᠬᠦᠰᠢᠶ᠎ᠠ᠂ ᠠᠷᠠᠳ᠎ᠤᠨ ᠲᠠᠭᠣᠴᠢᠨ᠎ᠤ ᠠᠪᠢᠶᠠᠰᠯᠢᠬ ᠣᠷ᠎ᠠ ᠲᠡᠮ᠂ ᠣᠷᠠᠯᠢᠬ᠎ᠤᠨ ᠬᠡᠪ ᠨᠠᠮᠪᠠ᠎ᠶᠢᠨ ᠨᠠᠨᠳᠢᠨ ᠲᠣᠷᠠᠰᠬᠠᠯ ᠪᠣᠯᠬᠣ ᠶᠣᠮ᠃ ᠲᠣᠰ ᠨᠣᠮ ᠨᠢ ᠣᠲᠣᠷᠢᠳᠬᠠᠯ ᠪᠣᠯᠣᠨ ᠲᠠᠭᠠᠯᠲᠣᠭᠣᠯᠣᠯ᠎ᠢ ᠪᠠᠬᠲᠠᠭᠠᠭᠠᠳ ᠨᠡᠢᠲᠡ ᠵᠢᠷᠭᠣᠭᠠᠨ ᠠᠭᠣᠯᠭ᠎ᠠ ᠬᠣᠪᠢᠶᠠᠵᠦ᠂ ᠨᠢᠭᠡᠲᠦᠭᠡᠷ ᠪᠦᠯᠦᠭ ᠲᠦ᠍᠂ ᠴᠠᠭᠠᠨᠪᠠᠷᠰ᠎ᠤᠨ ᠠᠮᠢᠲᠣᠷᠠᠯ᠂ ᠣᠷᠠᠯᠢᠬ᠎ᠤᠨ ᠵᠠᠮ᠎ᠢ ᠲᠡᠦᠬᠡᠴᠢᠯᠡᠨ ᠰᠣᠲᠣᠯᠵᠦ᠂ ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ ᠪᠠᠢᠭᠣᠯᠣᠬᠲᠠᠬᠰᠠᠨ ᠶ᠋ᠢᠡᠷ ᠬᠢᠯᠢ ᠵᠠᠭᠠᠬ ᠪᠣᠯᠭᠠᠵᠦ᠂ ᠦᠭᠡᠷᠡᠴᠢᠯᠡᠯᠲᠡ ᠨᠡᠭᠡᠭᠡᠯᠲᠡ᠎ᠶᠢᠨ ᠲᠡᠦᠬᠡᠲᠦ ᠬᠣᠪᠢᠰᠣᠯ ᠶ᠋ᠢᠡᠷ ᠦᠶᠡᠴᠢᠯᠡᠵᠦ᠂ ᠲᠠᠷᠬᠠᠨ ᠲᠠᠭᠣᠴᠢᠨ᠎ᠤ ᠦᠰᠴᠦ ᠪᠣᠢᠵᠢᠬᠰᠠᠨ ᠨᠡᠢᠭᠡᠮ ᠠᠬᠣᠢ᠂ ᠴᠠᠬ ᠣᠷᠴᠢᠨ ᠶ᠋ᠢᠡᠷ ᠦᠵᠡᠭᠲᠡᠯ ᠪᠣᠯᠭᠠᠨ ᠠᠷᠠᠳ᠎ᠤᠨ ᠲᠠᠭᠣᠴᠢᠨ ᠪᠣᠯᠵᠦ ᠬᠦᠮᠦᠵᠢᠭᠰᠡᠨ᠂ ᠲᠠᠷᠬᠠᠨ ᠲᠠᠭᠣᠴᠢᠨ ᠬᠡᠮᠡᠨ ᠡᠷᠬᠦᠮᠵᠢᠯᠡᠭᠲᠡᠭᠰᠡᠨ ᠣᠷᠣᠯᠲᠣᠯᠭ᠎ᠠ ᠣᠯᠣᠯᠲᠠ᠎ᠶᠢᠨ ᠣᠯᠠ ᠮᠦᠷ᠎ᠢ ᠲᠣᠲᠣᠷᠠᠭᠣᠯᠵᠠᠢ; ᠬᠣᠶᠠᠲᠣᠭᠠᠷ ᠪᠦᠯᠦᠭ ᠲᠦ᠍ ᠴᠠᠭᠠᠨᠪᠠᠷᠰ᠎ᠤᠨ ᠲᠠᠭᠣᠯᠠᠬᠰᠠᠨ ᠲᠠᠭᠣᠣ᠎ᠶᠢ ᠲᠦᠷᠦᠯᠵᠢᠬᠦᠯᠦᠨ ᠰᠣᠲᠣᠯᠵᠦ᠂ ᠲᠠᠭᠣᠯᠠᠬᠰᠠᠨ ᠲᠠᠭᠣᠣ᠎ᠶᠢᠨ ᠠᠭᠣᠯᠭ᠎ᠠ ᠬᠡᠯᠪᠡᠷᠢ᠎ᠶᠢ ᠦᠨᠳᠦᠰᠦᠯᠡᠵᠦ ᠣᠷᠲᠣ᠎ᠶᠢᠨ ᠲᠠᠭᠣᠣ᠂ ᠪᠣᠭᠣᠨᠢ ᠲᠠᠭᠣᠣ᠂ ᠦᠯᠢᠭᠡᠷᠲᠦ ᠲᠠᠭᠣᠣ ᠵᠡᠷᠭᠡ ᠭᠣᠷᠪᠠᠨ ᠲᠦᠷᠦᠯ᠂ ᠰᠡᠳᠦᠪ ᠠᠭᠣᠯᠭ᠎ᠠ ᠪᠡᠷ ᠨᠢ 14 ᠵᠦᠢᠯ ᠳ᠋ᠦ ᠠᠩᠬᠢᠯᠠᠵᠦ᠂ ᠲᠠᠭᠣᠣ᠎ᠶᠢᠨ ᠢᠷᠡᠯᠲᠡ᠂ ᠣᠨᠴᠠᠯᠢᠬ ᠪᠣᠯᠣᠨ ᠠᠶ᠎ᠠ ᠨᠣᠲ᠎ᠢ ᠨᠠᠷᠢᠯᠢᠬ ᠰᠣᠲᠣᠯᠣᠬᠰᠨᠨ ᠪᠠᠢᠨ᠎ᠠ; ᠭᠣᠷᠪᠠᠲᠣᠭᠠᠷ ᠪᠦᠯᠦᠭ ᠲᠦ᠍᠂ ᠴᠠᠭᠠᠨᠪᠠᠷᠰ᠎ᠤᠨ ᠲᠠᠭᠣᠣ᠎ᠶᠢᠨ ᠠᠭᠣᠯᠭ᠎ᠠ ᠬᠡᠯᠪᠡᠷᠢ᠎ᠶᠢᠨ ᠣᠨᠴᠠᠯᠢᠬ ᠰᠢᠨᠵᠢ᠂ ᠠᠶ᠎ᠠ ᠬᠦᠭᠵᠢᠮ᠎ᠤᠨ ᠣᠨᠴᠠᠯᠢᠬ ᠰᠢᠨᠵᠢ᠎ᠶᠢ ᠬᠦᠨᠵᠡᠭᠡᠢᠷᠡᠬᠦᠯᠦᠨ ᠰᠣᠲᠣᠯᠵᠦ᠂ ᠠᠮᠠᠨ ᠣᠯᠠᠮᠵᠢᠯᠠᠯᠲᠣ ᠪᠦᠭᠡᠳ ᠨᠣᠲᠣᠬ ᠣᠰᠣᠨ᠎ᠤ ᠦᠨᠦᠷ ᠠᠮᠲᠠ᠎ᠶᠢ ᠬᠠᠲᠠᠭᠠᠯᠠᠬᠰᠠᠨ᠂ ᠣᠯᠠᠨ᠎ᠠ ᠲᠠᠭᠠᠯᠠᠬᠲᠠᠬᠰᠠᠨ ᠠᠷᠠᠳᠴᠢ ᠴᠢᠨᠠᠷ᠂ ᠠᠪᠣᠨ ᠲᠠᠭᠣᠯᠠᠬᠣ ᠪᠡᠯᠡᠨ ᠰᠢᠨᠵᠢ᠂ ᠣᠯᠠᠨ ᠡᠴᠡ ᠣᠨᠴᠠᠭᠠᠢᠷᠠᠬᠰᠠᠨ ᠣᠶᠠᠷᠠᠩᠭᠣᠢ ᠰᠠᠨᠠᠭ᠎ᠠ᠂ ᠠᠮᠢᠲᠣᠷᠠᠯ ᠡᠴᠡ ᠡᠰᠢᠯᠡᠭᠰᠡᠨ ᠬᠦᠨ ᠣᠳᠬ᠎ᠠ᠂ ᠠᠬᠣᠢ ᠡᠴᠡ ᠲᠠᠪᠠᠬᠰᠠᠨ ᠭᠣᠸᠠᠯᠢᠬ ᠰᠢᠨᠵᠢ᠂ ᠣᠯᠠᠨ ᠲᠠᠯ᠎ᠠ᠎ᠶᠢ ᠬᠠᠮᠣᠷᠣᠬᠰᠠᠨ ᠴᠢᠲᠠᠪᠣᠷᠢᠯᠢᠬ ᠰᠢᠨᠵᠢ ᠵᠡᠷᠭᠡ ᠣᠯᠠᠨ ᠶᠠᠩᠵᠣᠲᠦ ᠰᠢᠨᠵᠢ᠎ᠶᠢ ᠲᠣᠲᠣᠷᠠᠭᠣᠯᠵᠦ᠂ ᠠᠶ᠎ᠠ ᠡᠭᠡᠰᠢᠭ᠎ᠤᠨ ᠪᠦᠲᠦᠴᠡ᠂ ᠠᠢᠵᠠᠮ ᠴᠣᠬᠢᠯᠭ᠎ᠠ᠎ᠶᠢᠨ ᠣᠨᠴᠠᠯᠢᠬ᠂ ᠬᠦᠭ ᠲᠣᠬᠲᠠᠯᠴᠠᠯ᠎ᠤᠨ ᠰᠢᠨᠵᠢ᠂ ᠠᠶ᠎ᠠ ᠰᠢᠯᠦᠭ᠎ᠤᠨ ᠠᠪᠴᠠᠯᠲᠣᠯ ᠵᠡᠷᠭᠡ ᠠᠮᠠᠨ ᠣᠷᠠᠯᠢᠬ᠎ᠤᠨ ᠪᠦᠲᠦᠴᠡ ᠣᠨᠴᠠᠯᠢᠬ᠎ᠢ ᠵᠠᠲᠠᠯᠣᠨ ᠦᠬᠦᠯᠡᠵᠡᠢ; ᠲᠦᠷᠪᠡᠲᠦᠭᠡᠷ ᠪᠦᠯᠦᠭ ᠲᠦ᠍ ᠴᠠᠭᠠᠨᠪᠠᠷᠰ᠎ᠤᠨ ᠲᠠᠭᠣᠯᠠᠬᠣ ᠣᠷ᠎ᠠ ᠮᠡᠷᠭᠡᠰᠢᠯ ᠪᠣᠯᠣᠨ ᠣᠷᠠᠯᠢᠬ᠎ᠤᠨ ᠬᠡᠪ ᠨᠠᠮᠪᠠ᠎ᠶᠢ ᠣᠨᠣᠯᠵᠢᠭᠣᠯᠣᠨ ᠳ᠋ᠦᠩᠨᠡᠵᠦ᠂ ᠹᠢᠽᠢᠣᠯᠣᠬᠢ᠎ᠶᠢᠨ ᠣᠬᠠᠭᠠᠨ᠂ ᠰᠡᠳᠬᠢᠴᠡ ᠵᠦᠢ᠂ ᠠᠮᠠᠨ ᠣᠯᠠᠮᠵᠢᠯᠠᠯ᠎ᠤᠨ ᠣᠨᠣᠯ ᠵᠡᠷᠭᠡ ᠲᠠᠯ᠎ᠠ ᠡᠴᠡ ᠣᠯᠠᠨ ᠬᠠᠷᠠᠭᠠᠰᠣ᠂ ᠣᠯᠠᠨ ᠲᠠᠪᠬᠣᠷᠭ᠎ᠠ ᠡᠴᠡ ᠰᠢᠨᠵᠢᠯᠡᠵᠦ᠂ ᠴᠠᠭᠠᠨᠪᠠᠷᠰ᠎ᠤᠨ ᠲᠠᠭᠣᠯᠠᠬᠣ ᠬᠡᠪ ᠨᠠᠮᠪᠠ ᠪᠣᠯ ᠰᠡᠲᠡᠯᠲᠡᠲᠦ ᠰᠢᠨᠵᠢ᠂ ᠲᠣᠬᠲᠠᠭᠣᠨ ᠰᠢᠨᠵᠢ᠂ ᠵᠢᠭᠲᠡ ᠰᠢᠨᠵᠢ᠂ ᠰᠢᠨᠡᠴᠢᠯᠡᠯ ᠰᠢᠨᠵᠢ ᠲᠠᠢ ᠭᠡᠵᠦ ᠬᠣᠷᠢᠶᠠᠩᠭᠣᠢᠯᠠᠬᠰᠠᠨ ᠪᠠᠢᠨ᠎ᠠ᠃ ᠲᠡᠷᠡᠴᠢᠯᠡᠨ ᠨᠣᠮ ᠳ᠋ᠦ ᠪᠠᠰᠠ ᠴᠠᠭᠠᠨᠪᠠᠷᠰ᠎ᠤᠨ ᠲᠠᠭᠣᠯᠠᠬᠰᠠᠨ ᠲᠠᠭᠣᠣ᠎ᠶᠢᠨ ᠭᠠᠷᠴᠠᠬ᠎ᠢ ᠬᠡᠯᠬᠢᠶᠡᠰᠦᠯᠡᠵᠦ᠂ ᠲᠠᠷᠬᠠᠨ ᠲᠠᠭᠣᠴᠢᠨ᠎ᠢ ᠠᠮᠢᠲᠣ ᠰᠡᠷᠡᠬᠦᠨ ᠪᠠᠢᠬᠣ ᠳ᠋ᠣᠨᠢ ᠰᠣᠷᠪᠣᠯᠵᠢᠯᠠᠬᠰᠠᠨ ᠰᠣᠷᠪᠣᠯᠵᠢᠯᠠᠭ᠎ᠠ᠎ᠶᠢ ᠲᠠᠭᠠᠯᠲᠣᠭᠣᠯᠣᠨ ᠵᠢᠬᠰᠠᠭᠠᠬᠰᠠᠨ ᠨᠢ ᠮᠡᠲ᠋ᠸᠷᠢᠶᠠᠯ ᠬᠢᠭᠡᠳ ᠬᠡᠷᠡᠭᠯᠡᠭᠡᠨ᠎ᠤ ᠦᠨ᠎ᠡ ᠴᠡᠨ᠎ᠠ ᠲᠠᠢ ᠪᠣᠯᠵᠠᠢ᠃


