ᠬᠦᠯᠦᠭ ᠮᠢᠨᠢ ᠵᠢᠬᠦᠷ ᠮᠢᠨᠢ
2025-10-22 10:59:46
ᠵᠣᠬᠢᠶᠠᠭ᠍ᠴᠢ᠄
ᠳ᠋᠊·ᠪᠠᠭᠠᠳᠤᠷ
ᠣᠩᠱᠢᠭ᠍ᠰᠠᠨ ᠣᠳᠠᠭ᠎ᠠ᠄
★★★☆☆

1981 ᠤᠨ᠎ᠳᠤ ᠬᠦᠷᠦᠷᠠᠭ᠍ᠴᠠ᠎ᠶ᠋ᠢ ᠰᠠᠨᠰᠠᠷ᠎ᠲᠤ ᠨᠢᠰᠭᠦ ᠦᠶ᠎ᠡ᠎ᠳᠤ ᠪᠢ ᠨᠢᠭᠡᠲᠦᠭᠡᠷ ᠠᠩᠭᠢ᠎ᠶ᠋ᠢᠨ ᠤᠶᠤᠲᠠᠨ ᠪᠠᠢᠭ᠍ᠰᠠᠨ ᠶᠤᠮ᠃ ᠲᠡᠷᠡ ᠪᠢᠲᠡ ᠬᠤᠶᠠᠷ᠎ᠤᠨ ᠬᠡᠨ ᠬᠡᠨ᠎ᠨᠢ ᠲᠤᠰᠠ᠎ᠳᠤ ᠤᠷᠤᠮᠠᠭ᠍ᠴᠠ᠎ᠪᠠᠨ ᠮᠤᠷᠢ ᠤᠨᠤᠵᠤ ᠬᠤᠨᠢ ᠦᠭᠡᠷ᠎ᠢᠶᠠᠨ ᠬᠠᠷᠢᠭᠤᠯᠵᠤ ᠶᠠᠪᠤᠭ᠍ᠰᠠᠨ ᠬᠦᠲᠡᠭᠡ᠎ᠶ᠋ᠢᠨ ᠬᠦᠤ ᠠᠭ᠍ᠰᠠᠨ ᠴᠤ᠌ ᠮᠤᠩᠭᠤᠯ᠎ᠤᠨ ᠠᠩᠬᠠᠨ᠎ᠤ ᠰᠠᠨᠰᠠᠷᠴᠢᠨ ᠲᠡᠷᠡᠪᠡᠷ 《союз-39》 ᠬᠦᠯᠭᠡ᠎ᠳᠤ ᠰᠠᠭᠤᠵᠤ 《ᠵᠢᠷᠦᠬᠡᠨ᠎ᠡ ᠬᠤᠯᠪᠤᠭᠠᠲᠠᠢ ᠲᠡᠯᠡᠬᠡᠢ》᠎ᠪᠠᠨ᠂ ᠰᠡᠳᠭᠢᠯ ᠵᠢᠷᠦᠬᠡᠨ᠎ᠳᠤᠨᠢ ᠰᠦᠮᠪᠦᠷᠯᠡᠭ᠌ᠰᠡᠨ ᠬᠦᠭᠡᠨ᠎ᠡ ᠬᠠᠨ ᠠᠭᠤᠯᠠ᠎ᠪᠠᠨ ᠴᠡᠩᠭᠡᠷ ᠰᠠᠨᠰᠠᠷ᠎ᠠᠴᠠ ᠬᠠᠯᠢᠶᠠᠵᠤ ᠶᠠᠪᠤᠭ᠍ᠰᠠᠨ ᠪᠠᠢᠬᠤ᠎ᠳᠤ ᠪᠢ ᠭᠡᠲᠡᠭ ᠠᠮᠢᠲᠠᠨ ᠬᠤᠪᠲᠤ᠎ᠶ᠋ᠢᠨ ᠲᠠᠪᠠᠭᠠᠨ᠎ᠤ ᠠᠷᠤ ᠬᠤᠷᠮᠤᠢ᠎ᠶ᠋ᠢᠨ ᠤᠷᠲᠤ ᠴᠠᠭᠠᠨ ᠬᠦᠨᠲᠡᠢ᠎ᠳᠤ ᠷᠠᠳᠢᠤ᠋ ᠰᠤᠨᠤᠰᠴᠤ᠌ ᠬᠦᠭᠡ ᠲᠡᠭ᠌ᠷᠢ ᠦᠭᠡᠲᠡ ᠬᠦᠯᠢᠷᠡᠰᠭᠢᠨ ᠬᠠᠮᠢᠭ᠎ᠠ ᠨᠢᠭᠡᠨᠲᠡᠭᠡ ᠨᠢᠰᠴᠤ᠌ ᠶᠠᠪᠤᠭ᠎ᠠ ᠲᠡᠷᠡ ᠬᠦᠴᠦᠲᠤ ᠬᠦᠯᠭᠡ᠎ᠶ᠋ᠢ ᠤᠯᠤᠭᠠᠳ ᠬᠠᠷᠠᠴᠢᠬᠠᠬᠤ ᠠᠶᠠᠲᠠᠢ ᠲᠡᠨᠡᠭ᠌ᠯᠡᠵᠤ ᠪᠠᠢᠵᠤ ᠪᠢᠯᠡ᠃ ᠬᠡᠵᠢᠶ᠎ᠡ ᠬᠤᠢᠨ᠎ᠠ 2019 ᠤᠨ᠎ᠤ 7 ᠰᠠᠷ᠎ᠠ᠎ᠳᠤ ᠮᠤᠩᠭᠤᠯ᠎ᠤᠨ ᠪᠠᠷᠠᠭᠤᠨ ᠬᠢᠵᠠᠭᠠᠷ ᠤᠷᠤᠭᠤ ᠠᠶᠠᠯᠠᠬᠤ᠎ᠳᠠᠭᠠᠨ ᠬᠦᠷᠦᠷᠠᠭ᠍ᠴᠠ᠎ᠶ᠋ᠢᠨ ᠲᠦᠷᠦᠭ᠌ᠰᠡᠨ ᠨᠤᠲᠤᠭ — ᠪᠣᠯᠠᠭᠠᠨ ᠠᠢᠮᠠᠭ᠎ᠤᠨ ᠭᠣᠷᠪᠠᠨᠪᠣᠯᠠᠬ ᠰᠤᠮᠤ᠎ᠪᠠᠷ ᠲᠠᠭᠠᠷᠢᠯ᠎ᠠ᠃ ᠪᠠᠭᠠᠬᠠᠨ ᠠᠲᠠᠯ᠎ᠠ᠎ᠪᠠᠨ ᠮᠠᠰᠢ ᠴᠡᠭ᠌ᠴᠡ᠎ᠲᠠᠢ ᠰᠠᠢᠬᠠᠨ ᠪᠠᠢᠷᠢᠯᠠᠭᠤᠯᠤᠭ᠍ᠰᠠᠨ ᠡᠩᠨᠡᠭᠡ ᠡᠩᠨᠡᠭᠡ ᠮᠤᠲᠤᠨ ᠪᠠᠢᠱᠢᠩ᠎ᠤᠳ᠎ᠲᠠᠢ ᠲᠡᠷᠡ ᠰᠤᠮᠤ᠎ᠶ᠋ᠢᠨ ᠲᠦᠪ᠎ᠢ ᠲᠡᠬᠦᠨ᠎ᠤ ᠰᠠᠨᠰᠠᠷ᠎ᠲᠤ ᠨᠢᠰᠦᠭ᠌ᠰᠡᠨ᠎ᠤ ᠲᠤᠷᠠᠰᠭᠠᠯ᠎ᠳᠤ ᠵᠤᠷᠢᠭᠤᠯᠵᠤ᠂ ᠵᠦᠪᠯᠡᠯᠲᠤ ᠨᠦᠬᠦᠳ᠎ᠨᠢ ᠪᠠᠷᠢᠵᠤ ᠦᠭ᠌ᠭᠦᠭ᠌ᠰᠡᠨ ᠶᠤᠮ ᠭᠡᠨ᠎ᠡ᠃ ᠬᠢᠵᠠᠭᠠᠷ ᠦᠭᠡᠢ ᠶᠡᠭᠡ ᠰᠠᠨᠰᠠᠷ᠎ᠲᠤ ᠠᠩᠬᠠᠯᠠᠨ ᠵᠤᠷᠴᠢᠭ᠍ᠰᠠᠨ ᠠᠵᠠ᠎ᠲᠠᠢ ᠮᠤᠩᠭᠤᠯ ᠡᠷ᠎ᠡ ᠲᠡᠷᠡᠪᠡᠷ ᠡᠬᠡ ᠭᠠᠵᠠᠷ ᠲᠡᠭᠡᠷ᠎ᠡ ᠴᠤ᠌ ᠲᠤᠷᠠᠰᠭᠠᠯ᠎ᠢᠶᠠᠨ ᠦᠯᠡᠲᠡᠭᠡᠵᠡᠢ᠃ ᠠᠭᠤᠵᠢᠮ ᠰᠠᠨᠰᠠᠷ᠎ᠢ ᠲᠤᠭᠤᠷᠢᠨ ᠡᠷᠬᠢᠬᠦ᠌᠎ᠳᠡᠭᠡᠨ ᠶᠠᠭᠤ ᠪᠤᠲᠤᠵᠤ ᠶᠠᠪᠤᠭ᠍ᠰᠠᠨ᠎ᠢᠶᠠᠨ ᠲᠡᠷᠡ ᠬᠦᠮᠦᠨ 《ᠵᠢᠷᠦᠬᠡᠨ᠎ᠡ ᠬᠤᠯᠪᠤᠭᠠᠲᠠᠢ ᠲᠡᠯᠡᠬᠡᠢ》 ᠨᠤᠮ᠎ᠳᠠᠭᠠᠨ ᠤᠷᠠᠨ ᠵᠤᠬᠢᠶᠠᠯᠴᠢ ᠬᠦᠮᠦᠨ᠎ᠤ ᠨᠢᠮᠪᠠᠢ ᠰᠡᠳᠭᠢᠮᠵᠢ᠎ᠪᠠᠷ ᠭᠤᠢᠲᠠ ᠰᠠᠢᠬᠠᠨ ᠠᠪᠤᠴᠠᠯᠲᠤᠭ᠎ᠠ᠎ᠲᠠᠢ ᠪᠢᠴᠢᠭ᠌ᠰᠡᠨ ᠰᠡᠨ᠃


QQ20251022-094136.png


ᠲᠡᠷᠡ ᠦᠶ᠎ᠡ᠎ᠳᠤ ᠬᠦᠲᠡᠭᠡ᠎ᠶ᠋ᠢᠨ ᠠᠮᠢᠲᠤᠷᠠᠯ ᠨᠠᠮᠵᠢᠭᠤᠨ ᠲᠠᠢᠪᠤᠩ᠂ ᠬᠠᠶᠠ ᠨᠢᠭᠡ ᠪᠠᠭᠤᠭᠠᠳ ᠭᠠᠷᠲᠠᠭ ᠡᠷᠢᠯ᠎ᠤᠨ ᠬᠦᠮᠦᠨ ᠶᠤᠮ ᠤᠤ ᠠᠷᠠᠰᠤᠨ ᠲᠤᠤᠨᠠᠨ ᠡᠭᠡᠯᠲᠦᠷᠭᠡᠯᠡᠭ᠌ᠰᠡᠨ ᠠᠯᠪᠠᠨ᠎ᠤ ᠭᠠᠭ᠍ᠴᠠ ᠬᠤᠶᠠᠷ ᠺᠠᠳ᠋ᠷ᠎ᠠᠴᠠ ᠬᠤᠯᠠ᠎ᠶ᠋ᠢᠨ ᠰᠤᠷᠠᠭ ᠲᠤᠭᠤᠯᠬᠤ ᠲᠡᠳᠦᠢ ᠬᠤᠪᠢ᠎ᠪᠠᠨ ᠬᠦᠭᠡᠭᠡᠭ᠌ᠰᠡᠨ ᠪᠤᠷᠤ ᠡᠳᠦᠷ᠎ᠤᠳ ᠦᠷᠬᠦᠯᠵᠢᠯᠡᠵᠤ ᠪᠠᠢᠭ᠍ᠰᠠᠨ ᠪᠤᠯᠬᠤᠷ ᠰᠠᠨᠰᠠᠷ᠎ᠲᠤ ᠨᠢᠰᠦᠭ᠌ᠰᠡᠨ ᠮᠤᠩᠭᠤᠯ ᠬᠦᠮᠦᠨ᠎ᠤ ᠲᠤᠬᠠᠢ ᠰᠤᠲᠤᠨ ᠴᠢᠮᠡᠭᠡᠨ᠎ᠳᠤ ᠢᠭ᠌ᠲᠦᠯᠵᠤ ᠪᠠᠢᠭ᠍ᠰᠠᠨ ᠮᠠᠨᠢ ᠦᠨᠡᠨ ᠃ ᠬᠠᠷᠢᠨ ᠵᠠᠯᠠᠭᠤᠬᠠᠨ ᠴᠡᠭᠡᠵᠢᠨ᠎ᠳᠤ ᠮᠢᠨᠢ ᠲᠡᠷᠡ ᠯᠡ ᠦᠶ᠎ᠡ᠎ᠠᠴᠠ ᠬᠦᠪᠦᠷᠡᠵᠤ ᠡᠬᠢᠯᠡᠭ᠌ᠰᠡᠨ ᠮᠦᠷᠦᠭᠡᠲᠦᠯ᠎ᠤᠨ ᠠᠶᠠᠯᠭᠤ ᠨᠠᠲᠠ᠎ᠳᠤ ᠰᠠᠨᠰᠠᠷ᠂ ᠭᠠᠵᠠᠷ ᠬᠤᠶᠠᠷ᠎ᠢ ᠨᠡᠢᠯᠡᠬᠦᠯᠦᠨ ᠰᠡᠳᠭᠢᠵᠤ ᠪᠤᠯᠲᠠᠭ᠎ᠢ ᠮᠡᠲᠡᠷᠡᠬᠦᠯᠵᠤ᠂ ᠬᠦᠪᠡᠭᠡ ᠬᠢᠵᠠᠭᠠᠷ ᠦᠭᠡᠢ ᠡᠬᠡ ᠭᠠᠵᠠᠷ᠎ᠤᠨ ᠲᠦᠪᠱᠢᠨ ᠲᠡᠭᠡᠷ᠎ᠡ ᠡᠴᠡᠵᠤ ᠴᠤᠴᠠᠬᠤ᠎ᠶ᠋ᠢ ᠮᠡᠲᠡᠬᠦ᠌ ᠦᠭᠡᠢ ᠲᠤᠩᠱᠢᠵᠤ᠂ ᠲᠠᠷᠬᠢᠬᠰᠠᠭᠠᠷ ᠮᠤᠩᠭᠤᠯ ᠪᠢᠲᠡᠨ᠎ᠤ ᠠᠮᠢᠲᠤᠷᠠᠯ᠎ᠤᠨ ᠤᠯᠠᠭ᠎ᠠ᠎ᠶ᠋ᠢ ᠵᠠᠯᠭᠠᠭᠤᠯᠵᠤ ᠶᠠᠪᠤᠭ᠍ᠰᠠᠨ ᠨᠠᠮᠬᠠᠨ ᠪᠠᠶᠡᠲᠤ ᠬᠦᠯᠦᠭ ᠮᠤᠷᠢᠨ᠎ᠤ ᠲᠤᠬᠠᠢ ᠨᠠᠮᠬᠠᠷᠠᠰᠢ ᠦᠭᠡᠢ ᠤᠶᠠᠩᠭ᠎ᠠ᠎ᠶ᠋ᠢ ᠴᠢᠪᠬᠠᠲᠠᠭ᠍ᠰᠠᠭᠠᠷ ᠡᠳᠦᠭᠡ ᠬᠦᠷᠦᠭ᠌ᠰᠡᠨ ᠰᠠᠨ᠃

