《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠣᠮ ᠢ᠋ ᠠᠩᠬ᠎ᠠ ᠲᠠᠷᠬᠠᠭᠠᠬᠣ ᠶᠣᠰᠣᠯᠠᠯ ᠶᠠᠪᠣᠬᠲᠠᠪᠠ
2025-10-20 10:43:19
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

10 ᠰᠠᠷ᠎ᠠ ᠵᠢᠨ 17 ᠤ᠋ ᠣᠷᠣᠢ᠂ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠡᠴᠡ ᠭᠣᠣᠯᠯᠠᠨ ᠡᠷᠬᠢᠯᠡᠵᠦ᠂ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠵᠢᠨ ᠲᠠᠭᠣᠣ ᠬᠦᠭᠵᠢᠮ ᠤ᠋ᠨ ᠲᠡᠭᠡᠲᠦ ᠰᠣᠷᠭᠠᠭᠣᠯᠢ ᠵᠡᠷᠭᠡ ᠨᠢᠭᠡᠴᠢ ᠡᠴᠡ ᠲᠠᠭᠠᠭᠠᠴᠢᠯᠠᠨ ᠡᠷᠬᠢᠯᠡᠭᠰᠡᠨ ᠳ᠋ᠣᠺᠲ᠋ᠣᠷ ᠪᠦᠷᠢᠨᠪᠠᠶᠠᠷ ᠤ᠋ᠨ 《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠤᠮ ᠢ᠋ ᠠᠩᠬ᠎ᠠ ᠲᠠᠷᠬᠠᠭᠠᠬᠣ ᠶᠣᠰᠣᠯᠠᠯ ᠵᠢᠴᠢ ᠴᠠᠭᠠᠨᠪᠠᠷᠰ ᠤ᠋ᠨ ᠬᠡᠪ ᠨᠠᠮᠪᠠᠭᠠᠲᠦ ᠬᠣᠷᠴᠢᠨ ᠠᠷᠠᠳ ᠤ᠋ᠨ ᠲᠠᠭᠣᠣ ᠵᠢᠨ ᠦᠵᠡᠬᠦᠯᠭᠡ ᠵᠢᠨ ᠲᠣᠬᠯᠠᠯᠲᠠ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠳ᠋ᠦ ᠶᠠᠪᠣᠬᠲᠠᠪᠠ᠃