QQ截图20250825102238.png


ᠴᠠᠭᠠᠨᠪᠠᠷᠰ᠎ᠤᠨ ᠤᠳᠬᠤᠨ ᠱᠠᠪᠢ  ᠯᠢᠦ  ᠱᠢ  ᠰᠠᠨ ᠲᠠᠢ ᠬᠠᠮᠲᠦ


ᠲᠠᠭᠣᠴᠢᠨ᠎ᠢ ᠰᠣᠲᠣᠯᠬᠣ ᠳ᠋ᠦ ᠲᠠᠭᠣᠣ᠎ᠠᠴᠠ ᠲᠣᠭᠤᠷᠢᠨ ᠭᠠᠷᠴᠦ᠍ ᠦᠯᠦ᠍ ᠪᠣᠯᠣᠨ᠎ᠠ᠃ ᠴᠠᠭᠠᠨᠪᠠᠷᠰ᠎ᠤᠨ ᠲᠠᠭᠣᠯᠠᠬᠰᠠᠨ ᠲᠠᠭᠣᠣ ᠪᠣᠯ ᠮᠣᠩᠭᠤᠯ ᠰᠣᠶᠣᠯ᠂ ᠢᠯᠠᠩᠭᠤᠶ᠎ᠠ ᠬᠤᠷᠴᠢᠨ ᠠᠮᠠᠨ ᠰᠣᠶᠣᠯ᠎ᠤᠨ ᠭᠡᠷᠡᠯᠲᠦ ᠰᠣᠪᠣᠳ ᠪᠣᠯᠬᠤ ᠶᠣᠮ᠃ ᠲᠠᠷᠬᠠᠨ ᠲᠠᠭᠣᠴᠢᠨ᠎ᠤ ᠲᠠᠭᠣᠯᠠᠬᠰᠠᠨ ᠲᠠᠭᠣᠣ᠎ᠶᠢ ᠡᠮᠬᠢᠳᠭᠡᠨ ᠴᠣᠬᠯᠠᠭᠣᠯᠬᠣ᠎ᠶᠢᠨ ᠲᠦᠯᠦᠭᠡ ᠪᠦᠷᠢᠨᠪᠠᠶᠠᠷ ᠵᠡᠬᠦᠨᠰᠢ ᠬᠦᠬᠡᠷᠡᠨ ᠣᠨᠢᠶᠠᠷᠲᠣᠬᠰᠠᠨ ᠬᠦᠯᠦᠨ ᠪᠣᠢᠷ ᠡᠴᠡ ᠪᠠᠷᠠᠭᠣᠨᠰᠢ ᠦᠵᠦᠮᠦᠴᠢᠨ ᠰᠦᠨᠢᠳ᠎ᠤᠨ ᠬᠠᠩᠭᠠᠢ ᠨᠢᠷᠣᠭᠣᠳ ᠵᠠᠯᠭᠠᠯᠲᠣᠬᠰᠠᠨ ᠰᠢᠯᠢ᠎ᠶᠢᠨ ᠭᠣᠣᠯ ᠬᠦᠷᠲᠡᠯ᠎ᠡ ᠰᠣᠷᠪᠣᠯᠵᠢᠯᠠᠨ ᠬᠡᠭᠡᠷ᠎ᠡ᠎ᠶᠢᠨ ᠰᠢᠨᠵᠢᠯᠡᠭᠡᠨ ᠬᠢᠵᠦ᠂ ᠠᠷᠠᠳ᠎ᠤᠨ ᠲᠠᠭᠣᠣ᠎ᠶᠢᠨ ᠡᠷᠢᠯ ᠶ᠋ᠢᠡᠷ ᠠᠯᠣᠰ ᠬᠣᠯᠠᠬᠢ ᠬᠢᠷᠢᠨ ᠯᠢᠶᠣᠣᠨᠢᠩ ᠬᠦᠷᠲᠡᠯ᠎ᠡ ᠶᠠᠪᠣᠵᠦ ᠡᠯᠪᠡᠭ ᠪᠠᠶᠠᠯᠢᠬ ᠮᠠᠲ᠋ᠸᠷᠢᠶᠠᠯ ᠬᠣᠷᠠᠮᠲᠣᠭᠣᠯᠵᠠᠢ᠃ 《ᠡᠷᠢᠯ᠎ᠢ ᠰᠣᠷᠠᠬ ᠶ᠋ᠢᠡᠷ᠂ ᠡᠷᠳᠡᠮ᠎ᠢ ᠬᠢᠴᠢᠶᠡᠯ ᠶ᠋ᠢᠡᠷ》 ᠬᠡᠳᠡᠭᠴᠢᠯᠡᠨ ᠦᠪᠦᠷ ᠮᠣᠩᠭᠣᠯ᠎ᠤᠨ ᠷᠠᠳᠢᠣ᠋ ᠬᠣᠷᠢᠶ᠎ᠠ᠂ ᠲᠦᠩᠯᠢᠶᠣᠣ ᠬᠣᠲᠠ᠎ᠶᠢᠨ ᠷᠠᠳᠢᠣ᠋ ᠬᠣᠷᠢᠶ᠎ᠠ᠂ ᠬᠦᠯᠦᠨ ᠪᠣᠢᠷ ᠬᠣᠲᠠ᠎ᠶᠢᠨ ᠷᠠᠳᠢᠣ᠋ ᠬᠣᠷᠢᠶ᠎ᠠ᠂ ᠬᠢᠩᠭᠠᠨ ᠠᠢᠮᠠᠬ᠎ᠤᠨ ᠷᠠᠳᠢᠣ᠋ ᠬᠣᠷᠢᠶ᠎ᠠ᠂ ᠣᠯᠠᠭᠠᠨᠬᠠᠲᠠ ᠬᠣᠲᠠ᠎ᠶᠢᠨ ᠷᠠᠳᠢᠣ᠋ ᠬᠣᠷᠢᠶ᠎ᠠ᠂ ᠲᠦᠩᠯᠢᠶᠣᠣ ᠬᠣᠲᠠ᠎ᠶᠢᠨ ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣᠨ᠎ᠤ ᠰᠣᠶᠣᠯ᠎ᠤᠨ ᠭᠡᠷ ᠵᠡᠷᠭᠡ᠎ᠶᠢ ᠲᠠᠮᠵᠢᠨ᠂ ᠲᠠᠷᠬᠠᠨ ᠲᠠᠭᠣᠴᠢᠨ᠎ᠤ ᠬᠣᠶᠠᠷ ᠦᠬᠢᠨ ᠪᠣᠯᠣᠨ ᠭᠠᠷ᠎ᠤᠨ ᠱᠠᠪᠢ ᠨᠠᠷ᠎ᠢ ᠰᠣᠷᠪᠣᠯᠵᠢᠯᠠᠵᠦ᠂ ᠴᠠᠭᠠᠨᠪᠠᠷᠰ᠎ᠤᠨ ᠲᠠᠭᠣᠣ ᠪᠡᠷ ᠴᠠᠬ ᠦᠶ᠎ᠡ᠎ᠶᠢᠨ ᠰᠣᠶᠣᠯ᠎ᠤᠨ ᠭᠣᠣᠯ ᠣᠷᠣᠰᠬᠠᠯ ᠪᠣᠯᠭᠠᠵᠦ ᠪᠠᠢᠬᠰᠠᠨ ᠬᠣᠷᠢᠲᠣᠭᠠᠷ ᠵᠠᠭᠣᠨ᠎ᠤ ᠲᠠᠯᠠ ᠨᠠᠶᠠᠭᠠᠳ ᠤᠨ᠎ᠤ ᠬᠣᠷᠴᠢᠨ ᠨᠣᠲᠣᠬ᠎ᠤᠨ ᠠᠷᠠᠳ᠎ᠤᠨ ᠲᠠᠭᠣᠣ ᠬᠦᠭᠵᠢᠮ᠎ᠤᠨ ᠰᠣᠶᠣᠯ ᠠᠮᠢᠲᠣᠷᠠᠯ᠎ᠤᠨ ᠦᠨᠡᠨ ᠪᠠᠢᠲᠠᠯ᠎ᠢ ᠵᠢᠷᠣᠬ ᠮᠡᠲᠦ ᠲᠡᠯᠭᠡᠨ ᠦᠵᠡᠬᠦᠯᠬᠦ᠎ᠶᠢ ᠵᠣᠷᠢᠵᠠᠢ᠃ 2009 ᠤᠨ᠎ᠤ 7 ᠰᠠᠷ᠎ᠠ ᠳ᠋ᠦ᠂ ᠪᠦᠷᠢᠨᠪᠠᠶᠠᠷ ᠰᠢᠯᠢ᠎ᠶᠢᠨ ᠭᠣᠣᠯ ᠠᠢᠮᠠᠬ᠎ᠤᠨ ᠵᠡᠬᠦᠨ ᠦᠵᠦᠮᠦᠴᠢᠨ ᠬᠣᠰᠢᠭᠣᠨ ᠳ᠋ᠦ ᠬᠡᠭᠡᠷ᠎ᠡ᠎ᠶᠢᠨ ᠰᠢᠨᠵᠢᠯᠡᠭᠡᠨ ᠬᠢᠵᠦ ᠶᠠᠪᠣᠬᠣ ᠳ᠋ᠠᠭᠠᠨ ᠴᠠᠭᠠᠨᠪᠠᠷᠰ᠎ᠤᠨ ᠲᠠᠭᠣᠯᠠᠬᠰᠠᠨ 《ᠡᠯᠢᠭᠡᠨ ᠬᠠᠯᠢᠭᠣᠨ ᠭᠠᠯᠠᠭᠣ》 ᠭᠡᠬᠦ ᠣᠷᠲᠣ᠎ᠶᠢᠨ ᠲᠠᠭᠣᠣ᠎ᠶᠢ ᠠᠵᠠ ᠪᠡᠷ ᠣᠯᠣᠬᠰᠠᠨ ᠪᠦᠭᠡᠳ ᠲᠡᠭᠡᠷ᠎ᠡ ᠵᠠᠭᠣᠨ᠎ᠤ ᠨᠠᠶᠠᠭᠠᠳ ᠤᠨ ᠳ᠋ᠦ ᠲᠠᠷᠬᠠᠨ ᠲᠠᠭᠣᠴᠢᠨ ᠮᠠᠨᠢ ᠵᠡᠬᠦᠨ ᠦᠵᠦᠮᠦᠴᠢᠨ ᠬᠣᠰᠢᠭᠣᠨ ᠳ᠋ᠦ ᠭᠣᠷᠪᠠᠨ ᠰᠠᠷ᠎ᠠ ᠬᠢᠷᠢᠲᠡᠢ ᠲᠠᠭᠣᠣ ᠲᠠᠭᠣᠯᠠᠵᠦ ᠶᠠᠪᠣᠬᠰᠠᠨ᠎ᠢ ᠮᠡᠳᠡᠭᠰᠡᠨ ᠠᠵᠢ᠃