ᠬᠤᠨᠢᠨ᠎ᠳᠤ ᠲᠤᠩᠱᠢᠭᠤᠯᠵᠤ ᠂ ᠦᠭᠡᠷ᠎ᠲᠤ ᠱᠤᠭ᠍ᠰᠢᠭᠤᠯᠵᠤ᠂ ᠴᠢᠷᠭ᠎ᠠ ᠴᠢᠷᠴᠤ ᠲᠡᠷᠭᠡ ᠰᠠᠭᠤᠷᠢᠯᠲᠤᠵᠤ ᠂ ᠢᠯᠬᠢᠨ ᠱᠤᠤᠮᠠᠰᠠ᠎ᠪᠠᠨ ᠭᠠᠨᠵᠤᠭᠠᠯᠠᠨ ᠬᠤᠷᠱᠢᠶ᠎ᠠ ᠰᠠᠭᠤᠷᠢᠨ ᠬᠤᠶᠠᠷ᠎ᠤᠨ ᠬᠤᠭᠤᠷᠤᠨᠳᠤ ᠬᠠᠲᠠᠷᠢᠭᠤᠯᠤᠨ ᠪᠤᠲᠠᠭ᠎ᠠ ᠭᠤᠯᠢᠷ᠂ ᠴᠠᠢ ᠲᠠᠮᠠᠬᠢ ᠂ ᠳ᠋ᠢᠶᠠᠨᠪᠠᠩ᠎ᠤᠨ ᠲᠤᠰᠤ ᠵᠡᠷᠭᠡ ᠠᠮᠢᠵᠢᠷᠠᠭᠠᠨ᠎ᠤ ᠭᠡᠷᠡᠭ᠌ᠴᠡᠭᠡ᠎ᠪᠠᠨ ᠵᠠᠯᠭᠠᠭᠤᠯᠲᠠᠭ ᠪᠠᠢᠭ᠍ᠰᠠᠨ ᠬᠤᠨᠢᠨ᠎ᠤ ᠮᠤᠷᠢ ᠦᠭᠡᠢ᠎ᠪᠠᠷ ᠪᠢᠲᠡᠨ᠎ᠤ ᠪᠠᠭ᠎ᠠ ᠨᠠᠰᠤ ᠲᠦᠰᠦᠭᠡᠯᠡᠭ᠌ᠲᠡᠬᠦ᠌ ᠦᠭᠡᠢ ᠃ ᠬᠤᠷᠱᠢᠶᠠᠨ ᠳ᠋ᠦ ᠶᠠᠪᠤᠭ᠍ᠰᠠᠨ ᠠᠪᠤ᠎ᠶ᠋ᠢᠨ᠎ᠢᠶᠠᠨ ᠢᠷᠡᠬᠦ᠌ ᠵᠦᠭ ᠪᠠᠢᠨ ᠪᠠᠢᠨ ᠨᠢᠲᠤ ᠬᠠᠶᠠᠵᠤ ᠂ ᠡᠪᠦᠷ᠎ᠠᠴᠠ᠎ᠨᠢ ᠭᠠᠷᠤᠭᠠᠳ ᠢᠷᠡᠲᠡᠭ ᠠᠯᠢᠮ᠎ᠠ ᠱᠢᠬᠢᠷ᠎ᠤᠨ ᠠᠮᠲᠠ᠎ᠶ᠋ᠢ ᠪᠤᠲᠤᠩᠬᠠᠨ ᠠᠷᠠᠭᠠᠨ᠎ᠳᠠᠭᠠᠨ ᠱᠢᠯᠦᠰᠤ ᠠᠰᠭᠠᠷᠠᠭᠤᠯᠤᠨ ᠬᠦᠯᠢᠶᠡᠲᠡᠭ ᠪᠠᠭ᠎ᠠ ᠨᠠᠰᠤ ᠂ ᠮᠠᠷᠭᠠᠰᠢ ᠯᠡ ᠰᠠᠭᠤᠷᠢᠨ᠎ᠳᠤ ᠪᠠᠭᠤᠵᠤ ᠨᠠᠭᠠᠳᠭᠤ ᠬᠦᠮᠦᠨ᠎ᠲᠠᠢ ᠪᠤᠯᠤᠨ᠎ᠠ ᠳ᠋ᠠ ᠭᠡᠵᠤ ᠪᠤᠲᠤᠬᠤ᠎ᠪᠠᠷ ᠠᠮᠤᠷ ᠤᠨᠲᠠᠵᠤ ᠤᠷᠤᠲᠠᠭ ᠦᠭᠡᠢ ᠨᠡᠬᠦᠲᠡᠯ᠎ᠤᠨ ᠤᠷᠢᠲᠤ ᠰᠦᠨᠢ᠂ ᠡᠷᠬᠢ ᠬᠦᠪᠡᠭᠡᠨ᠎ᠳᠤᠨᠢ ᠴᠠᠰᠤ ᠬᠤᠩᠭᠠᠷᠯᠠᠭ᠍ᠰᠠᠨ ᠵᠢᠭᠠᠬᠠᠨ ᠭᠤᠤᠯ᠎ᠤᠨ ᠮᠦᠰᠦᠨ ᠲᠡᠭᠡᠷ᠎ᠡ ᠲᠡᠮᠦᠷ ᠪᠦᠮᠪᠦᠯ᠎ᠲᠠᠢ ᠮᠤᠲᠤᠨ ᠭᠠᠭᠠᠷ ᠶ᠋ᠢᠡᠨ ᠢᠯᠡᠬᠦᠤ ᠭᠡᠲᠤ ᠭᠤᠶᠠᠲᠠᠬᠤ ᠭᠡᠵᠤ ᠲᠠᠪᠢᠷᠠᠨ ᠲᠠᠪᠢᠷᠠᠨ ᠬᠦᠶᠦᠯᠭᠡᠲᠡᠭ ᠬᠤᠨᠢᠨ᠎ᠤ ᠪᠤᠷᠤ ᠮᠤᠷᠢ ᠁ ᠨᠠᠲᠠ᠎ᠳᠤ ᠤᠳᠤ ᠴᠤ᠌ ᠲᠤᠳᠤ᠎ᠠᠴᠠ ᠲᠤᠳᠤ ᠰᠠᠨᠠᠭ᠍ᠲᠠᠵᠤ ᠪᠠᠢᠨ᠎ᠠ᠃ ᠬᠡᠨ ᠨᠢᠭᠡᠨ᠎ᠤ᠎ᠬᠢ᠎ᠠᠴᠠ᠎ᠪᠠᠨ ᠤᠷᠬᠢᠬᠤ ᠪᠤᠲᠠᠭ᠎ᠠ ᠬᠤᠷᠤᠭᠤ ᠴᠠᠢ ᠵᠢᠭᠡᠯᠡᠵᠤ᠂ ᠪᠦᠰ ᠪᠠᠷᠠᠭᠠᠨ᠎ᠤ ᠪᠢᠯᠧᠲ᠂ ᠪᠤᠲᠠᠭ᠎ᠠ ᠭᠤᠯᠢᠷ᠎ᠢᠶᠠᠨ ᠬᠤᠪᠢᠶᠠᠯᠴᠠᠨ ᠬᠡᠷᠡᠭ᠌ᠯᠡᠵᠤ ᠶᠠᠪᠤᠭ᠍ᠰᠠᠨ ᠬᠦᠲᠡᠭᠡ ᠨᠤᠲᠤᠭ᠎ᠤᠨ ᠲᠡᠷᠡ ᠯᠡ ᠬᠠᠷ᠎ᠠ ᠪᠤᠷᠤ ᠠᠮᠢᠲᠤᠷᠠᠯ᠂ ᠭᠠᠴᠢᠭ᠍ᠲᠠᠵᠤ ᠲᠤᠳᠠᠭ᠍ᠲᠠᠵᠤ᠂ ᠦᠯᠦᠰᠴᠤ᠌ ᠤᠮᠲᠠᠭᠠᠰᠬᠤ᠎ᠶ᠋ᠢᠨ ᠬᠠᠯᠠ ᠵᠤᠪᠠᠯᠠᠩ᠎ᠢ ᠮᠠᠷᠲᠠᠭ᠍ᠲᠠᠰᠢ ᠦᠭᠡᠢ ᠮᠡᠲᠡᠷᠡᠬᠦᠯᠦᠭ᠌ᠰᠡᠨ ᠲᠡᠷᠡ ᠯᠡ ᠡᠳᠦᠷ ᠬᠤᠨᠤᠭ ᠬᠢᠭᠡᠳ ᠠᠩᠭᠢ ᠱᠤᠭᠤᠮ᠎ᠤᠨ ᠰᠠᠢᠨ ᠮᠠᠭᠤ᠎ᠶ᠋ᠢ ᠭᠠᠭ᠍ᠴᠠ ᠤᠲᠠᠭ᠎ᠠ ᠯᠡ ᠠᠮᠰᠠᠭᠠᠳ ᠲᠤᠭ᠍ᠲᠠᠭᠠᠴᠢᠬᠠᠬᠤ᠎ᠪᠠᠷ ᠭᠠᠱᠢᠭᠤᠨ ᠨᠤᠭᠤᠭ᠎ᠠ᠎ᠲᠠᠢ ᠬᠤᠭᠤᠯᠠ᠎ᠨᠤᠭᠤᠳ᠎ᠢ ᠲᠤᠷᠠᠰᠤᠨ ᠰᠠᠭᠤᠬᠤ᠎ᠳᠤ ᠤᠨᠤᠵᠤ ᠶᠠᠪᠤᠭ᠍ᠰᠠᠨ ᠮᠤᠷᠢ ᠮᠢᠨᠢ ᠬᠦᠷᠲᠡᠯ᠎ᠡ ᠨᠢᠭᠡᠳ ᠨᠢᠭᠡ᠎ᠪᠠᠷ᠎ᠢᠶᠠᠨ ᠨᠢᠲᠦᠨ᠎ᠳᠤ ᠬᠠᠷᠠᠭ᠍ᠲᠠᠵᠤ᠂ ᠢᠮ᠎ᠲᠠᠢ ᠲᠠᠮᠠᠭ᠎ᠠ᠎ᠲᠠᠢ᠎ᠪᠠᠨ᠂ ᠬᠦᠶᠦᠲᠡᠯ᠎ᠲᠠᠢ ᠲᠡᠷᠬᠢᠶ᠎ᠠ᠎ᠲᠠᠢ᠎ᠪᠠᠨ ᠲᠤᠳᠤᠷ᠎ᠠ ᠤᠷᠤᠵᠤ ᠢᠷᠡᠨᠡᠮ ᠪᠦᠯᠦᠭᠡ᠃

