ᠡᠭᠡᠭᠡ ᠯᠠ ᠪᠢ
ᠠᠳᠡᠭᠦᠦ ᠰᠠᠨᠠᠭ᠍ᠰᠠᠨ ᠦᠭᠡᠢ ᠪᠣᠯ
ᠡᠬᠡ ᠣᠷᠣᠨ ᠭᠡᠳᠡᠭ ᠦᠭᠡᠨ᠎ᠤ
ᠡᠬᠢᠯᠡᠯᠲᠡ᠎ᠶ᠋ᠢᠨ ᠮᠥᠷ
ᠡᠵᠢ᠎ᠶ᠋ᠢᠨ ᠮᠢᠨᠢ ᠰᠡᠳᠭᠢᠯ᠎ᠠᠴᠠ ᠤᠨᠳᠤᠷᠤᠭ᠍ᠰᠠᠨ
ᠡᠭᠡᠯ ᠵᠢᠷ᠎ᠤᠨ ᠬᠥᠳᠡᠭᠡ ᠵᠢᠨ ᠠᠷᠠᠨᠱᠢᠨ
ᠨᠠᠷᠠᠲᠠᠢ ᠬᠤᠷ᠎ᠠ᠎ᠲᠠᠢ ᠳᠡᠯᠡᠬᠡᠢ᠎ᠳᠤ
ᠨᠡᠭᠦᠳᠡᠯ᠎ᠢᠶᠠᠨ ᠳᠠᠭᠠᠵᠤ ᠴᠠᠯᠭᠢᠯᠠᠭ᠍ᠰᠠᠨ
ᠨᠠᠯᠠᠭᠠᠷᠬᠠᠨ ᠨᠤᠲᠤᠭ᠎ᠤᠨ ᠡᠷᠬᠡ ᠬᠤᠩᠭᠤᠷ ᠠᠶᠠᠯᠭᠤ
ᠳᠠᠭᠤᠤ ᠮᠢᠨᠢ ᠬᠦᠷᠲᠡᠯ᠎ᠡ ᠤᠯᠠᠷᠢᠯ᠎ᠢᠶᠠᠨ ᠴᠢᠪᠬᠠᠳᠠᠵᠤ
ᠳᠤᠷᠠᠳᠭᠠᠯ ᠪᠦᠬᠦᠨ᠎ᠢ ᠨᠥᠬᠦᠭ᠌ᠰᠡᠨ
ᠴᠠᠭ ᠵᠠᠢ ᠦᠭᠡᠢ ᠰᠣᠨᠣᠰᠳᠠᠬᠤ ᠪᠠᠢᠭᠠᠯᠢ᠎ᠶ᠋ᠢᠨ ᠬᠠᠯᠭᠢᠶ᠎ᠠ
ᠴᠢᠮᠡᠭᠡ ᠴᠢᠩᠨᠠᠨ
ᠰᠥᠨᠢ᠎ᠶ᠋ᠢᠨ ᠬᠠᠷᠠᠩᠭᠤᠢ᠎ᠶ᠋ᠢᠨ ᠠᠶᠤᠳᠠᠰᠤ᠎ᠶ᠋ᠢ ᠦᠷᠭᠦᠭᠡᠵᠦ᠍
ᠬᠤᠲᠠᠨᠤ ᠵᠠᠬ᠎ᠠ᠎ᠶ᠋ᠢᠨ ᠮᠠᠨᠠᠭᠣᠣᠯ ᠢᠲᠡᠭᠡᠭ᠌ᠰᠡᠨ
ᠮᠠᠯᠴᠢᠨ᠎ᠤ ᠠᠮᠤᠭᠤᠯᠠᠩ ᠰᠠᠨᠠᠭ᠎ᠠ
ᠬᠠᠭᠤᠷᠲᠠᠭᠠᠳ ᠬᠠᠨᠤᠬᠤ ᠦᠭᠡᠢ
ᠳᠤᠷᠠᠯᠠᠯ᠎ᠤᠨ ᠠᠮᠲᠠᠲᠤ ᠰᠠᠷᠬᠤᠳ