ᠲᠠᠭᠣᠣ ᠮᠦᠩᠬᠡᠷᠡᠲᠡᠭ᠂ ᠲᠠᠭᠣᠣ ᠬᠦᠮᠦᠨ᠎ᠤ ᠲᠦᠯᠦᠭᠡ ᠮᠦᠩᠬᠡᠷᠡᠲᠡᠭ᠃ 《ᠠᠷᠠᠳ ᠲᠦᠮᠡᠨ᠎ᠤ ᠲᠡᠦᠬᠡ᠎ᠶᠢ ᠬᠡᠨ ᠪᠢᠴᠢᠲᠡᠭ ᠪᠣᠢ? ᠠᠷᠠᠳ ᠲᠦᠮᠡᠨ ᠦᠪᠡᠷ ᠶ᠋ᠢᠡᠨ ᠪᠢᠴᠢᠲᠡᠭ᠃ ᠶᠠᠭᠠᠬᠢᠵᠦ ᠪᠢᠴᠢᠲᠡᠭ ᠪᠣᠢ? ᠭᠡᠪᠡᠯ ᠠᠷᠠᠳ᠎ᠤᠨ ᠲᠠᠭᠣᠣ᠂ ᠦᠯᠢᠭᠡᠷ ᠬᠣᠯᠪᠣᠭ᠎ᠠ᠂ ᠲᠣᠣᠯᠢ ᠵᠡᠷᠭᠡ ᠪᠡᠷ ᠪᠢᠴᠢᠭᠯᠡᠵᠦ ᠦᠯᠡᠲᠡᠭᠡᠲᠡᠭ》 ᠭᠡᠵᠦ ᠪᠦᠷᠢᠨᠪᠠᠶᠠᠷ ᠣᠴᠢᠷᠯᠠᠨ᠎ᠠ᠃ ᠲᠡᠢᠮᠦ ᠡ᠂ ᠣᠬᠢᠯᠠᠵᠦ᠍ ᠣᠨᠠᠨ ᠲᠠᠭᠤᠯᠠᠵᠦ᠍ ᠶᠠᠪᠣᠬᠤ ᠬᠤᠷᠸ᠎ᠠ᠎ᠳᠤ ᠲᠠᠭᠤᠣ ᠪᠣᠯ ᠴᠡᠭᠡᠵᠢᠨ᠎ᠠᠴᠠ ᠣᠨᠲᠣᠷᠣᠬ᠍ᠰᠠᠨ ᠠᠶᠠᠯᠭᠤ᠂ ᠴᠢᠬᠢᠨ᠎ᠤ ᠢᠷᠠᠭᠤ ᠰᠣᠨᠣᠰᠭᠤᠯᠠᠩ ᠶᠣᠮᠰᠠᠨ᠃ ᠣᠶᠠᠩᠭ᠎ᠠ ᠲᠠᠭᠤᠣ᠎ᠶ᠋ᠢᠨ ᠮᠦᠷ ᠪᠠᠲᠠᠬ᠎ᠠᠴᠠ ᠬᠦᠮᠦᠰ ᠤᠨ ᠴᠠᠬ᠎ᠤᠨ ᠪᠠᠯᠠᠷ ᠬᠠᠷᠠᠩᠭᠤᠢ᠎ᠳᠤ ᠠᠭᠤᠰᠣᠨ ᠣᠲᠣᠬ᠍ᠰᠠᠨ ᠲᠡᠦᠭᠡ᠎ᠶ᠋ᠢᠨ ᠬᠦᠮᠦᠨ᠂ ᠬᠡᠷᠡᠭ ᠦᠢᠯᠡ᠎ᠶᠢ ᠣᠩᠱᠢᠲᠠᠬ᠃ ᠦᠰᠦᠭ ᠪᠢᠴᠢᠭ ᠪᠣᠢ ᠪᠣᠯᠬᠤ᠎ᠠᠴᠠ ᠡᠮᠦᠨᠡᠬᠢ ᠲᠡᠦᠭᠡ ᠰᠣᠶᠣᠯ ᠭᠤᠣᠯᠲᠠᠭᠤ ᠠᠮᠠ᠎ᠪᠠᠷ᠂ ᠠᠷᠠᠳ᠎ᠤᠨ ᠴᠡᠭᠡᠵᠢᠯᠡᠪᠦᠷᠢ᠎ᠪᠠᠷ ᠲᠠᠮᠵᠢᠨ ᠣᠯᠠᠮᠵᠢᠯᠠᠬ᠍ᠲᠠᠵᠦ᠍ ᠪᠠᠢᠬ᠍ᠰᠠᠨ ᠪᠦᠭᠡᠳ ᠠᠷᠠᠳ᠎ᠤᠨ ᠲᠠᠭᠤᠣ ᠪᠣᠯ ᠲᠡᠲᠡᠭᠡᠷ᠎ᠤᠨ ᠲᠣᠲᠣᠷᠠᠬᠢ ᠣᠯᠠᠮᠵᠢᠯᠠᠯ᠎ᠤᠨ ᠨᠢᠭᠡ ᠬᠡᠯᠪᠡᠷᠢ ᠪᠣᠯᠬᠤ ᠶᠣᠮ᠃ ᠢᠩᠬᠢᠬᠦ᠌᠎ᠳᠡᠭᠡᠨ ᠠᠷᠠᠳ᠎ᠤᠨ ᠲᠠᠭᠤᠣ ᠪᠣᠯ ᠬᠦᠮᠦᠨ ᠲᠦᠷᠦᠯᠬᠢᠲᠡᠨ᠎ᠤ ᠲᠡᠦᠭᠡ ᠰᠣᠶᠣᠯ᠎ᠤᠨ ᠠᠮᠢᠲᠣ ᠲᠣᠯᠢ᠂ ᠠᠷᠠᠳ ᠲᠦᠮᠡᠨ᠎ᠤ ᠠᠮᠠ᠎ᠪᠠᠷ ᠣᠯᠠᠮᠵᠢᠯᠠᠬ᠍ᠰᠠᠨ ᠲᠡᠦᠭᠡ᠂ ᠲᠠᠭᠤᠣ᠎ᠪᠠᠷ ᠲᠠᠮᠵᠢᠬ᠍ᠲᠠᠬ᠍ᠰᠠᠨ ᠲᠣᠷᠠᠳᠭᠠᠯ ᠪᠠᠢᠵᠦ᠍ ᠲᠠᠭᠠᠷᠠᠬᠤ ᠶᠣᠮ᠃