ᠨᠠᠶᠠᠭᠠᠳ ᠤᠨ᠎ᠤ ᠡᠬᠢ ᠪᠤᠯᠲᠠᠯ᠎ᠠ ᠮᠠᠨᠠᠢᠬᠢᠨ᠎ᠤ ᠪᠠᠷᠢᠭᠠᠲᠠ ᠪᠤᠯᠭᠠᠨ ᠬᠡᠲᠦᠨ ᠰᠦᠷᠦᠭ ᠠᠲᠤᠭᠤ᠎ᠲᠠᠢ ᠪᠠᠢᠭ᠍ᠰᠠᠨ ᠶᠤᠮ᠃ ᠲᠡᠷᠡ ᠦᠶ᠎ᠡ ᠪᠤᠯᠲᠠᠯ᠎ᠠ ᠡᠮᠨᠢᠭ ᠲᠤᠭ᠍ᠰᠢᠨ ᠰᠤᠷᠭᠠᠬᠤ᠂ ᠮᠤᠷᠢ ᠶᠡᠬᠦᠯᠡᠬᠦ᠂ ᠬᠤᠭᠤᠯᠠᠢ ᠱᠢᠷᠭᠤᠭ᠎ᠠ ᠲᠠᠯᠪᠢᠬᠤ ᠭᠡᠲᠡᠯ᠎ᠡ ᠤᠷᠤᠭ᠎ᠠ ᠲᠤᠭ᠍ᠰᠢᠨ᠎ᠢ ᠤᠷᠭᠠᠯᠠᠬᠤ ᠭᠡᠳ ᠡᠷ᠎ᠡ ᠬᠦᠮᠦᠨ᠎ᠤ ᠲᠠᠷ ᠲᠡᠩᠭᠡᠭᠡ ᠂ ᠤᠷ᠎ᠠ ᠲᠡᠮ ᠱᠢᠯᠭᠠᠲᠠᠭ ᠪᠠᠶᠠᠷ ᠴᠡᠩᠭᠡᠯ ᠠᠲᠤᠭᠤ ᠯᠡ ᠪᠠᠢᠵᠤ ᠪᠢᠯᠡ ᠃ ᠦᠪᠡᠷᠰᠡᠳ᠎ᠤᠨ᠎ᠢᠶᠠᠨ ᠰᠤᠷᠭᠠᠭ᠍ᠰᠠᠨ ᠭᠠᠩᠭᠠᠩ ᠮᠤᠷᠢ᠎ᠪᠠᠷ᠎ᠢᠶᠠᠨ ᠠᠯᠬᠤᠭ᠎ᠠ ᠰᠠᠢᠪᠤᠷ ᠂ ᠬᠠᠲᠠᠷᠢᠶ᠎ᠠ ᠲᠡᠷᠬᠢᠶ᠎ᠠ᠎ᠶ᠋ᠢ ᠶᠤᠰᠤᠲᠠᠢ ᠨᠢᠭᠡ ᠦᠵᠡᠬᠦᠯᠵᠤ ᠦᠭ᠌ᠲᠡᠭ ᠲᠡᠷᠡ ᠦᠶ᠎ᠡ᠎ᠶ᠋ᠢᠨ ᠵᠠᠯᠠᠭᠤᠰ ᠰᠠᠢᠨ ᠤᠷᠭᠠᠨ᠎ᠤ ᠲᠦᠯᠦᠭᠡ ᠲᠦᠷᠡᠢᠨ᠎ᠳᠡᠭᠡᠨ ᠬᠢᠭ᠌ᠰᠡᠨ ᠬᠡᠲᠦᠨ ᠲᠦᠬᠦᠷᠢᠭ᠎ᠢᠶᠠᠨ ᠬᠠᠢᠷᠠᠯᠠᠲᠠᠭ ᠦᠭᠡᠢ᠂ ᠬᠠᠮᠢᠭ᠎ᠠ ᠬᠤᠯᠠ᠎ᠠᠴᠠ ᠵᠢᠩ᠎ᠤᠨ ᠬᠤᠩᠬᠤ᠎ᠨᠢ ᠲᠦᠩᠭᠢᠨᠡᠨ ᠤᠢᠷᠠᠳᠴᠤ᠌ ᠦᠭ᠌ᠬᠦ ᠦᠭᠡᠢ ᠰᠠᠨᠲᠤᠷᠭᠠᠲᠠᠭ ᠪᠤᠷᠤᠬᠤᠲᠠ᠎ᠶ᠋ᠢᠨ ᠲᠠᠪᠤᠰᠤᠨ ᠠᠶᠠᠨ᠎ᠢ ᠲᠤᠰᠴᠤ᠌ ᠬᠦᠶᠦᠯᠭᠡᠬᠦ᠌ ᠱᠢᠬᠠᠲᠠᠭ ᠪᠠᠢᠯ᠎ᠠ᠃ ᠦᠷᠯᠦᠭᠡ ᠠᠭᠤᠯᠠ ᠬᠦᠨᠲᠡᠢ ᠲᠠᠮᠵᠢᠨ ᠠᠲᠤᠭᠤ ᠬᠤᠷᠢᠶᠠᠵᠤ ᠂ ᠬᠤᠨᠢᠨ ᠤᠭ᠍ᠲᠤᠭᠤᠯ ᠨᠠᠷᠠᠨ᠎ᠢᠶᠠᠷ ᠪᠤᠯᠠᠭ ᠤᠰᠤᠨ᠎ᠤ ᠤᠢᠷᠠᠯᠴᠠᠭ᠎ᠠ ᠮᠦᠨ ᠯᠡ ᠠᠲᠤᠭᠤᠨ ᠲᠡᠭᠡᠷ᠎ᠡ ᠱᠤᠤᠭᠢᠯᠲᠤᠨ᠎ᠠ᠃ ᠭᠤᠷᠪᠠᠨ ᠠᠯᠲᠠ᠎ᠶ᠋ᠢᠨ ᠬᠤᠰᠤᠨ ᠤᠷᠭ᠎ᠠ ᠨᠠᠬᠢᠯᠵᠠᠭᠤᠯᠤᠨ ᠴᠢᠷᠴᠤ᠂ ᠨᠤᠭᠤᠭᠠᠨ ᠡᠮᠵᠢᠶᠡᠷᠢ᠎ᠲᠠᠢ ᠠᠷᠠᠰᠤᠨ ᠬᠦᠯᠢᠮ ᠲᠤᠬᠤᠨ᠂ ᠲᠤᠯᠤᠭᠠᠢ᠎ᠪᠠᠷ᠎ᠢᠶᠠᠨ ᠨᠠᠭᠠᠲᠤᠭ᠍ᠰᠠᠨ ᠭᠠᠩᠭᠠᠩ ᠮᠤᠷᠢ ᠤᠨᠤᠵᠤ ᠶᠠᠪᠤᠬᠤ ᠶᠤᠮ ᠪᠤᠯ ᠬᠤᠲᠠ ᠤᠰᠤ ᠪᠠᠢᠲᠤᠭᠠᠢ ᠰᠤᠮᠤ ᠨᠢᠭᠡᠲᠦᠯ᠎ᠳᠡᠭᠡᠨ ᠴᠤ᠌ ᠬᠦᠮᠦᠨ᠎ᠤ ᠬᠤᠷᠤᠬᠠᠢ᠎ᠶ᠋ᠢ ᠬᠦᠷᠭᠡᠨ᠎ᠡ ᠯᠡ ᠭᠡᠰᠡᠨ ᠦᠭᠡ᠃ 《ᠶᠠᠭᠤᠨ᠎ᠤ ᠶᠠᠭᠤᠮ᠎ᠠ ᠶᠠᠭᠤᠨ᠎ᠳᠠᠭᠠᠨ》 ᠭᠡᠲᠡᠭ᠎ᠢᠶᠠᠷ ᠲᠡᠷᠡ ᠦᠶ᠎ᠡ᠎ᠳᠡᠭᠡᠨ ᠪᠤᠯ ᠦᠨᠡᠲᠡᠢ ᠲᠡᠷᠭᠡ ᠤᠨᠤᠯ᠎ᠠ ᠭᠡᠰᠡᠨ ᠦᠭᠡ ᠪᠠᠢᠵᠤ ᠳ᠋ᠠ᠃ ᠤᠲᠤᠮ ᠰᠤᠲᠤᠷ᠎ᠤᠨ᠎ᠢᠶᠠᠨ ᠠᠮᠢᠲᠤᠷᠠᠯ᠎ᠢᠶᠠᠷ ᠠᠶᠠᠲᠠᠢᠬᠠᠨ ᠭᠠᠩᠭᠠᠷᠠᠵᠤ ᠰᠤᠷᠤᠭ᠍ᠰᠠᠨ ᠲᠡᠢᠮᠤ ᠵᠠᠯᠠᠭᠤᠰ ᠯᠡ ᠬᠦᠲᠡᠭᠡ᠎ᠪᠠᠨ ᠴᠢᠮᠡᠭ᠌ᠯᠡᠲᠡᠭ ᠪᠠᠢᠯ᠎ᠠ᠃ ᠤᠳᠤ ᠲᠡᠳᠡᠨ᠎ᠤ ᠦᠶ᠎ᠡ ᠦᠩᠭᠡᠷᠡᠵᠤ᠂ ᠮᠤᠷᠢ ᠤᠨᠤᠭ᠎ᠠ᠂ ᠡᠮᠡᠭᠡᠯ ᠬᠠᠵᠠᠭᠠᠷ᠂ ᠤᠷᠭ᠎ᠠ ᠲᠠᠱᠢᠭᠤᠷ ᠮᠦᠽᠸᠢ᠎ᠳᠤ ᠤᠷᠤᠬᠤ᠎ᠨᠢ ᠬᠤᠯᠠ ᠦᠭᠡᠢ ᠪᠤᠯᠵᠠᠢ᠃ ᠲᠡᠭᠡᠭᠡᠳ ᠪᠤᠲᠤᠬᠤ᠎ᠳᠤ ᠠᠯᠲᠠᠢ᠎ᠶ᠋ᠢᠨ ᠬᠦᠷᠦᠭᠡᠰᠤ᠎ᠶ᠋ᠢ ᠪᠡᠯ᠎ᠳᠤ ᠪᠠᠭᠤᠯᠭᠠᠵᠤ ᠠᠯᠠᠪᠬᠢᠨ ᠵᠠᠢᠲᠠᠯᠠᠵᠤ᠂ ᠨᠤᠮᠤᠬᠠᠷᠠᠭᠤᠯᠤᠨ ᠰᠤᠷᠭᠠᠭ᠍ᠰᠠᠨ ᠠᠩᠬᠠᠨ᠎ᠤ ᠮᠤᠩᠭᠤᠯ᠎ᠠᠴᠠ ᠠᠪᠤᠭᠠᠳ ᠠᠰ ᠪᠤᠰᠤᠨ ᠴᠤᠷᠤᠢᠭ᠍ᠰᠠᠨ ᠠᠵᠢᠷᠭᠠᠨ᠎ᠤ ᠭᠡᠷᠡᠬᠦᠯ᠎ᠢ ᠯᠡ ᠰᠡᠬᠦᠲᠡᠷᠯᠡᠬᠦ᠌᠎ᠠᠴᠠ ᠦᠭᠡᠷ᠎ᠡ ᠠᠲᠤᠭᠤᠨ᠎ᠤ ᠭᠠᠢᠬᠠᠮᠱᠢᠭ᠎ᠢ ᠮᠡᠲᠡᠬᠦ᠌᠎ᠪᠠᠨ ᠪᠤᠯᠢᠭ᠍ᠰᠠᠨ ᠪᠢᠲᠡᠨ᠎ᠤ ᠦᠶ᠎ᠡ ᠬᠦᠷᠴᠤ᠌ ᠢᠷᠡᠲᠡᠯ᠎ᠡ ᠮᠤᠩᠭᠤᠯ ᠬᠦᠮᠦᠨ᠂ ᠮᠤᠷᠢ ᠬᠤᠶᠠᠷ ᠤᠲᠠᠭᠠᠨ ᠨᠦᠬᠦᠷᠯᠡᠭ᠌ᠰᠡᠨ ᠠᠵᠢᠶᠠᠮ᠃

ᠰᠠᠷ᠎ᠠ᠎ᠶ᠋ᠢᠨ ᠭᠠᠵᠠᠷ᠎ᠢ ᠡᠳᠦᠷ᠎ᠢᠶᠠᠷ ᠲᠤᠪᠴᠢᠯᠠᠲᠠᠭ᠂ ᠡᠳᠦᠷ᠎ᠤᠨ ᠭᠠᠵᠠᠷ᠎ᠢ ᠴᠠᠭ᠎ᠢᠶᠠᠷ ᠲᠤᠪᠴᠢᠯᠠᠲᠠᠭ ᠬᠤᠷᠲᠤᠨ ᠬᠦᠯᠦᠭ ᠮᠤᠩᠭᠤᠯ ᠨᠤᠲᠤᠭ᠎ᠤᠨ ᠬᠠᠮᠢᠭ᠎ᠠ ᠴᠤ᠌ ᠪᠠᠢᠵᠤ᠂ ᠪᠠᠴᠢᠮ ᠤᠯᠠᠭ᠎ᠠ ᠦᠲᠦᠲᠤ ᠵᠠᠬᠢᠲᠠᠯ᠎ᠢ ᠰᠠᠭᠠᠲᠠᠯ ᠦᠭᠡᠢ ᠲᠠᠮᠵᠢᠭᠤᠯᠵᠤ ᠪᠠᠢᠭ᠍ᠰᠠᠨ ᠲᠤᠬᠠᠢ ᠦᠨᠡᠮᠱᠢᠯᠲᠤ ᠦᠯᠢᠭᠡᠷ᠎ᠤᠳ ᠨᠤᠮ ᠰᠤᠲᠤᠷ᠎ᠲᠤ ᠪᠢᠴᠢᠭ᠌ᠲᠡᠨ ᠦᠯᠡᠲᠡᠵᠡᠢ᠃ ᠠᠳᠭᠠᠭ ᠪᠤᠲᠤᠯ᠎ᠲᠠᠢ ᠮᠠᠭᠤ ᠡᠬᠡᠨᠡᠷ᠂ ᠬᠠᠷ᠎ᠠ ᠰᠠᠨᠠᠭᠠᠲᠤ ᠪᠠᠶᠠᠨ ᠨᠠᠷ᠎ᠢᠶᠠᠷ ᠭᠤᠤᠯᠲᠠᠭᠤ ᠡᠰᠡᠷᠬᠦ᠌ ᠲᠠᠯ᠎ᠠ᠎ᠶ᠋ᠢᠨ ᠭᠤᠤᠯ ᠲᠦᠷᠢ ᠪᠤᠯᠭᠠᠲᠠᠭ ᠡᠢᠮᠤ ᠦᠯᠢᠭᠡᠷ᠎ᠤᠳ᠎ᠠᠴᠠ ᠪᠢᠲᠡ ᠬᠤᠶᠠᠷ ᠰᠤᠭᠤᠨ᠎ᠳᠠᠭᠠᠨ ᠭᠤᠤᠷᠰᠤ᠎ᠲᠠᠢ ᠬᠦᠯᠦᠭ ᠪᠠᠢᠭ᠍ᠰᠠᠨ᠎ᠢ ᠭᠠᠢᠬᠠᠱᠢᠷᠠᠨ ᠰᠤᠨᠤᠰᠴᠤ᠌᠂ ᠮᠠᠭᠤ ᠰᠠᠨᠠᠭᠠᠨ᠎ᠤ ᠬᠤᠤᠷ ᠲᠤᠰᠤᠭ᠍ᠰᠠᠨ ᠲᠡᠲᠡᠭᠡᠷ ᠠᠭ᠍ᠲᠠ᠎ᠶ᠋ᠢᠨ ᠦᠬᠦᠯ᠎ᠳᠤ ᠰᠠᠨᠠᠭ᠎ᠠ ᠠᠯᠲᠠᠵᠤ᠂ ᠲᠡᠬᠦᠨ᠎ᠠᠴᠠ ᠤᠯᠪᠠᠭᠠᠯᠠᠨ ᠠᠭᠤᠯᠠ ᠬᠠᠢᠷᠠᠬᠠᠨ᠎ᠤ ᠮᠦᠷᠦᠨ ᠲᠡᠭᠡᠷ᠎ᠡ ᠲᠡᠯ ᠬᠡᠢᠰᠭᠡᠨ ᠵᠤᠭ᠍ᠰᠤᠭ᠍ᠰᠠᠨ ᠭᠠᠭ᠍ᠴᠠ ᠮᠤᠷᠢ᠎ᠶ᠋ᠢ ᠲᠤᠮᠤᠭ᠍ᠲᠤ ᠪᠠᠭᠠᠲᠤᠷ᠎ᠤᠨ ᠬᠦᠯᠦᠭ ᠬᠡᠮᠡᠨ ᠤᠷᠭᠤᠭᠤᠯᠤᠨ ᠪᠤᠲᠤᠵᠤ ᠶᠠᠪᠤᠭ᠍ᠰᠠᠨ ᠴᠤ᠌ ᠤᠲᠠᠭ᠎ᠠ᠎ᠲᠠᠢ᠃ ᠮᠤᠩᠭᠤᠯ ᠬᠦᠮᠦᠨ᠎ᠤ ᠦᠷ᠎ᠡ ᠪᠢᠲᠡ ᠤᠬᠠᠭᠠᠨᠲᠤ ᠲᠡᠭᠡᠲᠦᠰ᠎ᠤᠨ᠎ᠢᠶᠠᠨ ᠦᠨᠡᠮᠱᠢᠯᠲᠡᠢ ᠦᠯᠢᠭᠡᠷ᠎ᠲᠤ ᠡᠢᠨ ᠬᠦ᠌ ᠰᠡᠳᠭᠢᠯ ᠵᠢᠷᠦᠬᠡ᠎ᠪᠠᠨ ᠠᠷᠭᠠᠮᠵᠢᠭᠤᠯᠤᠨ ᠦᠰᠦᠭ᠌ᠰᠡᠨ ᠪᠤᠯᠬᠤᠷ ᠬᠠᠷ᠎ᠠ ᠪᠠᠭ᠎ᠠ᠎ᠠᠴᠠ᠎ᠪᠠᠨ ᠯᠡ ᠮᠤᠷᠢ ᠤᠨᠤᠭ᠎ᠠ᠎ᠪᠠᠨ ᠬᠠᠢᠷᠠᠯᠠᠵᠤ ᠰᠤᠷᠤᠭᠠᠳ᠂ ᠲᠠᠭᠠᠬᠢ᠎ᠲᠠᠢ ᠪᠤᠷᠤ ᠲᠠᠭ᠎ᠠ᠎ᠪᠠᠨ 《ᠡᠬᠦᠯᠡᠨ ᠬᠦᠬᠡ》᠂ ᠨᠡᠮᠨᠡᠭᠡᠰᠤ᠎ᠲᠠᠢ ᠬᠠᠷ᠎ᠠ ᠤᠨᠠᠭ᠎ᠠ᠎ᠪᠠᠨ 《ᠬᠢᠰᠭᠢᠲᠡᠯ ᠰᠠᠢᠲᠤ》᠂ ᠨᠠᠢᠷ ᠲᠠᠮᠵᠢᠨ ᠫᠠᠢᠰᠠ᠎ᠲᠠᠢ ᠲᠠᠪᠬᠢᠭ᠍ᠰᠠᠨ ᠬᠦᠶᠦᠲᠡᠭ ᠭᠡᠭᠡᠷ᠎ᠢᠶᠠᠨ 《ᠮᠤᠭᠠᠢ ᠬᠡᠭᠡᠷ》 ᠬᠡᠮᠡᠨ ᠪᠡᠯᠭᠡᠲᠡᠵᠤ ᠰᠤᠷᠤᠭ᠍ᠰᠠᠨ ᠬᠡᠢᠮᠤᠷᠢ᠎ᠲᠠᠢ ᠬᠦᠮᠦᠰ ᠪᠤᠯᠤᠯ ᠦᠭᠡᠢ ᠶᠠᠭᠠᠬᠢᠬᠤᠪ᠃