《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠣᠮ ᠪᠤᠯ ᠲᠣᠮᠲᠠᠲᠣ ᠣᠯᠣᠰ ᠤ᠋ᠨ ᠣᠷᠠᠯᠢᠬ ᠤ᠋ᠨ ᠮᠡᠷᠭᠡᠵᠢᠯ ᠤ᠋ᠨ ᠰᠣᠷᠭᠠᠨ ᠬᠦᠮᠦᠵᠢᠯ ᠤ᠋ᠨ ᠨᠡᠢᠭᠡᠮᠯᠢᠭ ᠤ᠋ᠨ ᠪᠠᠢᠩᠭᠣ ᠵᠢᠨ ᠬᠡᠷᠡᠭ ᠡᠷᠬᠢᠯᠡᠭᠴᠢ᠂ ᠳ᠋ᠣᠺᠲ᠋ᠣᠷ ᠪᠦᠷᠢᠨᠪᠠᠶᠠᠷ ᠤ᠋ᠨ 10 ᠭᠠᠷᠣᠢ ᠵᠢᠯ ᠤ᠋ᠨ ᠰᠣᠷᠪᠣᠯᠵᠢᠯᠠᠭ᠎ᠠ ᠪᠠ ᠪᠠᠢᠴᠠᠭᠠᠨ ᠰᠣᠲᠣᠯᠣᠯᠲᠠ ᠪᠡᠷ ᠲᠠᠮᠵᠢᠨ ᠪᠦᠲᠦᠭᠡᠭᠰᠡᠨ ᠡᠷᠳᠡᠮ ᠰᠢᠨᠵᠢᠯᠡᠭᠡᠨ ᠤ᠋ ᠪᠦᠲᠦᠭᠡᠯ ᠪᠣᠯᠬᠣ ᠪᠦᠭᠡᠳ ᠣᠯᠣᠰ ᠤ᠋ᠨ ᠲᠣᠲᠣᠭᠠᠲᠣ ᠳ᠋ᠦ ᠠᠩᠬ᠎ᠠ ᠣᠲᠠᠭ᠎ᠠ ᠲᠠᠷᠬᠠᠨ ᠲᠠᠭᠣᠴᠢᠨ ᠴᠠᠭᠠᠨᠪᠠᠷᠰ ᠤ᠋ᠨ ᠣᠷᠠᠯᠢᠬ ᠤ᠋ᠨ ᠠᠶᠠᠨ ᠢ᠋ ᠰᠢᠰᠲ᠋ᠸᠮ ᠲᠠᠢ ᠡᠮᠬᠢᠯᠡᠨ ᠲᠢᠭᠯᠡᠭᠰᠡᠨ ᠪᠦᠲᠦᠭᠡᠯ ᠪᠤᠯᠤᠨ᠎ᠠ᠃ ᠲᠣᠰ ᠨᠣᠮ ᠳ᠋ᠦ ᠲᠠᠭᠣᠴᠢᠨ ᠴᠠᠭᠠᠨᠪᠠᠷᠰ ᠤ᠋ᠨ ᠦᠰᠴᠦ ᠪᠣᠢᠵᠢᠬᠰᠠᠨ ᠲᠡᠦᠬᠡᠨ ᠠᠬᠣᠢ᠂ ᠴᠠᠬ ᠣᠷᠴᠢᠨ ᠵᠢᠴᠢ ᠠᠷᠠᠳ ᠤ᠋ᠨ ᠲᠠᠭᠣᠴᠢᠨ ᠪᠣᠯᠵᠦ ᠬᠦᠮᠦᠵᠢᠭᠲᠡᠨ᠂ ᠲᠠᠷᠬᠠᠨ ᠲᠠᠭᠣᠴᠢᠨ ᠬᠡᠮᠡᠨ ᠠᠯᠲᠠᠷᠰᠢᠬᠰᠠᠨ ᠣᠷᠠᠯᠢᠬ ᠤ᠋ᠨ ᠵᠠᠮᠨᠠᠯ ᠢ᠋ ᠰᠢᠨᠵᠢᠯᠡᠨ ᠮᠦᠷᠲᠡᠵᠦ᠂ ᠲᠠᠷᠬᠠᠨ ᠲᠠᠭᠣᠴᠢᠨ ᠴᠠᠭᠠᠨᠪᠠᠷᠰ ᠤ᠋ᠨ ᠲᠠᠭᠣᠯᠠᠬᠰᠠᠨ ᠲᠠᠭᠣᠣ ᠵᠢᠨ ᠲᠦᠷᠦᠯ ᠵᠦᠢᠯ᠂ ᠣᠨᠴᠠᠯᠢᠬ ᠬᠢᠭᠡᠳ ᠲᠠᠭᠣᠯᠠᠬᠣ ᠣᠷ᠎ᠠ ᠮᠡᠷᠭᠡᠰᠢᠯ ᠵᠡᠷᠭᠡ ᠲᠠᠯ᠎ᠠ ᠪᠡᠷ ᠣᠨᠣᠯᠵᠢᠭᠣᠯᠣᠨ ᠳ᠋ᠦᠩᠨᠡᠭᠰᠡᠨ ᠪᠠᠢᠨ᠎ᠠ᠃