QQ截图20251001113555.png


ᠭᠸᠮᠫᠢ ᠵᠢᠨ ᠰᠦᠮ᠎ᠠ ᠵᠢᠨ ᠮᠤᠤᠨᠤᠬᠠᠢ ᠮᠠᠮᠠ ᠵᠢ ᠰᠤᠷᠪᠤᠯᠵᠢᠯᠠᠪᠠ


ᠠᠷᠠᠳ᠎ᠤᠨ ᠲᠠᠭᠣᠣ ᠪᠠᠨ ᠲᠠᠭᠣᠯᠠᠬᠣ ᠦᠭᠡᠢ ᠪᠣᠯ ᠠᠯᠠᠬ ᠲᠡᠯᠡᠬᠡᠢ ᠣᠶᠠᠩᠭ᠎ᠠ ᠪᠡᠷ ᠲᠣᠲᠠᠨ᠎ᠠ

ᠪᠦᠷᠢᠨᠪᠠᠶᠠᠷ᠎ᠤᠨ ᠬᠠᠭᠣᠴᠢᠯᠠᠬᠰᠠᠨ ᠶ᠋ᠢᠡᠷ᠂ ᠲᠡᠷᠡ 600 ᠭᠠᠷᠣᠢ ᠠᠷᠠᠳ᠎ᠤᠨ ᠲᠠᠭᠣᠣ᠎ᠶᠢ ᠲᠠᠭᠣᠯᠠᠵᠦ ᠴᠢᠲᠠᠲᠠᠬ ᠪᠦᠭᠡᠳ ᠶᠠᠬ ᠡᠢᠮᠦ ᠡᠴᠡ 《ᠠᠷᠠᠳ᠎ᠤᠨ ᠲᠠᠭᠣᠣ᠎ᠶᠢᠨ ᠠᠮᠢᠲᠣ ᠲᠣᠯᠢ》 ᠭᠡᠮᠡᠨ ᠠᠯᠲᠠᠷᠰᠢᠬᠰᠠᠨ ᠣᠴᠢᠷᠲᠠᠢ᠃ ᠨᠣᠮ ᠲᠠᠷᠬᠠᠭᠠᠬᠣ ᠶᠣᠰᠣᠯᠠᠯ ᠳ᠋ᠦ ᠲᠡᠷᠡ ᠣᠯᠠᠨ ᠠᠷᠠᠳ᠎ᠤᠨ ᠲᠠᠭᠣᠣ᠎ᠶᠢᠨ ᠲᠣᠲᠣᠷ᠎ᠠ ᠡᠴᠡ ᠲᠠᠭᠣᠴᠢᠨ ᠴᠠᠭᠠᠨᠪᠠᠷᠰ᠎ᠤᠨ ᠬᠡᠪ ᠨᠠᠮᠪᠠ᠎ᠶᠢ ᠢᠯᠡᠷᠡᠬᠦᠯᠦᠭᠰᠡᠨ ᠲᠦᠯᠦᠭᠡᠯᠡᠬᠦ 10 ᠲᠠᠭᠣᠣ᠎ᠶᠢ ᠲᠠᠭᠣᠯᠠᠵᠦ ᠠᠬᠣᠢ ᠲᠠᠯᠠᠪᠠᠢ ᠳ᠋ᠦ ᠬᠦᠷᠦᠯᠴᠡᠨ ᠢᠷᠡᠭᠰᠡᠨ ᠣᠯᠠᠨ ᠳ᠋ᠦ ᠰᠣᠨᠢᠷᠬᠠᠭᠣᠯᠣᠬᠰᠠᠨ ᠪᠠᠢᠨ᠎ᠠ᠃ 《ᠴᠠᠭᠠᠨᠪᠠᠷᠰ᠎ᠤᠨ ᠲᠠᠭᠣᠣ ᠴᠠᠬ ᠦᠶ᠎ᠡ ᠡᠴᠡ ᠬᠣᠴᠣᠷᠬᠣ ᠦᠭᠡᠢ ᠶᠣᠮ ᠡ ᠁》 ᠭᠡᠵᠦ ᠪᠦᠷᠢᠨᠪᠠᠶᠠᠷ ᠰᠣᠷᠪᠣᠯᠵᠢᠯᠠᠭ᠎ᠠ ᠬᠦᠯᠢᠶᠡᠬᠦ ᠳ᠋ᠡᠭᠡᠨ ᠠᠬᠢᠨ ᠲᠠᠬᠢᠨ ᠶᠠᠷᠢᠵᠦ ᠪᠠᠢᠯ᠎ᠠ᠃