ᠮᠠᠨ᠎ᠤ ᠠᠮᠢᠲᠤᠷᠠᠯ ᠮᠤᠷᠢ ᠦᠭᠡᠢ᠎ᠪᠠᠷ ᠲᠦᠰᠦᠭᠡᠯᠡᠭ᠌ᠲᠡᠬᠦ᠌ ᠦᠭᠡᠢ᠃ ᠬᠠᠷᠠᠭ᠎ᠠ ᠠᠯᠲᠠᠮ᠎ᠠ ᠲᠠᠯ᠎ᠠ᠂ ᠵᠢᠬᠦᠷᠲᠡᠨ ᠴᠤᠴᠠᠮ᠎ᠠ ᠠᠭᠤᠯᠠ ᠲᠠᠢᠭ᠎ᠠ᠎ᠶ᠋ᠢ ᠮᠤᠷᠢ ᠦᠭᠡᠢ᠎ᠪᠠᠷ ᠶᠠᠭᠠᠬᠢᠵᠤ ᠲᠤᠭᠤᠯᠬᠤ ᠪᠢᠯᠡ? ᠬᠤᠲᠠ ᠰᠠᠭᠠᠬᠠᠯᠲᠠ᠎ᠠᠴᠠ ᠠᠢᠮᠠᠭ ᠤᠰᠤ ᠂ ᠠᠢᠮᠠᠭ ᠤᠰᠤᠨ᠎ᠠᠴᠠ ᠠᠯᠤᠰ ᠨᠤᠲᠤᠭ ᠬᠦᠷᠲᠡᠯ᠎ᠡ ᠤᠷᠤᠭ ᠲᠦᠷᠤ᠂ ᠨᠠᠢᠷ ᠨᠠᠭᠠᠲᠤᠮ᠎ᠳᠤ ᠭᠡᠷᠭᠢᠨ ᠤᠴᠢᠵᠤ᠂ ᠤᠴᠠᠷᠠᠯᠲᠤ ᠠᠮᠠᠷᠠᠭ᠎ᠲᠠᠢ᠎ᠪᠠᠨ ᠭᠡᠷᠬᠢᠨ ᠠᠭᠤᠯᠵᠠᠬᠤ ᠪᠢᠯᠡ? ᠠᠯᠠᠭ᠎ᠠ ᠲᠠᠷᠤᠮ᠎ᠠ ᠭᠠᠵᠠᠷ᠎ᠤᠨ ᠲᠦᠯᠦᠭᠡ ᠴᠢᠰᠤ ᠰᠠᠬᠠᠷᠠᠭᠤᠯᠵᠤ ᠤᠨᠠᠭ᠍ᠰᠠᠨ ᠠᠩᠬᠠᠨ᠎ᠤ ᠲᠠᠢᠴᠢᠨ᠎ᠠᠴᠠ ᠠᠪᠤᠭᠠᠳ ᠠᠵᠠ ᠵᠢᠷᠭᠠᠯ ᠬᠠᠯᠬᠢᠯᠠᠭ᠍ᠰᠠᠨ ᠲᠠᠯ᠎ᠠ ᠨᠤᠲᠤᠭ ᠲᠡᠭᠡᠷ᠎ᠡ ᠲᠠᠭᠤᠤ᠎ᠪᠠᠨ ᠲᠠᠭᠤᠯᠠᠨ ᠠᠮᠢᠲᠤᠷᠠᠵᠤ ᠶᠠᠪᠤᠭ᠎ᠠ ᠦᠨᠤ᠎ᠶ᠋ᠢᠨ ᠪᠢᠲᠡᠨ᠎ᠳᠤ ᠬᠦᠷᠴᠤ᠌ ᠢᠷᠡᠲᠡᠯᠡᠬᠢ ᠲᠡᠦᠬᠡ᠎ᠶᠢ ᠪᠢᠲᠡ ᠮᠤᠷᠢᠲᠡᠢ᠎ᠪᠠᠨ ᠪᠢᠴᠢᠭ᠌ᠰᠡᠨ! ᠠᠷᠤ᠎ᠶ᠋ᠢᠨ ᠬᠦᠷᠦᠭᠡᠰᠤ᠎ᠶ᠋ᠢ ᠠᠷᠭᠠᠯ ᠬᠤᠷᠭᠤᠯ ᠱᠢᠭ᠋ ᠨᠠᠮᠨᠠᠵᠤ ᠶᠠᠪᠤᠭ᠍ᠰᠠᠨ 《ᠬᠦᠭ᠌ᠰᠢᠨ ᠬᠤᠤᠬᠤᠩ》 ᠮᠠᠨᠠᠢᠬᠢ᠃ ᠬᠤᠯᠠᠭᠠᠢ᠎ᠳᠤ ᠠᠯᠲᠠᠭ᠍ᠰᠠᠨ ᠨᠠᠢ᠍ᠮᠠᠨ ᠱᠢᠷᠭ᠎ᠠ᠎ᠶ᠋ᠢᠨ ᠬᠤᠢᠨ᠎ᠠ᠎ᠠᠴᠠ ᠲᠤᠭᠤᠰᠤ ᠲᠠᠲᠠᠭᠤᠯᠤᠨ ᠨᠡᠭᠡᠵᠤ ᠠᠮᠠᠭᠠᠢ ᠲᠠᠷᠤᠨ ᠭᠡᠢᠷᠭᠡᠭ᠌ᠰᠡᠨ 《ᠪᠦᠭ᠌ᠲᠦᠷ ᠬᠤᠩᠭᠤᠷ》 ᠮᠠᠨᠠᠢᠬᠢ᠃ ᠠᠷᠠᠴᠢᠯᠠᠭ᠎ᠠ ᠬᠠᠷᠢᠭᠤᠯᠭ᠎ᠠ ᠠᠯᠢ᠎ᠨᠢ ᠴᠤ᠌ ᠲᠤᠳᠠᠬᠤ ᠦᠭᠡᠢ ᠡᠸᠦ᠋ᠷᠤᠫᠠ᠎ᠶ᠋ᠢᠨ ᠲᠠᠷᠬᠠᠨ ᠴᠠᠭᠠᠵᠠᠲᠤ ᠠᠮᠢᠲᠠᠨ᠎ᠤ ᠬᠦᠷᠢᠶᠡᠯᠡᠩ᠎ᠠᠴᠠ ᠠᠯᠲᠠᠭᠤᠯᠤᠨ ᠭᠠᠷᠴᠤ᠌ ᠢᠷᠡᠭᠡᠳ ᠤᠯᠤᠰ ᠲᠠᠮᠵᠢᠨ ᠬᠦᠶᠦᠭ᠌ᠰᠡᠭᠡᠷ ᠨᠤᠲᠤᠭ᠎ᠲᠠᠭᠠᠨ ᠬᠠᠷᠢᠵᠤ ᠢᠷᠡᠭ᠌ᠰᠡᠨ ᠷᠧᠮᠢᠰ ᠤᠯᠳᠧᠷᠢᠵ᠎ᠶ᠋ᠢᠨ᠎ᠲᠠᠬᠢ᠎ᠶ᠋ᠢᠨ ᠤᠲᠤᠮᠲᠤ ᠲᠠᠪᠵᠠ ᠪᠠᠢᠲᠠᠰᠤ ᠮᠠᠨᠠᠢᠬᠢ᠃ ᠨᠠᠮᠠᠭ᠎ᠠ ᠪᠦᠬᠦᠨ᠎ᠠᠴᠠ᠎ᠨᠢ ᠴᠢᠬᠢᠭ ᠲᠤᠰᠤᠯᠠᠭ᠍ᠰᠠᠨ ᠸᠢᠶᠧᠲᠨᠠᠮ᠎ᠤᠨ ᠱᠢᠷᠢᠩᠭᠢᠲᠤ ᠤᠢ᠎ᠳᠤ ᠡᠪᠡᠰᠤ ᠤᠯᠵᠤ ᠢᠲᠡᠭᠡ ᠦᠭᠡᠢ ᠮᠡᠲᠤ ᠶᠠᠰᠤᠨ ᠬᠡᠯᠬᠢᠶ᠎ᠡ ᠪᠤᠯᠤᠭ᠍ᠰᠠᠨ ᠠᠲᠠᠯ᠎ᠠ ᠤᠢᠷᠠᠲᠤᠭ᠍ᠰᠠᠨ ᠵᠢᠭᠤᠯᠴᠢᠳ᠎ᠤᠨ ᠲᠤᠳᠤᠷ᠎ᠠ᠎ᠠᠴᠠ ᠮᠤᠩᠭᠤᠯ ᠬᠦᠮᠦᠨ᠎ᠢ ᠤᠯᠵᠤ ᠲᠠᠨᠢᠭᠠᠳ ᠨᠢᠯᠪᠤᠰᠤ ᠪᠦᠮᠪᠦᠷᠢᠬᠦᠯᠦᠨ ᠱᠦᠷᠬᠦᠵᠤ ᠪᠠᠢᠭ᠍ᠰᠠᠨ ᠰ᠊· ᠡᠷᠳᠡᠨᠢ᠎ᠶ᠋ᠢᠨ 《ᠴᠠᠭᠠᠨ ᠮᠤᠷᠢ》 ᠮᠠᠨᠠᠢᠬᠢ᠃ ᠮᠠᠯ᠎ᠤᠨ ᠫᠠᠨᠽᠠᠴᠢᠨ᠎ᠤ ᠲᠡᠷᠭᠡᠨ᠎ᠳᠤ ᠲᠡᠭᠡᠭᠡᠭ᠌ᠲᠡᠵᠤ ᠲᠤᠳᠤᠭ᠍ᠰᠢ ᠶᠠᠪᠤᠭᠠᠳ ᠰᠠᠷ᠎ᠠ᠂ ᠬᠤᠷᠢ ᠬᠤᠨᠤᠭ᠎ᠤᠨ ᠲᠠᠷᠠᠭ᠎ᠠ ᠲᠡᠭᠡᠰᠦᠨ ᠨᠤᠭ᠍ᠲᠤ᠎ᠲᠠᠢ᠂ ᠲᠠᠰᠤᠷᠬᠠᠢ ᠲᠤᠱᠠ᠎ᠲᠠᠢ ᠰᠦᠷᠦᠭ᠎ᠲᠡᠭᠡᠨ ᠪᠤᠴᠠᠨ ᠢᠷᠡᠵᠤ ᠨᠤᠲᠤᠭ ᠤᠰᠤᠨ᠎ᠤ ᠨᠠᠰᠤᠲᠠᠳ᠎ᠤᠨ ᠵᠤᠪᠬᠢ᠎ᠶ᠋ᠢ ᠴᠢᠭᠢᠭ᠌ᠲᠡᠬᠦᠯᠵᠤ ᠬᠤᠭᠤᠯᠠᠢ᠎ᠶ᠋ᠢ᠎ᠨᠢ ᠵᠠᠩᠭᠢᠷᠠᠭᠤᠯᠵᠤ ᠪᠠᠢᠭ᠍ᠰᠠᠨ ᠲᠡᠳᠡᠭᠡᠷ ᠭᠠᠵᠠᠷᠴᠢ᠂ ᠨᠤᠲᠤᠭ᠍ᠴᠢ ᠮᠤᠷᠢᠳ ᠴᠢᠨᠢ ᠮᠠᠨᠠᠢᠬᠢ! ᠲᠡᠢᠮᠤ ᠯᠡ ᠮᠤᠷᠢᠳ᠎ᠤᠨ ᠨᠠᠮᠬᠠᠨ ᠨᠢᠷᠤᠭᠤᠨ ᠲᠡᠭᠡᠷ᠎ᠡ ᠪᠢᠲᠡ ᠡᠭᠡᠲᠡᠩ ᠭᠤᠲᠤᠯ᠎ᠤᠨ᠎ᠢᠶᠠᠨ ᠬᠤᠩᠱᠢᠶᠠᠷ᠎ᠢ ᠱᠢᠨᠲᠠᠢᠲᠠᠯ᠎ᠠ ᠵᠢᠬᠢᠵᠤ᠂ ᠡᠩᠭᠡᠷ᠎ᠢᠶᠠᠨ ᠬᠦᠯᠬᠦᠢᠲᠡᠯ᠎ᠡ ᠰᠠᠯᠬᠢ ᠡᠪᠦᠷᠯᠡᠨ ᠬᠦᠶᠦᠯᠭᠡᠵᠤ ᠰᠤᠮᠤ ᠰᠤᠷᠭᠠᠭᠤᠯᠢ᠂ ᠪᠠᠩᠭᠢ ᠡᠮᠨᠡᠯᠭᠡ ᠬᠠᠮᠢᠭ᠎ᠠ ᠴᠤ᠌ ᠬᠦᠷᠲᠡᠭ᠂ ᠤᠪᠤᠭ᠎ᠠ ᠤᠰᠤ᠂ ᠨᠠᠢᠷ ᠬᠤᠷᠢᠮ᠎ᠳᠤ ᠬᠦᠰᠡᠭ᠌ᠰᠡᠨ ᠴᠠᠭ᠎ᠲᠠᠭᠠᠨ ᠯᠡ ᠤᠴᠢᠲᠠᠭ ᠪᠠᠢᠯ᠎ᠠ᠃ ᠲᠡᠢᠮᠤ ᠯᠡ ᠮᠤᠷᠢᠳ᠎ᠤᠨ ᠤᠬᠠᠭᠠᠨ ᠴᠢᠲᠠᠯ᠎ᠳᠤ ᠨᠠᠢᠲᠠᠵᠤ ᠨᠢᠲᠤ ᠴᠢᠴᠢᠮ᠎ᠡ ᠬᠠᠷᠠᠩᠭᠤᠢ ᠰᠦᠨᠢ ᠠᠶᠤᠵᠤ ᠴᠤᠴᠠᠲᠠᠭ ᠦᠭᠡᠢ᠂ ᠵᠤᠷᠢᠭ ᠱᠢᠨᠲᠠᠷᠠᠮ᠎ᠠ ᠠᠯᠤᠰ ᠬᠤᠯᠠ ᠶᠠᠲᠠᠷᠠᠵᠤ ᠵᠦᠲᠡᠷᠡᠲᠡᠭ ᠦᠭᠡᠢ᠂ ᠡᠪᠦᠯ ᠤᠰᠤᠭᠤᠲᠠᠭ ᠦᠭᠡᠢ᠂ ᠵᠤᠨ ᠴᠠᠩᠭᠠᠲᠠᠭ ᠦᠭᠡᠢ ᠠᠮᠢᠲᠤᠷᠠᠲᠠᠭ ᠪᠠᠢᠯ᠎ᠠ ᠱᠢᠤ ᠳ᠋ᠧ᠃ ᠱᠢᠪᠠᠷ ᠪᠠᠯᠴᠢᠭ᠎ᠲᠤ ᠲᠡᠪᠲᠦᠲᠡᠭ ᠦᠭᠡᠢ ᠲᠤᠭᠤᠷᠠᠢ᠎ᠲᠠᠢ᠂ ᠲᠠᠢᠨ᠎ᠤ ᠹᠷᠤᠨᠲ᠎ᠲᠤ ᠬᠠᠯᠢᠷᠠᠲᠠᠭ ᠦᠭᠡᠢ ᠵᠤᠷᠢᠭ᠎ᠲᠠᠢ ᠲᠡᠢᠮᠤ ᠯᠡ ᠮᠤᠷᠢᠳ᠎ᠤᠨ ᠠᠴᠢ᠎ᠪᠠᠷ ᠤᠯᠠᠭᠠᠨ ᠠᠷᠮᠢ ᠪᠧᠷᠯᠢᠨ᠎ᠳᠤ ᠬᠦᠷᠴᠤ᠌᠂ 《ᠴᠠᠭᠠᠨ ᠪᠤᠭ᠍ᠲᠠ᠎ᠶ᠋ᠢᠨ ᠴᠡᠷᠢᠭ》 ᠤᠯᠤᠰ᠎ᠤᠨ ᠪᠠᠶᠠᠷ᠎ᠤᠨ ᠠᠩᠬᠠᠨ᠎ᠤ ᠵᠢᠭ᠍ᠰᠠᠭᠠᠯ᠎ᠳᠤ ᠤᠷᠤᠯᠴᠠᠨ᠂ 《ᠴᠠᠭᠠᠨ ᠮᠤᠷᠢᠲᠤ ᠰᠤᠮᠤ》 ᠠᠢᠮᠠᠭ᠎ᠤᠨ ᠨᠠᠢᠷ ᠲᠡᠭᠡᠷ᠎ᠡ ᠮᠤᠷᠢᠨ ᠬᠦᠶᠦᠲᠡᠯ ᠲᠡᠭᠡᠷ᠎ᠡ᠎ᠠᠴᠠ ᠫᠤᠤᠲᠠᠵᠤ ᠴᠠᠪᠴᠢᠵᠤ ᠦᠵᠡᠬᠦᠯᠦᠯᠭᠡ ᠬᠢᠵᠤ ᠪᠠᠢᠯ᠎ᠠ ᠱᠢᠤ ᠳ᠋ᠸ ᠁