ᠬᠠᠷᠠᠭᠠᠨ ᠵᠦᠭ ᠠᠷᠯᠠᠭ᠍ᠰᠠᠨ ᠬᠠᠢᠷ᠎ᠠ ᠬᠦᠷᠬᠦ᠌
ᠡᠩᠬᠦᠷᠡᠢ ᠵᠢᠭᠠᠬᠠᠨ ᠤᠯᠠᠭᠠᠨᠨᠠᠭᠤᠷ᠎ᠤᠨ ᠵᠡᠭᠦᠳᠦ᠍᠎ᠨᠢ ᠪᠣᠯᠪᠠᠴᠤ᠌
ᠨᠠᠳᠠ᠎ᠳᠤ ᠳᠣᠲᠣᠨᠣᠬᠠᠨ ᠲᠤᠨᠤᠷᠠᠬᠤ᠎ᠪᠠᠷ
ᠥᠷᠥᠪᠴᠢᠬᠡᠨ ᠪᠣᠳᠣᠯ ᠮᠢᠨᠢ ᠮᠢᠩᠭ᠎ᠠ ᠲᠦᠮᠡ ᠳᠠᠬᠢᠨ ᠤᠯᠠᠷᠢᠨ
ᠬᠤᠷᠤᠭᠤᠨ᠎ᠤ ᠵᠠᠪᠰᠠᠷ᠎ᠢᠶᠠᠷ ᠭᠢᠯᠠᠰᠤᠨᠠ
ᠲᠡᠷᠭᠡᠯ ᠰᠠᠷᠠᠨ᠎ᠤ ᠭᠦᠢᠬᠡᠨ ᠲᠤᠶᠠᠭ᠎ᠠ
ᠭᠠᠭ᠍ᠴᠠᠭᠠᠷᠳᠠᠯᠢ ᠮᠢᠨᠢ ᠮᠠᠷᠲᠠᠭᠤᠯᠤᠨ ᠢᠰᠪᠡᠯᠵᠡᠬᠦ᠌ᠳᠤ
ᠡᠬᠡ ᠪᠠᠢᠭᠠᠯᠢ ᠨᠠᠮᠠᠶ᠋ᠢ ᠤᠷᠤᠪᠴᠢᠬᠠᠨ ᠦᠭᠡ᠎ᠪᠠᠷ ᠵᠦᠢᠵᠦ᠍
ᠦᠯᠢᠭᠡᠷ᠎ᠤᠨ ᠬᠥᠭ ᠳᠡᠭᠡᠷ᠎ᠡ
ᠥᠪᠡᠷ᠎ᠢ ᠮᠢᠨᠢ ᠮᠣᠷᠢ ᠱᠢᠭ᠋ ᠠᠷᠭᠠᠮᠵᠢᠨ᠎ᠠ
ᠬᠡᠯᠡᠪᠡᠯ ᠪᠢ
ᠬᠡᠨ ᠴᠤ᠌ ᠣᠢᠯᠠᠭᠠᠬᠤ ᠦᠭᠡᠢ ᠬᠡᠭᠡᠷ᠎ᠡ᠎ᠶ᠋ᠢᠨ ᠵᠠᠳᠠᠭᠠᠢ ᠰᠠᠯᠬᠢᠨ᠎ᠤ
ᠬᠡᠮᠵᠢᠵᠦ᠍ ᠴᠢᠳᠠᠬᠤ ᠦᠭᠡᠢ ᠲᠤᠮᠢᠶᠠᠯᠠᠯ᠂ ᠬᠦᠰᠡᠵᠦ᠍ ᠭᠦᠢᠴᠡᠬᠦ᠌ ᠦᠭᠡᠢ
ᠬᠡᠮᠡᠷᠯᠢᠭ ᠲᠣᠷᠭᠠᠨ ᠳᠤᠷᠠᠰᠤᠯ ᠰᠠᠨ
ᠡᠬᠡ ᠣᠷᠣᠨ ᠮᠢᠨᠢ!