ᠡᠩ ᠲᠡᠯᠡᠭᠡᠢ᠎ᠶ᠋ᠢᠨ ᠬᠦᠮᠦᠨ᠎ᠤ ᠨᠢᠭᠡ ᠨᠠᠰᠣᠨ᠎ᠳᠠᠬᠢ ᠡᠯᠡᠭ᠌ᠲᠡᠰᠢ ᠦᠭᠡᠢ ᠲᠣᠷᠠᠰᠭᠠᠯ᠂ ᠮᠠᠷᠲᠠᠬ᠍ᠲᠠᠰᠢ ᠦᠭᠡᠢ ᠲᠣᠷᠠᠳᠭᠠᠯ ᠪᠣᠯ ᠲᠠᠭᠤᠣ ᠶᠣᠮᠰᠠᠨ᠃ 《ᠠᠷᠠᠳ᠎ᠤᠨ ᠲᠠᠭᠤᠣ᠎ᠪᠠᠨ ᠲᠠᠭᠤᠯᠠᠬᠤ ᠦᠭᠡᠢ ᠪᠣᠯ ᠠᠯᠠᠬ ᠲᠡᠯᠡᠭᠡᠢ ᠣᠶᠠᠩᠭ᠎ᠠ᠎ᠪᠠᠷ ᠲᠣᠲᠠᠨ᠎ᠠ》 ᠭᠡᠵᠦ᠍ ᠲᠠᠭᠤᠯᠠᠬ᠍ᠰᠠᠨᠴᠢᠯᠠᠨ ᠪᠢᠳᠡ ᠪᠠᠶᠠᠷᠯᠠᠬᠤ᠎ᠳᠠᠭᠠᠨ ᠲᠠᠭᠤᠯᠠᠵᠦ᠍᠂ ᠭᠤᠨᠢᠬ᠍ᠰᠠᠨ ᠴᠠᠬ᠎ᠲᠠᠭᠠᠨ ᠲᠠᠭᠤᠯᠠᠵᠦ᠍᠂ ᠣᠢ᠌ᠳᠭᠠᠷᠯᠠᠵᠦ᠍ ᠮᠦᠷᠦᠭᠡᠳᠬᠦ ᠳ᠋ᠡᠭᠡᠨ ᠴᠦ᠍ ᠲᠠᠭᠤᠯᠠᠬᠣ ᠪᠦᠭᠡᠳ ᠣᠯᠠᠭᠣᠯᠠ ᠴᠣᠬᠯᠠᠷᠠᠵᠦ ᠨᠠᠷᠬᠢᠯᠲᠣᠬᠣ ᠳ᠋ᠠᠭᠠᠨ ᠴᠦ᠍ ᠲᠠᠭᠣᠯᠠᠲᠠᠬ᠃

ᠨᠣᠮ ᠲᠠᠷᠬᠠᠭᠠᠬᠣ ᠶᠣᠰᠣᠯᠠᠯ ᠳ᠋ᠦ ᠣᠷᠣᠯᠴᠠᠬᠰᠠᠨ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠫᠷᠣᠹᠸᠰᠰᠣᠷ ᠬᠦᠷᠡᠯᠱᠠ 《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠭᠡᠬᠦ ᠨᠣᠮ ᠨᠢ ᠲᠠᠷᠬᠠᠨ ᠲᠠᠭᠣᠴᠢᠨ ᠴᠠᠭᠠᠨᠪᠠᠷᠰ ᠶ᠋ᠢᠡᠷ ᠰᠣᠲᠣᠯᠣᠬᠲᠠᠬᠣᠨ ᠪᠣᠯᠭᠠᠵᠦ᠂ ᠲᠡᠬᠦᠨ᠎ᠤ ᠦᠰᠴᠦ ᠲᠦᠷᠦᠭᠰᠡᠨ ᠣᠷᠴᠢᠨ ᠠᠬᠣᠢ ᠡᠴᠡ ᠪᠠᠨ ᠷᠢᠳᠢ ᠰᠢᠲᠢ᠎ᠶᠢ ᠣᠯᠵᠦ᠂ ᠠᠷᠠᠳ᠎ᠤᠨ ᠲᠠᠭᠣᠣ ᠭᠡᠬᠦ ᠰᠣᠶᠣᠯ᠎ᠤᠨ ᠦᠪ ᠶ᠋ᠢᠡᠷ ᠨᠠᠰᠣᠨ᠎ᠤ ᠬᠦᠭᠡᠭᠡᠴᠡᠯᠲᠦᠯ ᠪᠣᠯᠭᠠᠬᠰᠠᠨ᠎ᠢ ᠰᠣᠲᠣᠯᠵᠦ᠂ ᠲᠠᠭᠣᠯᠠᠬᠰᠠᠨ ᠲᠠᠭᠣᠣ᠎ᠶᠢ ᠨᠢ ᠴᠢᠲᠠᠬᠣ᠎ᠶᠢᠨ ᠬᠢᠷᠢ ᠪᠦᠷᠢᠨ ᠴᠣᠬᠯᠠᠭᠣᠯᠦᠨ ᠲᠦᠷᠦᠯᠰᠢᠬᠦᠯᠦᠨ ᠵᠠᠲᠠᠯᠵᠣ᠂ 《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ᠎ᠤᠨ ᠣᠷᠣᠨ ᠵᠠᠢ᠎ᠶᠢᠨ ᠬᠣᠭᠣᠰᠣᠨ᠎ᠢ ᠨᠦᠬᠦᠪᠦᠷᠢᠯᠡᠵᠦ᠂ ᠰᠣᠲᠣᠯᠭᠠᠨ᠎ᠤ ᠬᠦᠷᠢᠶ᠎ᠡ᠎ᠶᠢ ᠦᠷᠭᠡᠵᠢᠬᠦᠯᠦᠨ ᠲᠡᠯᠡᠭᠰᠡᠨ》 ᠭᠡᠵᠦ ᠦᠨᠳᠦᠷ ᠦᠨᠡᠯᠡᠭᠰᠡᠨ ᠪᠠᠢᠨ᠎ᠠ᠃