ᠰᠠᠢᠬᠠᠨ ᠮᠤᠩᠭᠤᠯ ᠮᠤᠷᠢᠳ᠎ᠢ ᠲᠠᠭᠤᠤ ᠦᠭᠡᠢ᠎ᠪᠠᠷ ᠪᠦᠷᠢᠨ ᠤᠢᠯᠠᠭᠠᠵᠤ ᠪᠠᠰᠠ ᠴᠢᠲᠠᠬᠤ ᠦᠭᠡᠢ᠃ ᠰᠡᠳᠭᠢᠯᠲᠤ ᠪᠦᠰᠡᠬᠦᠢ᠎ᠪᠠᠨ ᠮᠤᠷᠢᠨ᠎ᠤ ᠰᠠᠢᠨ᠎ᠢᠶᠠᠷ ᠪᠤᠯᠢᠶᠠᠨ ᠠᠪᠴᠤ᠌ ᠨᠤᠲᠤᠭ᠎ᠢᠶᠠᠨ ᠵᠤᠷᠢᠭ᠍ᠰᠠᠨ ᠦᠵᠦᠮᠦᠴᠢᠨ ᠬᠠᠷ᠎ᠠ ᠬᠦᠤ ᠤᠨᠢᠶᠠᠷ ᠲᠠᠲᠠᠭ᠍ᠰᠠᠨ ᠵᠦᠩᠭᠡᠷ ᠯᠤᠤᠵᠢ᠎ᠶ᠋ᠢᠨ ᠱᠢᠯᠢ ᠲᠡᠭᠡᠬᠦᠷ᠄ 《ᠡᠬᠦᠷ ᠰᠡᠬᠦᠯ᠎ᠲᠠᠢ ᠦᠷᠢᠶ᠎ᠡ ᠮᠤᠷᠢ᠎ᠨᠢ / ᠦᠵᠦᠮᠦᠴᠢᠨ ᠭᠡᠬᠦᠨ᠎ᠤ ᠤᠨᠠᠭ᠎ᠠ ᠶᠤᠮ ᠡ ᠁》 ᠭᠡᠵᠤ ᠤᠮᠤᠭ ᠪᠠᠷᠲᠠᠮ ᠬᠠᠩᠭᠢᠨᠠᠭᠤᠯᠵᠤ ᠶᠠᠪᠤᠭ᠍ᠰᠠᠨ ᠨᠢᠭᠡᠨ ᠴᠠᠭ ᠪᠠᠢᠬᠤ᠎ᠳᠤ 《ᠲᠠᠨ᠎ᠤ ᠵᠠᠶᠠᠭ᠎ᠠ ᠲᠠᠭᠠᠷᠠᠭ᠍ᠰᠠᠨ ᠶᠤᠮ ᠪᠤᠯ / ᠲᠠᠯ᠎ᠠ᠎ᠳᠤ ᠤᠷᠤᠭᠠᠳ ᠬᠦᠢᠴᠡᠭᠡᠷᠡᠢ᠃ ᠮᠠᠨ᠎ᠤ ᠵᠠᠶᠠᠭ᠎ᠠ ᠲᠠᠭᠠᠷᠠᠭ᠍ᠰᠠᠨ ᠪᠤᠯ / ᠮᠠᠨᠠᠨ ᠪᠤᠲᠠᠩ ᠲᠠᠲᠠᠭᠠᠷᠠᠢ ᠁》 ᠭᠡᠵᠤ ᠬᠠᠨ ᠬᠡᠨᠲᠡᠢ᠎ᠶ᠋ᠢᠨ ᠬᠡᠦᠬᠡᠨ ᠬᠤᠲᠤᠭ᠍ᠲᠤ ᠬᠠᠷᠠᠮᠴᠢ ᠪᠠᠶᠠᠨ᠎ᠤ ᠠᠲᠤᠭᠤ᠎ᠶ᠋ᠢ ᠬᠦᠭᠡᠭᠡᠵᠤ ᠶᠠᠪᠤᠬᠤ᠎ᠳᠠᠭᠠᠨ ᠬᠤᠭᠤᠯᠠᠢ ᠲᠡᠯᠡᠰᠦᠬᠦᠯᠦᠨ ᠲᠠᠭᠤᠯᠠᠵᠤ ᠶᠠᠪᠤᠭ᠍ᠰᠠᠨ ᠦᠶ᠎ᠡ ᠴᠤ᠌ ᠪᠤᠢ᠃ ᠬᠠᠷᠠᠩᠭᠤᠢ ᠲᠠᠷᠤᠯᠠᠯ᠎ᠤᠨ ᠡᠰᠡᠷᠬᠦ᠌ ᠴᠡᠭᠡᠵᠢ ᠲᠦᠷᠢᠨ ᠪᠤᠰᠤᠭ᠍ᠰᠠᠨ ᠱᠢᠯᠢ᠎ᠶ᠋ᠢᠨ ᠰᠠᠢᠨ ᠡᠷ᠎ᠡ ᠲᠤᠷᠤᠢ ᠪᠠᠨᠲᠢ ᠲᠠᠷᠢᠭᠠᠩᠭ᠎ᠠ᠎ᠶ᠋ᠢᠨ ᠱᠢᠯᠢ᠂ ᠲᠠᠮᠠᠴᠢ᠎ᠶ᠋ᠢᠨ ᠲᠠᠯ᠎ᠠ ᠲᠡᠭᠡᠬᠦᠷ ᠱᠢᠷᠪᠤᠰᠤᠨ ᠬᠤᠢᠪᠢ ᠭᠤᠭ᠍ᠴᠤᠭᠠᠷᠠᠭᠤᠯᠵᠤ᠂ 《ᠤᠨᠠᠭᠠᠨ᠎ᠠᠴᠠ᠎ᠪᠠᠨ ᠤᠶᠠᠭ᠎ᠠ᠎ᠲᠠᠢ᠂ ᠲᠠᠭᠠᠨ᠎ᠠᠴᠠ᠎ᠪᠠᠨ ᠲᠠᠪᠬᠢᠭ᠎ᠠ᠎ᠲᠠᠢ》 ᠭᠡᠵᠤ ᠱᠢᠨᠲᠠᠰᠤᠲᠤ ᠬᠦᠯᠦᠭ᠎ᠢᠶᠠᠨ ᠮᠠᠭ᠍ᠲᠠᠩᠬᠠᠨ ᠦᠲᠡ᠎ᠶ᠋ᠢᠨ ᠬᠠᠯᠠᠭᠤᠨ᠎ᠳᠤ ᠢᠰᠭᠡᠷᠴᠤ᠌ ᠶᠠᠪᠤᠭ᠍ᠰᠠᠨ ᠪᠠᠢᠬᠤ᠎ᠳᠤ ᠰᠤᠮᠤᠨ᠎ᠳᠤ ᠤᠨᠤᠭ᠍ᠲᠠᠨ ᠮᠤᠷᠢᠨ᠎ᠠᠴᠠ᠎ᠪᠠᠨ ᠤᠨᠠᠭ᠍ᠰᠠᠨ ᠤᠷᠲᠤᠰ᠎ᠤᠨ ᠰᠠᠢᠨ ᠡᠷ᠎ᠡ 《ᠳ᠋ᠦᠯᠡᠢ ᠢᠷᠡᠵᠤ ᠬᠤᠷᠠᠬᠤ ᠨᠤᠲᠤᠭ᠎ᠢ ᠲᠠᠯᠬᠢᠨ᠎ᠠ!》 ᠭᠡᠵᠤ ᠴᠠᠮᠴᠠᠨ ᠲᠡᠭᠡᠷ᠎ᠡ᠎ᠪᠠᠨ ᠴᠢᠰᠤ᠎ᠪᠠᠷ ᠪᠢᠴᠢᠵᠤ ᠪᠠᠢᠭ᠍ᠰᠠᠨ ᠭᠤᠨᠢᠭ᠍ᠲᠤ ᠨᠢᠭᠡᠨ ᠲᠡᠦᠬᠡ ᠪᠠᠰᠠ ᠪᠤᠢ᠃ 《ᠭᠠᠰ᠎ᠤᠨ ᠴᠠᠭᠠᠨ ᠲᠡᠷᠡᠰᠤ》 ᠲᠤᠮᠲᠠᠭᠤᠷ ᠲᠠᠭᠤᠯᠠᠵᠤ ᠶᠠᠪᠤᠭ᠍ᠰᠠᠨ ᠯᠤᠪᠰᠠᠩᠳᠠᠨᠵᠢᠨ᠎ᠳᠤ ᠦᠭᠡᠯᠡᠳ᠎ᠤᠨ ᠱᠢᠬᠢᠷ᠎ᠠ ᠴᠠᠭᠠᠨ ᠬᠦᠷᠡᠩ ᠬᠠᠨᠢ ᠪᠤᠯᠵᠤ᠂ ᠮᠠᠨᠵᠤ᠎ᠶ᠋ᠢᠨ ᠭᠠᠤᠯᠢᠨ ᠡᠯᠵᠢᠭᠡᠨ ᠲᠡᠭᠡᠷ᠎ᠡ ᠵᠤᠭᠤᠰᠤᠨ᠎ᠤ ᠨᠦᠬᠡ᠎ᠪᠠᠷ ᠰᠤᠪᠤᠭᠤᠯᠤᠭ᠍ᠰᠠᠨ ᠴᠢᠩᠭᠦᠨᠵᠠᠪ᠎ᠤᠨ ᠨᠢᠲᠦᠨ᠎ᠳᠤ 《ᠬᠤᠲᠤᠭᠤᠢᠳ᠎ᠤᠨ ᠤᠨᠠᠭ᠎ᠠ》 ᠪᠤᠭᠤᠷᠤᠯ ᠬᠠᠩᠭᠠᠢ᠎ᠪᠠᠨ ᠵᠤᠷᠢᠩᠬᠠᠨ ᠬᠦᠯᠢᠮ ᠬᠡᠢᠰᠭᠡᠨ ᠪᠤᠴᠠᠵᠤ᠂ ᠸᠴᠢᠷᠲᠤ ᠴᠠᠭᠠᠨ ᠬᠤᠲᠠ᠎ᠪᠠᠨ ᠤᠷᠬᠢᠨ ᠪᠠᠷᠠᠭᠤᠨᠰᠢ ᠤᠲᠤᠭ᠍ᠰᠠᠨ ᠯᠢᠭ᠌ᠲᠡᠨ ᠬᠤᠲᠤᠭ᠍ᠲᠤ᠎ᠶ᠋ᠢᠨ ᠴᠡᠭᠡᠵᠢᠨ᠎ᠳᠤ 《ᠱᠠᠩᠬᠤ᠎ᠲᠠᠢ ᠱᠢᠷᠭ᠎ᠠ》 ᠨᠤᠭ᠍ᠲᠤ᠎ᠪᠠᠨ ᠴᠢᠷᠦᠨ ᠲᠠᠪᠬᠢᠵᠤ ᠪᠠᠢᠭ᠍ᠰᠠᠨ ᠴᠤ᠌ ᠪᠢᠯᠢᠤ? ᠰᠡᠴᠡᠨ ᠬᠠᠨ᠎ᠤ ᠡᠪᠦᠭᠡᠨ ᠨᠤᠶᠠᠨ ᠫᠦᠷᠪᠤᠵᠠᠪ ᠪᠠᠢᠭ᠍ᠰᠠᠨ᠎ᠠᠴᠠ ᠭᠠᠯ ᠱᠢᠷ᠎ᠠ᠎ᠶ᠋ᠢᠨ ᠠᠵᠢᠨᠠᠢ᠎ᠶ᠋ᠢᠨ ᠭᠠᠯᠪᠢᠷ ᠲᠦᠷᠬᠦ᠂ ᠵᠢᠷᠤᠭ ᠰᠡᠢᠯᠦᠮᠡᠯ ᠦᠯᠡᠲᠡᠵᠤ᠂ ᠬᠡᠯᠡ ᠪᠢᠴᠢᠭ᠎ᠤᠨ ᠤᠬᠠᠭᠠᠨ᠎ᠤ ᠳ᠋ᠤᠺᠲ᠋ᠤᠷ ᠯᠤᠪᠰᠠᠩᠪᠠᠯᠲᠠᠨ ᠪᠠᠢᠭ᠍ᠰᠠᠨ᠎ᠠᠴᠠ ᠠᠢᠯ ᠠᠢᠯ᠎ᠤᠨ ᠠᠪᠲᠠᠷ᠎ᠠ ᠳ᠋ᠦ ᠬᠠᠲᠠᠭᠠᠯᠠᠭ᠍ᠲᠠᠨ ᠪᠠᠢᠭ᠍ᠰᠠᠨ ᠮᠤᠷᠢᠨ ᠱᠢᠨᠵᠢ᠎ᠶ᠋ᠢᠨ ᠲᠠᠯᠲᠠ ᠰᠤᠲᠤᠷ ᠨᠡᠢᠲᠡ᠎ᠶ᠋ᠢᠨ ᠬᠦᠷᠲᠡᠭᠡᠯ ᠪᠤᠯᠵᠠᠢ᠃ ᠮᠤᠷᠢ᠎ᠪᠠᠷ᠎ᠢᠶᠠᠨ ᠪᠠᠭ᠍ᠠᠷᠬᠠᠭ᠍ᠰᠠᠨ᠂ ᠢᠲᠡᠭᠡᠭ᠌ᠰᠡᠨ᠂ ᠭᠠᠢᠬᠠᠭᠤᠯᠤᠭ᠍ᠰᠠᠨ ᠤᠲᠠᠭᠠᠨ ᠡᠳᠦᠷ ᠵᠤᠵᠠᠭᠠᠨ ᠬᠤᠨᠤᠭ᠎ᠤᠨ ᠠᠵᠤ ᠠᠮᠢᠲᠤᠷᠠᠯ᠎ᠠᠴᠠ 《ᠰᠤᠶᠤᠭ ᠪᠤᠷᠤ》᠂ 《ᠲᠤᠯᠢᠨ ᠬᠤᠯᠠ》᠂ 《ᠡᠬᠦᠯᠡᠨ ᠬᠦᠬᠡ》᠂ 《ᠵᠢᠭᠠᠬᠠᠨ ᠱᠢᠷᠭ᠎ᠠ》 ᠭᠡᠲᠡᠯ᠎ᠡ 《ᠮᠦᠨᠲᠦᠭᠡᠷ ᠰᠠᠭᠠᠷᠠᠯ》᠂ 《ᠽᠠᠨᠲᠠᠨ ᠬᠦᠷᠡᠩ》 ᠭᠡᠳ ᠤᠯᠠᠨ ᠰᠠᠢᠬᠠᠨ ᠠᠶ᠎ᠠ ᠲᠠᠭᠤᠤ ᠲᠦᠷᠦᠨ ᠭᠠᠷᠤᠭ᠍ᠰᠠᠨ ᠪᠢᠯᠡ᠃