ᠶᠣᠰᠣᠯᠠᠯ ᠳ᠋ᠤ ᠨᠣᠮ ᠲᠠᠷᠬᠠᠭᠠᠬᠣ ᠪᠠ ᠠᠷᠠᠳ ᠤ᠋ᠨ ᠲᠠᠭᠣᠣ ᠵᠢᠨ ᠦᠵᠡᠬᠦᠯᠭᠡ ᠵᠢᠨ ᠲᠣᠬᠯᠠᠯᠲᠠ ᠵᠢ ᠣᠶᠠᠯᠲᠣᠭᠣᠯᠣᠨ ᠶᠠᠪᠣᠬᠲᠠᠭᠤᠯᠵᠦ᠂ ᠵᠣᠬᠢᠶᠠᠬᠴᠢ ᠡᠴᠡ ᠲᠠᠷᠬᠠᠨ ᠲᠠᠭᠣᠴᠢᠨ ᠴᠠᠭᠠᠨᠪᠠᠷᠰ ᠤ᠋ᠨ ᠲᠠᠭᠣᠯᠠᠬᠰᠠᠨ 《ᠨᠠᠨᠯᠢᠶᠠᠩ ᠲᠣᠷᠭᠠᠨ ᠣᠭᠣᠲᠠ》᠂ 《ᠳ᠋ᠠᠨᠠᠪᠠᠯ》᠂ 《ᠬᠠᠨ ᠰᠢᠦ ᠶᠢᠩ》 ᠵᠡᠷᠭᠡ ᠠᠮᠠ ᠲᠠᠮᠵᠢᠨ ᠣᠯᠠᠮᠵᠢᠯᠠᠬᠲᠠᠬᠰᠠᠨ 10 ᠲᠠᠭᠣᠣ ᠵᠢ ᠲᠠᠭᠣᠯᠠᠵᠦ ᠰᠣᠨᠢᠷᠬᠠᠭᠣᠯᠣᠬᠰᠠᠨ ᠪᠦᠭᠡᠳ ᠪᠠᠰᠠ ᠦᠪᠦᠷ ᠮᠣᠩᠭᠣᠯ ᠤ᠋ᠨ ᠨᠣᠮ ᠤ᠋ᠨ ᠰᠠᠩ᠂ ᠦᠪᠦᠷ ᠮᠣᠩᠭᠣᠯ ᠤ᠋ᠨ ᠨᠡᠢᠭᠡᠮ ᠤ᠋ᠨ ᠰᠢᠨᠵᠢᠯᠡᠬᠦ ᠣᠬᠠᠭᠠᠨ ᠤ᠋ ᠬᠦᠷᠢᠶᠡᠯᠡᠩ᠂ ᠦᠪᠦᠷ ᠮᠣᠩᠭᠣᠯ ᠤ᠋ᠨ ᠶᠡᠬᠡ ᠰᠣᠷᠭᠠᠭᠣᠯᠢ ᠵᠢᠨ ᠨᠣᠮ ᠤ᠋ᠨ ᠰᠠᠩ᠂ ᠦᠪᠦᠷ ᠮᠣᠩᠭᠣᠯ ᠤ᠋ᠨ ᠣᠳᠬ᠎ᠠ ᠵᠣᠬᠢᠶᠠᠯ ᠤ᠋ᠨ ᠣᠷᠲᠣᠨ᠂ ᠦᠪᠦᠷ ᠮᠣᠩᠭᠣᠯ ᠤ᠋ᠨ ᠣᠷᠠᠯᠢᠬ ᠤ᠋ᠨ ᠲᠡᠭᠡᠲᠦ ᠰᠣᠷᠭᠠᠭᠣᠯᠢ ᠵᠢᠨ ᠨᠣᠮ ᠤ᠋ᠨ ᠰᠠᠩ᠂ ᠬᠦᠬᠡᠬᠣᠲᠠ ᠦᠨᠳᠦᠰᠦᠲᠡᠨ ᠤ᠋ ᠲᠡᠭᠡᠲᠦ ᠰᠣᠷᠭᠠᠭᠣᠯᠢ ᠵᠢᠨ ᠨᠣᠮ ᠤ᠋ᠨ ᠰᠠᠩ ᠳ᠋ᠦ 《ᠲᠠᠷᠬᠠᠨ ᠲᠠᠭᠣᠴᠢᠨ ᠴᠠᠭᠠᠨᠪᠠᠷᠰ ᠤ᠋ᠨ ᠰᠣᠲᠣᠯᠣᠯ》 ᠭᠡᠬᠦ ᠨᠣᠮ ᠶ᠋ᠢᠡᠨ ᠪᠡᠯᠡᠭᠯᠡᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号