《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠭᠡᠬᠦ ᠨᠣᠮ ᠨᠢ ᠴᠠᠭᠠᠨᠪᠠᠷᠰ᠎ᠤᠨ ᠲᠠᠭᠣᠯᠠᠬᠣ ᠣᠷᠠᠯᠢᠬ᠎ᠤᠨ ᠲᠣᠬᠠᠢ ᠨᠠᠷᠢᠨ ᠰᠣᠲᠣᠯᠣᠯ ᠬᠢᠵᠦ᠂ ᠠᠷᠠᠳ᠎ᠤᠨ ᠲᠠᠭᠣᠣ᠎ᠶᠢ ᠣᠯᠠᠮᠵᠢᠯᠠᠨ ᠲᠠᠭᠣᠯᠠᠬᠣ ᠲᠠᠯ᠎ᠠ ᠪᠡᠷ 《ᠭᠣᠷᠪᠠᠨ ᠣᠶᠠᠯᠲᠣᠯ》᠂ 《ᠲᠦᠷᠪᠡᠨ ᠰᠢᠨᠵᠢ》 ᠵᠡᠷᠭᠡ ᠵᠦᠢᠯᠡᠰ᠎ᠢ ᠰᠢᠨ᠎ᠡ ᠪᠡᠷ ᠲᠣᠷᠠᠳᠴᠣ᠂ ᠣᠷᠲᠣ᠎ᠶᠢᠨ ᠲᠠᠭᠣᠣ᠂ ᠪᠣᠭᠣᠨᠢ ᠲᠠᠭᠣᠣ ᠪᠠ ᠲᠣᠣᠯᠢ ᠲᠠᠭᠣᠣ᠎ᠶᠢ ᠲᠠᠷᠬᠠᠨ ᠲᠠᠭᠣᠴᠢᠨ ᠮᠠᠨᠢ ᠬᠡᠷᠬᠢᠨ ᠲᠠᠭᠣᠯᠠᠵᠦ ᠪᠠᠢᠬᠰᠠᠨ ᠵᠢᠴᠢ ᠦᠯᠢᠭᠡᠷᠲᠦ ᠲᠠᠭᠣᠣ ᠪᠣᠯᠣᠨ ᠲᠣᠣᠯᠢ ᠲᠠᠭᠣᠣ᠎ᠶᠢᠨ ᠦᠨᠳᠦᠰᠦᠨ ᠢᠯᠭᠠᠭ᠎ᠠ᠎ᠶᠢ ᠲᠣᠲᠣᠯᠠᠬᠣ᠎ᠶᠢ ᠵᠣᠷᠢᠵᠠᠢ᠃ ᠴᠠᠭᠠᠨᠪᠠᠷᠰ᠎ᠤᠨ ᠵᠣᠬᠢᠶᠠᠨ ᠪᠦᠲᠦᠭᠡᠬᠦ ᠴᠢᠲᠠᠪᠣᠷᠢ᠎ᠶᠢᠨ ᠲᠣᠬᠠᠢ ᠰᠣᠲᠣᠯᠵᠦ᠂ ᠠᠷᠠᠳ᠎ᠤᠨ ᠣᠷᠠᠯᠢᠬᠴᠢᠨ ᠪᠣᠯᠣᠨ ᠠᠷᠠᠳ᠎ᠤᠨ ᠲᠠᠭᠣᠴᠢᠳ ᠠᠷᠠᠳ᠎ᠤᠨ ᠲᠠᠭᠣᠣ᠎ᠶᠢ ᠣᠯᠠᠮᠵᠢᠯᠠᠬᠣ ᠳ᠋ᠠᠭᠠᠨ ᠦᠪᠡᠷ᠎ᠤᠨ ᠶ᠋ᠢᠡᠨ ᠣᠬᠠᠭᠠᠨ ᠶ᠋ᠢᠡᠷ ᠣᠯᠠᠮᠵᠢᠯᠠᠲᠠᠬ ᠪᠦᠭᠡᠳ ᠶᠠᠮᠠᠷ ᠨᠢᠭᠡᠨ ᠲᠣᠮᠢᠶᠠᠴᠢᠯᠠᠯ ᠳ᠋ᠦ ᠦᠯᠦ ᠪᠠᠷᠢᠬᠲᠠᠲᠠᠬ ᠭᠡᠰᠡᠨ᠎ᠢ ᠦᠵᠡᠬᠦᠯᠦᠬᠰᠠᠨ ᠪᠠᠢᠨ᠎ᠠ᠃ ᠪᠠᠰᠠ ᠴᠠᠭᠠᠨᠪᠠᠷᠰ᠎ᠤᠨ ᠲᠠᠭᠣᠣ ᠲᠠᠭᠣᠯᠠᠬᠣ ᠦᠶ᠎ᠡ᠎ᠶᠢᠨ ᠰᠡᠳᠬᠢᠯ᠎ᠤᠨ ᠬᠦᠲᠡᠯᠭᠡᠭᠡᠨ᠎ᠤ ᠵᠢᠷᠣᠬᠯᠠᠯ ᠵᠡᠷᠭᠡ ᠰᠢᠨ᠎ᠡ ᠵᠦᠢᠯᠡᠰ᠎ᠢ ᠲᠣᠲᠣᠷᠬᠠᠢᠯᠠᠨ ᠭᠠᠷᠭᠠᠵᠦ᠂ ᠠᠷᠠᠳ᠎ᠤᠨ ᠠᠮᠠᠨ ᠵᠣᠬᠢᠶᠠᠯ ᠪᠠ ᠬᠦᠭᠵᠢᠮ ᠵᠦᠢ᠎ᠶᠢᠨ ᠰᠣᠲᠣᠯᠭᠠᠨ᠎ᠢ ᠣᠶᠠᠯᠲᠣᠭᠣᠯᠣᠨ ᠠᠷᠠᠳ᠎ᠤᠨ ᠠᠮᠠᠨ ᠵᠣᠬᠢᠶᠠᠯ᠎ᠤᠨ ᠰᠣᠲᠣᠯᠭᠠᠨ᠎ᠤ ᠬᠦᠷᠢᠶᠡᠨ ᠳ᠋ᠡᠬᠢ ᠰᠢᠨ᠎ᠡ ᠣᠷᠣᠯᠲᠣᠯᠭ᠎ᠠ ᠬᠢᠭᠰᠡᠨ ᠨᠢ ᠦᠨᠡᠯᠡᠬᠦᠰᠢᠲᠡᠢ᠃ ᠬᠦᠭᠵᠢᠮ ᠵᠦᠢ᠎ᠶᠢᠨ ᠰᠣᠲᠣᠯᠭ᠎ᠠ ᠪᠡᠷ ᠠᠷᠠᠳ᠎ᠤᠨ ᠲᠠᠭᠣᠴᠢᠨ ᠴᠠᠭᠠᠨᠪᠠᠷᠰ᠎ᠤᠨ ᠲᠠᠭᠣᠯᠠᠬᠰᠠᠨ ᠲᠠᠭᠣᠣ ᠳ᠋ᠦ ᠨᠠᠷᠢᠨ ᠵᠠᠲᠠᠯᠣᠯᠲᠠ ᠬᠢᠭᠰᠨᠨ ᠨᠢ ᠬᠦᠮᠦᠨ ᠲᠦᠷᠦᠯᠬᠢᠲᠡᠨ᠎ᠤ ᠠᠮᠢᠲᠣᠷᠠᠯ᠎ᠤᠨ ᠪᠦᠬᠦ ᠶᠠᠪᠣᠴᠠ ᠳ᠋ᠦ ᠵᠡᠷᠭᠡᠴᠡᠡ ᠣᠷᠣᠰᠢᠲᠠᠬ ᠠᠷᠠᠳ᠎ᠤᠨ ᠲᠠᠭᠣᠣ ᠭᠡᠬᠦ ᠰᠣᠶᠣᠯ᠎ᠤᠨ ᠦᠪ᠎ᠢ ᠠᠮᠠᠨ ᠵᠣᠬᠢᠶᠠᠯ — ᠬᠦᠭᠵᠢᠮ ᠵᠦᠢ — ᠣᠨᠣᠯ ᠵᠦᠢ ᠭᠡᠬᠦ ᠪᠦᠲᠦᠴᠡ ᠪᠡᠷ ᠲᠣᠬᠢᠷᠠᠭᠣᠯᠣᠬᠰᠠᠨ ᠪᠠᠢᠨ᠎ᠠ᠃ ᠲᠣᠰ ᠨᠣᠮ ᠣᠯᠠᠮᠵᠢᠯᠠᠯ᠎ᠢ ᠪᠠᠷᠢᠮᠲᠠᠯᠠᠬᠰᠠᠨ ᠶ᠋ᠢᠡᠷ ᠦᠨ᠎ᠡ ᠴᠠᠨ᠎ᠠ ᠲᠠᠢ᠂ ᠣᠲᠣᠬᠢ ᠳ᠋ᠦ ᠦᠢᠯᠡᠴᠢᠯᠡᠭᠰᠨᠨ ᠶ᠋ᠢᠡᠷ ᠣᠳᠬ᠎ᠠ ᠠᠭᠣᠯᠭ᠎ᠠ ᠲᠠᠢ᠂ ᠬᠣᠪᠣᠷ ᠨᠠᠨᠳᠢᠨ ᠮᠠᠲ᠋ᠸᠷᠢᠶᠠᠯ ᠬᠠᠩᠭᠠᠬᠰᠠᠨ ᠶ᠋ᠢᠡᠷ ᠡᠷᠬᠢᠮᠰᠦᠭ᠂ ᠬᠠᠭᠣᠴᠢᠨ ᠬᠢᠭᠡᠳ ᠰᠢᠨ᠎ᠡ᠎ᠶᠢ ᠣᠶᠠᠯᠲᠣᠭᠣᠯᠣᠬᠰᠠᠨ ᠶ᠋ᠢᠡᠷ ᠶ᠋ᠢᠡᠨ ᠶᠡᠬᠡᠮᠰᠦᠭ ᠪᠣᠯᠵᠦ ᠴᠢᠳᠠᠵᠠᠢ᠃