ᠠᠯᠤᠰ ᠲᠡᠷᠲᠡᠭᠡᠬᠢ ᠡᠾᠦ᠋ᠩᠨᠤ᠎ᠶ᠋ᠢᠨ ᠤᠨ᠎ᠨᠤᠭᠤᠳ᠎ᠲᠤ ᠤᠨᠤᠵᠤ ᠶᠠᠪᠤᠭ᠍ᠰᠠᠨ ᠪᠢᠲᠠᠷᠲᠤ ᠬᠦᠯᠦᠭ᠎ᠠᠴᠠ ᠡᠬᠢᠯᠡᠭᠡᠳ ᠨᠡᠬᠦᠲᠡᠯᠴᠢᠳ ᠪᠢᠲᠡᠨ᠎ᠤ ᠠᠮᠢᠲᠤᠷᠠᠯ᠎ᠤᠨ ᠠᠴᠢᠶ᠎ᠠ᠎ᠶ᠋ᠢ ᠮᠤᠷᠢ ᠮᠢᠨᠢ ᠯᠡ ᠡᠬᠦᠷᠴᠤ᠌ ᠲᠡᠬᠦᠷᠴᠤ᠌᠂ ᠠᠴᠢᠵᠤ ᠭᠠᠨᠵᠤᠭᠠᠯᠠᠵᠤ ᠢᠷᠡᠭ᠌ᠰᠡᠨ᠃ ᠢᠯᠬᠢᠨ ᠲᠤᠯᠤᠮ᠎ᠶ᠋ᠢᠡᠨ ᠡᠮᠡᠭᠡᠯ ᠲᠡᠭᠡᠬᠦᠷ᠎ᠢᠶᠠᠨ ᠲᠡᠩᠨᠡᠬᠦᠯᠵᠤ᠂ ᠦᠨᠡᠭᠡ ᠱᠠᠬᠠᠷ᠂ ᠴᠢᠨ᠋ᠸ᠎ᠠ ᠮᠠᠩᠭᠢᠰᠤᠨ᠎ᠤ ᠠᠷᠠᠰᠤ᠎ᠪᠠᠷ ᠭᠠᠨᠵᠤᠭ᠎ᠠ᠎ᠪᠠᠨ ᠮᠢᠯᠢᠶᠡᠨ ᠬᠡᠢᠮᠤᠷᠢ ᠰᠡᠷᠬᠦᠭᠡᠵᠤ ᠶᠠᠪᠤᠲᠠᠭ ᠪᠠᠢᠭ᠍ᠰᠠᠨ ᠡ ᠪᠢᠲᠡ᠃ ᠡᠮᠦᠰᠦᠭ᠌ᠰᠡᠨ ᠭᠤᠲᠤᠯ ᠬᠦᠷᠲᠡᠯ᠎ᠡ ᠬᠦᠨᠲᠤ ᠰᠠᠨᠠᠭ᠍ᠲᠠᠲᠠᠭ ᠬᠤᠨᠢᠨ ᠤᠭ᠍ᠲᠤᠭᠤᠯ ᠨᠠᠷᠠᠨ ᠲᠤᠤᠷ᠎ᠠ ᠦᠯᠦᠰᠦᠭ᠌ᠰᠡᠨ᠂ ᠶᠠᠲᠠᠷᠠᠭ᠍ᠰᠠᠨ᠎ᠤ ᠬᠠᠮᠤᠭ ᠲᠤᠬᠤᠷᠠᠭᠤᠯᠤᠯ ᠮᠤᠷᠢ ᠮᠢᠨᠢ ᠯᠡ ᠪᠠᠢᠲᠠᠭ ᠪᠠᠢᠯ᠎ᠠ᠃ ᠲᠡᠢᠮᠤ ᠡ᠂ ᠮᠤᠷᠢ ᠯᠡ ᠭᠡᠬᠦ᠌᠎ᠪᠠᠷ ᠠᠪᠤ᠎ᠶ᠋ᠢᠨ᠎ᠢᠶᠠᠨ ᠠᠷᠤ᠎ᠳᠤ ᠰᠤᠨᠲᠠᠯᠠᠭᠠᠳ ᠪᠤᠵᠢᠬᠢᠨᠠᠭ᠍ᠰᠠᠨ ᠱᠢᠭᠤᠷᠭᠠᠨ ᠲᠤᠮᠲᠠᠭᠤᠷ ᠪᠠᠷᠢᠭᠠᠲᠠ᠎ᠶ᠋ᠢᠨ ᠰᠤᠷᠭᠠᠭᠤᠯᠢ ᠤᠷᠤᠭᠤ ᠶᠠᠪᠤᠵᠤ ᠪᠠᠢᠭ᠍ᠰᠠᠨ ᠲᠠᠯᠠᠨ ᠨᠢᠭᠡᠨ ᠤᠨ᠎ᠤ ᠡᠪᠦᠯ ᠰᠠᠨᠠᠭ᠍ᠲᠠᠭᠠᠳ ᠢᠷᠡᠨ᠎ᠡ᠃ ᠠᠪᠤ ᠲᠠ ᠬᠤᠶᠠᠷ ᠯᠡ ᠨᠠᠮᠠᠶ᠋ᠢ ᠰᠤᠷᠭᠠᠭᠤᠯᠢ᠎ᠳᠤ ᠬᠦᠷᠭᠡᠭ᠌ᠰᠡᠨ ᠶᠤᠮ ᠱᠢᠤ᠂ ᠬᠦᠯᠦᠭ ᠮᠢᠨᠢ!

ᠡᠵᠡᠬᠦᠢ ᠴᠠᠭᠠᠨ ᠱᠢᠯᠢ᠎ᠳᠤ ᠴᠢ ᠵᠦᠭ ᠴᠢᠭ ᠮᠢᠨᠢ ᠪᠢᠯᠡ᠃ ᠡᠭᠡᠷᠡᠮ᠎ᠡ ᠶᠡᠭᠡ ᠲᠠᠯ᠎ᠠ᠎ᠳᠤ ᠴᠢ ᠱᠢᠨᠲᠠᠰᠤᠲᠤ ᠤᠨᠤᠭ᠎ᠠ ᠮᠢᠨᠢ ᠪᠢᠯᠡ᠃ ᠤᠯᠠᠩᠭᠠᠰᠤᠭ᠍ᠰᠠᠨ ᠴᠢᠨ᠋ᠸ᠎ᠠ᠎ᠠᠴᠠ ᠰᠦᠷᠦᠭ᠎ᠢᠶᠠᠨ ᠬᠠᠮᠠᠭᠠᠯᠠᠵᠤ ᠲᠤᠭᠤᠷᠠᠢ᠎ᠪᠠᠨ ᠴᠠᠪᠴᠢᠯᠠᠨ ᠲᠠᠭᠠᠷᠢᠲᠠᠭ ᠵᠤᠷᠢᠭ᠎ᠲᠤ ᠴᠢᠨᠢ ᠪᠢ ᠬᠠᠢᠷᠠᠲᠠᠢ᠂ ᠤᠲᠤᠮ ᠤᠭ᠍ᠰᠠᠭ᠎ᠠ᠎ᠪᠠᠨ ᠴᠡᠪᠡᠷ ᠠᠪᠴᠤ᠌ ᠶᠠᠪᠤᠬᠤ᠎ᠶ᠋ᠢᠨ ᠲᠦᠯᠦᠭᠡ ᠦᠬᠢᠨ ᠲᠦᠯ᠎ᠢᠶᠠᠨ ᠬᠠᠰᠤᠵᠤ ᠭᠠᠷᠭᠠᠲᠠᠭ ᠵᠢᠷᠦᠮ᠎ᠳᠤ ᠴᠢᠨᠢ ᠨᠡᠩ ᠬᠠᠢᠷᠠᠲᠠᠢ᠃ ᠮᠤᠷᠢ ᠮᠢᠨᠢ ᠴᠢ ᠠᠬᠢ ᠤᠩᠭᠤᠲᠤᠮ᠎ᠠ ᠭᠤᠪᠢ᠎ᠶ᠋ᠢᠨ ᠬᠠᠯᠠᠭᠤᠨ᠎ᠳᠤ ᠰᠡᠯᠬᠢ᠂ ᠠᠮᠢ ᠦᠷᠢᠰᠦᠭ᠌ᠰᠡᠨ ᠱᠢᠷᠦᠬᠦᠨ ᠲᠠᠢᠨ᠎ᠳᠤ ᠰᠤᠮᠤ᠂ ᠠᠮᠠᠷᠠᠭ᠎ᠲᠠᠭᠠᠨ ᠲᠡᠮᠡᠦᠯᠦᠭ᠌ᠰᠡᠨ ᠭᠡᠨ ᠨᠢᠭᠡᠨ᠎ᠳᠤ ᠵᠢᠬᠦᠷ᠂ ᠠᠯᠤᠰ᠎ᠢ ᠵᠤᠷᠢᠭ᠍ᠰᠠᠨ ᠬᠦᠮᠦᠨ ᠪᠤᠯᠭᠠᠨ᠎ᠳᠤ ᠨᠠᠢᠲᠠᠪᠤᠷᠢ ᠪᠤᠯᠵᠤ ᠶᠠᠪᠤᠭ᠍ᠰᠠᠨ ᠶᠤᠮ ᠱᠢᠤ!

ᠴᠢᠮᠠᠶ᠋ᠢ ᠬᠠᠶᠠᠭᠠᠨ᠎ᠳᠤᠨᠢ ᠬᠠᠶᠠᠭ᠍ᠰᠠᠨ᠂ ᠴᠠᠪᠴᠢᠵᠤ ᠢᠲᠡᠲᠡᠭ ᠠᠮᠢᠲᠠᠨ ᠪᠡᠯᠴᠢᠭᠡᠷ ᠰᠦᠢᠳᠭᠡᠲᠡᠭ ᠭᠡᠳ ᠦᠨᠲᠦᠰᠤ᠎ᠶ᠋ᠢ ᠴᠢᠨᠢ ᠲᠠᠰᠤᠯᠬᠤ ᠱᠢᠬᠠᠭ᠍ᠰᠠᠨ ᠲᠡᠨᠲᠦᠷ ᠮᠡᠨᠲᠦᠷ ᠤᠨ ᠵᠢᠯ᠎ᠤᠳ᠎ᠢ ᠪᠢ ᠮᠡᠲᠡᠨ᠎ᠡ᠃ ᠴᠢᠮᠠᠶ᠋ᠢ ᠲᠡᠭᠡᠰᠦᠨ ᠨᠤᠭ᠍ᠲᠤ᠎ᠲᠠᠢ᠂ ᠵᠢᠶᠤᠤᠫᠢ ᠴᠢᠲᠦᠷ᠎ᠲᠠᠢ᠂ ᠲᠡᠯ᠎ᠢᠶᠠᠨ ᠬᠢᠷᠪᠢᠬᠦᠯᠵᠤ᠂ ᠰᠡᠬᠦᠯ᠎ᠢᠶᠠᠨ ᠲᠠᠭᠠᠷᠢᠭᠤᠯᠵᠤ ᠶᠠᠪᠤᠭ᠍ᠰᠠᠨ ᠬᠦᠨᠲᠤ ᠦᠶ᠎ᠡ᠎ᠳᠤ ᠶᠠᠭᠠᠬᠢᠬᠤ᠎ᠪᠠᠨ ᠤᠯᠬᠤ ᠦᠭᠡᠢ ᠭᠠᠷ᠎ᠢᠶᠠᠨ ᠨᠤᠬᠤᠯᠠᠨ ᠭᠠᠴᠢᠭ᠍ᠲᠠᠵᠤ ᠨᠠᠮᠤᠷ᠎ᠤᠨ ᠬᠦᠭᠡ ᠮᠠᠨᠠᠨ ᠲᠤᠮᠲᠠ ᠠᠭᠤᠯᠠᠨ ᠤᠷᠤᠢ ᠲᠡᠭᠡᠷ᠎ᠡ ᠤᠬᠢᠯᠠᠵᠤ ᠰᠠᠭᠤᠭ᠍ᠰᠠᠨ ᠬᠦᠭᠡᠷᠦᠬᠦᠢ ᠠᠲᠤᠭᠤᠴᠢᠨ ᠪᠢ ᠪᠢᠯᠡ᠃ ᠴᠢᠮᠠᠶ᠋ᠢ ᠭᠡᠩᠭᠦᠲᠡᠭ ᠴᠡᠭᠡᠵᠢᠨ᠎ᠳᠡᠭᠡᠨ ᠦᠷᠭᠡᠰᠦᠲᠤ ᠵᠠᠩᠭᠤᠤ᠎ᠳᠤ ᠤᠷᠠᠭᠤᠯᠤᠭ᠍ᠰᠠᠨ ᠱᠢᠷᠬ᠎ᠠ᠎ᠲᠠᠢ᠂ ᠨᠢᠷᠤᠭᠤ ᠲᠠᠱᠢᠶᠠᠨ᠎ᠳᠠᠭᠠᠨ ᠳ᠋ᠠᠶᠤᠤ ᠬᠤᠲᠠᠷᠭ᠎ᠠ᠎ᠪᠠᠷ ᠬᠤᠯᠭᠤᠭᠤᠯᠤᠭ᠍ᠰᠠᠨ ᠰᠤᠷᠪᠢ᠎ᠲᠠᠢ ᠭᠠᠵᠠᠷᠯᠠᠨ ᠬᠦᠶᠦᠵᠤ ᠢᠷᠡᠬᠦ᠌᠎ᠳᠤ ᠴᠢᠨᠢ᠄ 《ᠡᠨᠡ ᠲᠦᠷᠦᠯ᠎ᠳᠤ ᠴᠢᠨᠢ ᠡᠷᠬᠢᠵᠤ ᠬᠤᠲᠠᠯᠲᠤᠬᠤ ᠦᠭᠡᠢ!》 ᠭᠡᠵᠤ ᠲᠠᠩᠭᠠᠷᠢᠭ ᠲᠠᠯᠪᠢᠭᠠᠳ ᠵᠡᠬᠦᠨ ᠪᠠᠷᠠᠭᠤᠨ ᠠᠢᠯ᠎ᠲᠠᠢ᠎ᠪᠠᠨ ᠬᠠᠮᠵᠢᠯᠴᠠᠨ ᠠᠲᠤᠭᠤᠨ᠎ᠤ ᠪᠡᠯᠴᠢᠭᠡᠷ ᠵᠠᠢᠴᠢᠯᠠᠵᠤ ᠬᠤᠷᠱᠢᠨ ᠮᠠᠯᠵᠢᠭ᠍ᠰᠨᠨ ᠭᠠᠨᠲᠠᠭᠤᠨ ᠮᠠᠯᠴᠢᠨ ᠪᠢ ᠪᠢᠯᠡ ᠁

ᠴᠢᠮ᠎ᠠ᠎ᠲᠠᠢ ᠴᠤᠭ ᠬᠠᠷᠠᠲᠠᠭ᠍ᠲᠠᠵᠤ᠂ ᠭᠠᠲᠠᠭᠤᠷᠴᠢᠯᠠᠭ᠍ᠲᠠᠵᠤ᠂ ᠶᠠᠪᠤᠵᠤ ᠰᠠᠭᠤᠬᠤ᠎ᠪᠠᠨ ᠭᠡᠲᠡᠬᠦᠯᠵᠤ ᠪᠠᠢᠭ᠍ᠰᠠᠨ ᠤᠷᠤᠭᠤ ᠲᠤᠷᠤᠢ ᠦᠶ᠎ᠡ ᠮᠠᠨ᠎ᠳᠤ ᠪᠤᠢ᠃ ᠤᠮᠠᠷᠠᠲᠤ᠎ᠶ᠋ᠢᠨ ᠠᠭᠤᠵᠢᠮ ᠲᠠᠯ᠎ᠠ᠎ᠳᠤ ᠬᠡᠴᠢᠨᠡᠨ ᠵᠢᠯ ᠱᠢᠭᠤᠷᠭ᠎ᠠ ᠰᠦᠷᠦᠨ ᠲᠠᠪᠬᠢᠭ᠍ᠰᠠᠨ ᠤᠲᠤᠮᠲᠤ ᠬᠦᠯᠦᠭ᠎ᠤᠨ ᠤᠨᠠᠭ᠎ᠠ ᠪᠤᠯᠬᠤᠷ ᠴᠢ 《ᠵᠤᠷᠢᠭ᠍ᠰᠠᠨ ᠭᠠᠵᠠᠷ ᠴᠢᠨᠢ ᠬᠤᠯᠠ ᠱᠢᠤ᠂ ᠵᠤᠷᠢᠭ᠎ᠢᠶᠠᠨ ᠪᠢᠲᠡᠭᠡᠢ ᠮᠤᠬᠤᠭᠠᠷᠠᠢ》 ᠭᠡᠰᠡᠨ ᠱᠢᠭ ᠲᠤᠷᠬᠢᠨ ᠲᠤᠷᠭᠢᠨ ᠲᠤᠩᠱᠢᠵᠤ᠂ ᠲᠡᠮᠡᠦᠯᠦᠨ ᠲᠡᠮᠡᠦᠯᠦᠨ ᠬᠠᠲᠠᠷᠢᠭ᠍ᠰᠠᠭᠠᠷ ᠪᠠᠷᠠᠭᠠᠨ ᠬᠠᠷᠠᠩᠭᠤᠢ ᠲᠡᠷᠡ ᠦᠶ᠎ᠡ᠎ᠶ᠋ᠢ ᠲᠤᠭᠤᠯᠵᠤ ᠪᠢᠯᠡ᠃ ᠲᠡᠦᠬᠡ ᠴᠢᠮᠠᠶ᠋ᠢ ᠬᠠᠲᠠᠨ᠎ᠤ ᠢᠷᠮᠡᠭ᠎ᠲᠤ ᠠᠪᠠᠴᠢᠭ᠎ᠠ ᠦᠭᠡᠢ᠂ ᠲᠡᠦᠬᠡ᠎ᠶ᠋ᠢ ᠮᠢᠨᠢ ᠪᠠᠯᠠᠯᠬᠤ ᠭᠡᠰᠡᠨ ᠬᠤᠤᠷᠠᠨ ᠰᠠᠨᠠᠭᠠᠲᠠᠨ᠎ᠢ ᠬᠠᠷᠢᠨ ᠤᠷᠤᠭ᠍ᠰᠢᠯᠠᠬᠤ ᠵᠠᠮ᠎ᠠᠴᠠ ᠮᠢᠨᠢ ᠵᠠᠢᠯᠠᠭᠤᠯᠤᠭ᠍ᠰᠠᠨ! ᠴᠢᠮᠠᠶ᠋ᠢ ᠲᠤᠭ᠎ᠠ᠎ᠪᠠᠷ ᠪᠡᠯᠭᠡᠱᠢᠶᠡᠭ᠌ᠰᠡᠨ 《ᠠᠵᠢᠨᠠᠢ》 ᠨᠠᠢᠷ᠂ ᠵᠢᠰᠤ᠎ᠪᠠᠷ ᠢᠵᠢᠯᠢᠱᠢᠬᠦᠯᠦᠭ᠌ᠰᠡᠨ ᠠᠷᠠᠳ᠎ᠤᠨ ᠬᠤᠷᠱᠢᠶᠠᠵᠢᠯ᠂ ᠲᠡᠦᠬᠡ᠎ᠪᠠᠷ ᠲᠤᠷᠠᠳᠭᠠᠭ᠍ᠰᠠᠨ ᠮᠤᠷᠢᠲᠤ ᠴᠡᠷᠢᠭ᠎ᠤᠨ ᠰᠤᠮᠤ ᠬᠢᠭᠡᠳ ᠴᠢᠨᠤ ᠤᠮᠤᠭ ᠰᠦᠰᠤ᠂ ᠴᠤᠭ ᠵᠢᠪᠬᠤᠭ᠎ᠠ᠎ᠶ᠋ᠢ ᠠᠮᠢᠯᠠᠭᠤᠯᠤᠭ᠍ᠰᠠᠨ 《ᠲᠤᠯᠢᠨ ᠬᠤᠯᠠ》᠎ᠶ᠋ᠢᠨ ᠠᠶᠠᠯᠭᠤ᠂ ᠤᠯᠠᠭᠠᠨᠮᠦᠢ᠍ᠴᠢᠷ᠎ᠢᠶᠠᠨ᠎ᠲᠠᠭᠠᠨ ᠴᠤᠢᠯᠤᠭ᠍ᠰᠠᠭᠠᠷ ᠪᠠᠢᠭ᠎ᠠ ᠬᠤᠭᠤᠷ᠎ᠤᠨ ᠡᠭᠡᠱᠢᠭ ᠁ ᠠᠯᠢ ᠠᠯᠢᠨ᠎ᠳᠤᠨᠢ ᠪᠢ ᠪᠠᠶᠠᠷᠯᠠᠵᠤ ᠶᠠᠪᠤᠲᠠᠭ᠃ ᠮᠦᠽᠸᠢ᠎ᠶ᠋ᠢᠨ ᠴᠠᠭᠠᠨ ᠠᠰᠠᠷ᠂ ᠴᠤᠨᠵᠢᠨ ᠪᠤᠯᠲᠤᠭ᠂ ᠭᠠᠨᠲᠠᠷᠢ᠎ᠶ᠋ᠢᠨ ᠱᠢᠯᠢ᠂ ᠱᠢᠯᠢ᠎ᠶ᠋ᠢᠨ ᠭᠤᠤᠯ᠎ᠤᠨ ᠬᠦᠪᠡᠭᠡ᠂ ᠤᠯᠢᠶᠠᠰᠤᠲᠠᠢ ᠪᠠᠯᠭᠠᠰᠤ᠂ ᠬᠠᠭᠤᠴᠢᠨ ᠪᠠᠷᠭᠤ᠎ᠶ᠋ᠢᠨ ᠬᠤᠲᠠᠬᠠᠨ ᠭᠡᠳ ᠴᠢᠨᠤ ᠱᠤᠭᠤᠮᠠᠯ᠎ᠲᠠᠢ ᠭᠠᠵᠠᠷ ᠪᠦᠬᠦᠨ᠎ᠳᠤ ᠪᠢ ᠵᠢᠷᠤᠭ᠎ᠢᠶᠠᠨ ᠲᠠᠷᠤᠭᠤᠯᠵᠤ ᠶᠠᠪᠤᠭ᠍ᠰᠠᠨ᠃ ᠴᠢᠨᠤ ᠪᠠᠷᠢᠮᠠᠯ᠎ᠲᠠᠢ ᠭᠠᠵᠠᠷ ᠪᠦᠬᠦᠨ ᠨᠠᠲᠠ ᠮᠤᠷᠢᠨ᠎ᠳᠤ ᠬᠠᠢᠷᠠᠲᠠᠢ ᠮᠤᠩᠭᠤᠯ ᠬᠦᠮᠦᠨ᠎ᠤ ᠬᠠᠯᠠᠭᠤᠨ ᠰᠡᠳᠭᠢᠯ᠎ᠢ ᠮᠡᠲᠡᠷᠡᠬᠦᠯᠵᠤ ᠪᠠᠢᠭ᠍ᠰᠠᠨ ᠡ᠃