QQ截图20250224163936.png


ᠬᠦᠷᠢᠶ᠎ᠠ ᠬᠤᠰᠢᠭᠤᠨ᠎ᠤ ᠯᠤᠪᠵᠢᠨ ᠨᠠᠰᠤᠳᠠᠨ᠎ᠢ ᠰᠤᠷᠪᠤᠯᠵᠢᠯᠠᠪᠡ


ᠲᠠᠭᠣᠯᠠᠵᠦ ᠶᠠᠪᠣᠪᠠᠯ ᠲᠡᠭᠷᠢ ᠪᠠᠶᠠᠰᠣᠨ᠎ᠠ᠂ ᠲᠣᠪᠲᠣᠯᠵᠦ ᠶᠠᠪᠣᠪᠠᠯ ᠭᠠᠵᠠᠷ ᠪᠠᠶᠠᠰᠣᠨ᠎ᠠ᠃ ᠨᠣᠮ ᠲᠠᠷᠬᠠᠭᠠᠬᠣ ᠶᠣᠰᠣᠯᠠᠯ ᠳ᠋ᠦ ᠣᠷᠣᠯᠴᠠᠬᠰᠠᠨ ᠦᠪᠦᠷ ᠮᠣᠩᠭᠣᠯ᠎ᠤᠨ ᠣᠷᠠᠯᠢᠬ᠎ᠤᠨ ᠲᠡᠭᠡᠲᠦ ᠰᠣᠷᠭᠠᠭᠣᠯᠢ᠎ᠶᠢᠨ ᠪᠣᠲᠠᠰ᠎ᠤᠨ ᠪᠣᠰᠣ ᠰᠣᠶᠣᠯ᠎ᠤᠨ ᠦᠪ᠎ᠤᠨ ᠲᠡᠭᠡᠲᠦ ᠰᠣᠷᠭᠠᠭᠣᠯᠢ᠎ᠶᠢᠨ ᠫᠷᠣᠹᠸᠰᠰᠣᠷ ᠱᠢ ᠶᠦᠩ ᠴᠢᠩ᠂ 《ᠲᠠᠷᠬᠠᠨ ᠲᠠᠭᠣᠴᠢᠨ ᠴᠠᠭᠠᠨᠪᠠᠷᠰ᠎ᠤᠨ ᠰᠣᠲᠣᠯᠣᠯ》 ᠬᠡᠮᠡᠬᠦ ᠨᠣᠮ ᠬᠡᠪᠯᠡᠭᠲᠡᠭᠰᠡᠨ ᠨᠢ ᠬᠣᠷᠴᠢᠨ ᠠᠷᠠᠳ᠎ᠤᠨ ᠲᠠᠭᠣᠣ᠎ᠶᠢᠨ ᠰᠣᠲᠣᠯᠣᠯ ᠲᠡᠷᠡᠴᠢᠯᠡᠨ ᠪᠦᠬᠦᠢ ᠯᠡ ᠮᠣᠩᠭᠣᠯ ᠠᠷᠠᠳ᠎ᠤᠨ ᠲᠠᠭᠣᠣ᠎ᠶᠢᠨ ᠰᠣᠲᠣᠯᠣᠯ ᠳ᠋ᠦ ᠦᠨ᠎ᠡ ᠴᠡᠨ᠎ᠡ ᠲᠠᠢ ᠮᠠᠲ᠋ᠸᠷᠢᠶᠠᠯ ᠬᠠᠩᠭᠠᠬᠰᠠᠨ ᠪᠦᠭᠡᠳ ᠣᠨᠣᠯ᠎ᠤᠨ ᠠᠴᠢ ᠬᠣᠯᠪᠣᠬᠲᠠᠯ ᠲᠠᠢ ᠶᠣᠮ ᠭᠡᠵᠦ ᠦᠨᠡᠯᠡᠵᠡᠢ᠃

ᠦᠵᠡᠬᠦᠯᠭᠡ᠎ᠶᠢᠨ ᠲᠣᠬᠯᠠᠯᠲᠠ ᠦᠨᠳᠦᠷᠯᠡᠬᠦ ᠳ᠋ᠦ ᠠᠷᠪᠠᠨ ᠴᠠᠬ ᠣᠢᠷᠠᠲᠣᠵᠦ ᠪᠠᠢᠯ᠎ᠠ᠃ ᠭᠠᠲᠠᠨ᠎ᠠ ᠭᠠᠷᠪᠠᠯ ᠨᠠᠮᠣᠷ᠎ᠤᠨ ᠵᠢᠭᠡᠬᠦᠨ ᠳ᠋ᠦ ᠲᠠᠬᠵᠢᠵᠦ ᠪᠡᠭᠡᠷᠡᠭᠰᠡᠨ ᠣᠲᠣᠳ ᠠᠷᠠᠳ᠎ᠤᠨ ᠲᠠᠭᠣᠣ᠎ᠶᠢᠨ ᠴᠡᠩᠭᠡᠷ ᠠᠶᠠᠰ ᠲᠦ᠍ ᠰᠣᠬᠲᠣᠭᠣᠷᠠᠬᠰᠠᠨ ᠮᠡᠲᠦ ᠬᠠᠶᠠ ᠭᠡᠷᠡᠯᠲᠦᠵᠦ ᠬᠠᠶᠠ ᠪᠦᠲᠡᠬᠢᠷᠡᠵᠦ ᠬᠠᠷᠠᠭᠲᠠᠨ᠎ᠠ᠃ ᠶᠡᠬᠡ ᠣᠯᠠᠮᠵᠢᠯᠠᠯ᠎ᠤᠨ ᠲᠠᠰᠣᠷᠠᠰᠢ ᠦᠭᠡᠢ ᠦᠷᠬᠦᠯᠵᠢᠯᠡᠯ ᠪᠣᠯᠣᠬᠰᠠᠨ ᠠᠷᠠᠳ᠎ᠤᠨ ᠲᠠᠭᠣᠣ ᠠᠯᠣᠰ᠎ᠤᠨ ᠠᠯᠣᠰ ᠲᠦ᠍ ᠬᠠᠩᠬᠢᠨᠠᠨ ᠴᠣᠣᠷᠢᠶᠠᠲᠣᠬᠰᠠᠭᠠᠷ᠄

《ᠣᠷᠭᠣᠵᠦ ᠭᠠᠷᠬᠣ ᠨᠠᠷᠠᠨ᠎ᠤ ᠭᠡᠷᠡᠯ

ᠦᠵᠦᠮ᠎ᠤᠨ ᠴᠡᠴᠡᠭ ᠲᠡᠯᠭᠡᠷᠡᠭᠰᠡᠨ ᠮᠡᠲᠦ

ᠦᠯᠡᠮᠵᠢ ᠪᠣᠶᠠᠨᠲᠣ ᠲᠠᠨ᠎ᠤ ᠪᠠᠨ ᠡᠮᠦᠨ᠎ᠡ

ᠣᠶᠠᠩᠭᠠᠯᠠᠵᠦ ᠰᠢᠯᠦᠭᠯᠡᠵᠦ ᠲᠠᠭᠣᠯᠠᠶ᠎ᠠ ᠪᠢᠳᠡ ᠁》

( ᠨᠡᠷ᠎ᠡ ᠬᠠᠲᠠᠬᠰᠠᠨ ᠡᠴᠡ ᠪᠣᠰᠣᠳ ᠭᠡᠷᠡᠯ ᠵᠢᠷᠣᠬ᠎ᠤ᠋ᠤᠨ᠎ᠢ ᠪᠦᠷᠢᠨᠪᠠᠶᠠᠷ ᠬᠠᠩᠭᠠᠪᠠ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号