ᠮᠤᠩᠭᠤᠯ᠎ᠤᠨ ᠨᠡᠬᠦᠲᠡᠯᠴᠢᠳ᠎ᠢ ᠦᠶ᠎ᠡ᠎ᠠᠴᠠ ᠦᠶ᠎ᠡ᠎ᠳᠤ ᠵᠤᠷᠢᠭ᠍ᠰᠠᠨ ᠭᠠᠵᠠᠷ᠎ᠲᠤᠨᠢ ᠬᠦᠷᠭᠡᠵᠤ ᠶᠠᠪᠤᠭ᠍ᠰᠠᠨ ᠪᠤᠭᠤᠷᠤᠯ ᠲᠡᠦᠬᠡ᠎ᠶ᠋ᠢᠨ ᠬᠦᠭ᠌ᠰᠢᠨ ᠬᠤᠤᠬᠤᠩ᠂ ᠮᠤᠩᠭᠤᠯ ᠲᠦᠮᠡᠨ᠎ᠤ ᠬᠤᠪᠢ ᠵᠠᠶᠠᠭ᠎ᠠ᠎ᠶ᠋ᠢ ᠨᠠᠮᠬᠠᠨ ᠨᠢᠷᠤᠭᠤᠨ᠎ᠳᠠᠭᠠᠨ ᠠᠴᠢᠵᠤ ᠬᠦᠶᠦᠭ᠌ᠰᠡᠨ ᠬᠤᠷᠢᠲᠤᠭᠠᠷ ᠵᠠᠭᠤᠨ᠎ᠤ ᠤᠬᠠᠭ᠎ᠠ ᠬᠤᠩᠭᠤᠷ᠂ ᠮᠤᠩᠭᠤᠯ ᠤᠶᠠᠭᠠᠴᠢ᠎ᠶ᠋ᠢᠨ ᠲᠠᠯᠲᠠ ᠬᠡᠢᠷᠭᠡᠯ᠎ᠢ ᠲᠤᠷᠭᠠᠨ ᠬᠦᠶᠦᠲᠡᠯ᠎ᠢᠶᠠᠷ᠎ᠢᠶᠠᠨ ᠮᠢᠯᠢᠶᠠᠭ᠍ᠴᠢ ᠬᠤᠤᠰ ᠱᠢᠷᠭ᠎ᠠ ᠴᠦᠮ ᠮᠤᠩᠭᠤᠯ ᠭᠠᠵᠠᠷ᠎ᠤᠨ ᠲᠠᠭᠤᠲᠤ ᠬᠦᠯᠦᠭ ᠪᠢᠯᠡ᠃ ᠲᠠᠪᠢᠭᠠᠳ ᠵᠢᠯ᠎ᠤᠨ ᠲᠡᠷᠲᠡᠭᠡ ᠬᠦᠷᠦᠷᠠᠭ᠍ᠴᠠ ᠪᠢᠲᠡ ᠬᠤᠶᠠᠷ ᠱᠢᠬ ᠬᠦᠲᠡᠭᠡ᠎ᠶ᠋ᠢᠨ ᠬᠦᠪᠡᠬᠦᠳ᠎ᠢ ᠡᠭᠡᠭᠡ ᠠᠲᠠᠯᠢᠬᠠᠨ ᠰᠡᠳᠭᠢᠯ ᠵᠢᠷᠦᠬᠡ᠎ᠪᠠᠷ ᠮᠢᠨᠢ ᠠᠷᠭᠠᠮᠵᠢᠵᠤ ᠶᠠᠪᠤᠭ᠍ᠰᠠᠨ ᠮᠤᠩᠭᠤᠯ ᠨᠤᠲᠤᠭ᠎ᠤᠨ ᠠᠭᠤᠯᠠ ᠤᠰᠤ ᠦᠨᠤ ᠴᠤ᠌ ᠭᠡᠰᠡᠨ ᠲᠠᠭᠤᠤ᠎ᠲᠠᠢ᠎ᠪᠠᠨ᠂ ᠲᠤᠮᠤᠭ᠎ᠲᠠᠢ᠎ᠪᠠᠨ᠂ ᠬᠤᠷᠭᠤᠲᠠᠮᠠᠷ ᠰᠠᠢᠬᠠᠨ ᠠᠮᠢᠲᠤᠷᠠᠯ᠎ᠲᠠᠢ᠎ᠪᠠᠨ ᠪᠤᠢ᠃ ᠲᠡᠷᠡ ᠨᠤᠲᠤᠭ᠎ᠤᠨ ᠠᠵᠤ ᠠᠮᠢᠲᠤᠷᠠᠯ᠎ᠢ ᠬᠤᠯᠪᠤᠵᠤ ᠶᠠᠪᠤᠲᠠᠭ ᠱᠢᠨᠲᠠᠰᠤᠲᠤ ᠬᠦᠯᠦᠭ᠎ᠤᠨ ᠨᠡᠷ᠎ᠡ ᠲᠦᠷᠤ ᠦᠰᠴᠤ᠌᠂ ᠦᠨᠦᠲᠦᠷ ᠭᠡᠬᠦ᠌᠎ᠳᠤ ᠲᠦᠷᠤ᠎ᠶ᠋ᠢᠨ ᠲᠦᠪᠱᠢᠨ᠎ᠳᠤ ᠬᠦᠷᠴᠡᠢ᠃ 《ᠮᠤᠩᠭᠤᠯ ᠮᠤᠷᠢᠨ᠎ᠤ ᠵᠤᠷᠢᠭ ᠰᠠᠨᠠᠭ᠎ᠠ》 ᠭᠡᠲᠡᠭ ᠬᠦᠨᠲᠤ ᠲᠤᠰᠤᠯᠲᠠ᠎ᠲᠠᠢ ᠦᠭᠡ ᠤᠳᠤ ᠨᠢᠭᠡᠨᠲᠡ ᠦᠪᠦᠷ ᠮᠤᠩᠭᠤᠯ ᠤᠷᠤᠨ᠎ᠤ ᠠᠵᠢᠯ ᠦᠢᠯᠡᠰ᠎ᠤᠨ᠎ᠬᠢᠨ᠎ᠤ ᠦᠢᠯᠡᠰ ᠵᠢᠳᠬᠦᠯ᠎ᠢᠶᠠᠨ ᠪᠠᠷᠢᠮᠵᠢᠶᠠᠯᠠᠭ᠍ᠴᠢ ᠡᠷᠡᠮᠡᠭᠡᠢ ᠵᠤᠷᠢᠭ ᠱᠢᠭᠤᠳᠮᠠᠭᠠᠢ ᠠᠷᠠᠨᠱᠢᠨ᠎ᠤ ᠲᠦᠯᠦᠭᠡᠨ᠎ᠤ ᠨᠡᠷ᠎ᠡ ᠪᠤᠯᠤᠭᠠᠳ ᠪᠠᠢᠨ᠎ᠠ᠃ ᠴᠠᠰᠤ ᠱᠢᠭᠤᠷᠭ᠎ᠠ ᠬᠤᠢᠯᠠᠷᠠᠭ᠍ᠰᠠᠨ ᠬᠢᠩᠭᠠᠨ ᠲᠠᠪᠠᠭᠠᠨ᠎ᠤ ᠤᠷᠭᠢᠯ ᠲᠡᠭᠡᠷ᠎ᠡ᠎ᠠᠴᠠ ᠤᠮᠠᠷᠠᠲᠤ ᠬᠢᠯᠢ᠎ᠪᠠᠨ ᠪᠠᠷᠠᠯᠠᠨ ᠰᠡᠳᠭᠢᠯ ᠬᠠᠨᠤᠮᠵᠢᠲᠠᠢ ᠮᠦᠱᠢᠶᠡᠭ᠌ᠰᠡᠨ ᠲᠦᠷᠤ᠎ᠶ᠋ᠢᠨ ᠮᠠᠨᠢ ᠲᠡᠷᠢᠬᠦᠨ ᠡᠨᠡ ᠦᠨᠡᠲᠤ ᠦᠭᠡ᠎ᠶ᠋ᠢ ᠲᠡᠯᠡᠬᠡᠢ᠎ᠳᠤ ᠰᠤᠨᠤᠰᠭᠠᠭ᠍ᠰᠠᠨ ᠶᠤᠮ᠃ ᠶᠡᠭᠡ ᠬᠦᠷᠦᠨ᠎ᠤ ᠱᠢᠨ᠎ᠡ ᠴᠠᠭ ᠦᠶ᠎ᠡ᠎ᠳᠤ ᠮᠤᠩᠭᠤᠯ ᠮᠤᠷᠢ ᠨᠡᠷ᠎ᠡ᠎ᠪᠠᠨ ᠲᠠᠭᠤᠷᠢᠰᠤᠭᠤᠯᠤᠭ᠍ᠰᠠᠨ᠎ᠨᠢ ᠡᠨᠡ᠃

ᠮᠤᠩᠭᠤᠯ ᠬᠦᠮᠦᠨ ᠭᠡᠬᠦ᠌᠎ᠲᠠᠢ ᠵᠡᠷᠭᠡ ᠮᠤᠷᠢᠨ ᠬᠤᠭᠤᠷ᠂ ᠤᠷᠲᠤ᠎ᠶ᠋ᠢᠨ ᠲᠠᠭᠤᠤ ᠭᠡᠵᠤ ᠲᠠᠪᠤᠨ ᠲᠢᠪ᠎ᠤᠨ ᠢᠷᠭᠡᠳ ᠪᠢᠲᠡᠨ᠎ᠢ ᠮᠡᠲᠡᠲᠡᠭ᠃ ᠲᠡᠷᠡ ᠪᠤᠯ ᠪᠢᠲᠡᠨ᠎ᠤ ᠪᠠᠭ᠍ᠠᠷᠬᠠᠯ᠂ ᠠᠭᠤᠲᠠᠮ ᠨᠤᠲᠤᠭ᠎ᠲᠠᠭᠠᠨ ᠲᠡᠨᠢᠬᠦᠨ ᠲᠠᠢᠪᠤᠩ ᠠᠮᠢᠲᠤᠷᠠᠲᠠᠭ ᠤᠷᠲᠤ ᠬᠤᠷᠮᠤᠢᠲᠠᠨ᠎ᠨᠤᠭᠤᠳ᠎ᠤᠨ ᠢᠵᠠᠭᠤᠷ ᠰᠤᠶᠤᠯ ᠰᠠᠨ᠃ ᠲᠡᠷᠡ ᠰᠤᠶᠤᠯ᠎ᠢ ᠮᠤᠷᠢ ᠮᠢᠨᠢ ᠯᠡ ᠠᠴᠢᠵᠤ ᠦᠨᠤ ᠡᠷᠢᠨ᠎ᠳᠤ ᠬᠦᠷᠭᠡᠭ᠌ᠰᠡᠨ᠃ ᠲᠡᠭᠡᠬᠦ᠌᠎ᠪᠠᠷ ᠪᠢᠲᠡ ᠭᠠᠵᠠᠷ ᠪᠠᠢᠬᠤ᠎ᠳᠤ ᠤᠨᠤᠭ᠎ᠠ ᠬᠦᠯᠦᠭ ᠮᠢᠨᠢ ᠪᠤᠯᠤᠭ᠍ᠰᠠᠨ᠂ ᠰᠠᠨᠰᠠᠷ᠎ᠲᠤ ᠬᠦᠭᠡᠷᠬᠦ᠌᠎ᠳᠤ ᠰᠠᠨᠠᠭ᠎ᠠ ᠵᠢᠬᠦᠷ ᠮᠢᠨᠢ ᠪᠤᠯᠤᠭ᠍ᠰᠠᠨ ᠱᠢᠨᠲᠠᠰᠤᠲᠤ ᠬᠦᠯᠦᠭ᠎ᠢᠶᠠᠨ ᠬᠡᠵᠢᠶ᠎ᠡ ᠴᠤ᠌ ᠬᠠᠶᠠᠵᠤ ᠪᠤᠯᠬᠤ ᠦᠭᠡᠢ᠃ ᠤᠳᠤ ᠪᠤᠯᠲᠠᠯ᠎ᠠ ᠪᠢ ᠠᠷᠤ ᠭᠠᠵᠠᠷ᠎ᠤᠨ ᠠᠷᠬᠠᠢ ᠲᠠᠷᠬᠠᠢ ᠠᠢᠮᠠᠭ ᠪᠦᠯᠦᠭ᠎ᠤᠳ᠎ᠢ ᠬᠡᠲᠦᠨ ᠲᠢᠪ ᠲᠠᠮᠵᠢᠨ ᠲᠠᠪᠬᠢᠵᠤ᠂ ᠭᠡᠲᠤᠨ ᠵᠠᠭᠤᠨ ᠰᠤᠨᠲᠠᠯᠠᠨ ᠪᠡᠲᠡᠷᠢᠵᠤ᠂ ᠬᠡᠲᠦᠨ ᠬᠦᠷᠦᠨ᠎ᠳᠤ ᠵᠤᠬᠢᠴᠠᠨ ᠠᠮᠢᠲᠤᠷᠠᠬᠤ᠎ᠳᠤ ᠲᠤᠷᠠᠲᠠᠢ ᠭᠠᠵᠠᠷ᠎ᠨᠢ ᠬᠦᠷᠭᠡᠵᠤ ᠦᠭ᠌ᠭᠦᠭ᠌ᠰᠡᠨ᠂ ᠲᠤᠷᠠᠲᠠᠢ ᠭᠠᠵᠠᠷ᠎ᠨᠢ ᠪᠤᠴᠠᠭᠠᠵᠤ ᠠᠪᠴᠢᠷᠠᠭ᠍ᠰᠠᠨ ᠤᠲᠤᠮ᠎ᠤᠨ ᠤᠨᠤᠭ᠎ᠠ — ᠮᠤᠷᠢ᠎ᠪᠠᠷ᠎ᠢᠶᠠᠨ ᠵᠢᠬᠦᠷᠯᠡᠨ᠂ ᠲᠤᠰᠤᠨ᠎ᠤ ᠪᠤᠬᠢᠷᠲᠤᠯ ᠦᠭᠡᠢ᠂ ᠲᠤᠳᠤᠭᠠᠲᠤ ᠱᠢᠲᠠᠯᠲᠠ᠎ᠶ᠋ᠢᠨ ᠭᠠᠴᠢᠭ᠍ᠲᠠᠯ ᠦᠭᠡᠢ ᠲᠠᠪᠠᠲᠠᠢᠬᠠᠨ ᠠᠮᠢᠲᠤᠷᠠᠵᠤ ᠶᠠᠪᠤᠭ᠎ᠠ ᠶᠤᠮ ᠭᠡᠵᠤ ᠪᠠᠭ᠍ᠠᠲᠠᠢᠬᠠᠨ ᠪᠤᠲᠤᠵᠤ ᠶᠠᠪᠤᠲᠠᠭ ᠶᠤᠮ᠃

ᠱᠢᠨᠲᠠᠰᠤᠲᠤ ᠬᠦᠯᠦᠭ ᠮᠢᠨᠢ᠂ ᠡᠷᠴᠢᠲᠤ ᠵᠢᠬᠦᠷ ᠮᠢᠨᠢ ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号