ᠵᠠᠶᠠᠭᠠᠨ᠎ᠤ ᠮᠢᠨᠢ ᠲᠣᠷᠭᠠᠨ ᠦᠯᠦᠭᠡᠢ
2025-10-22 11:17:05
ᠵᠣᠬᠢᠶᠠᠭ᠍ᠴᠢ᠄
ᠴᠢᠮᠪᠠᠢ
ᠣᠩᠱᠢᠭ᠍ᠰᠠᠨ ᠣᠳᠠᠭ᠎ᠠ᠄
★★★☆☆


ᠲᠡᠯᠡᠭᠡᠢ᠎ᠶ᠋ᠢᠨ ᠬᠦᠷᠦᠰᠦᠨ᠎ᠠᠴᠠ

ᠴᠠᠭ ᠬᠤᠭᠤᠴᠠᠭᠠᠨ᠎ᠤ ᠦᠨᠦᠷ

ᠰᠠᠮᠰᠠ ᠭᠡᠳᠡᠭᠡᠯᠡᠨ᠎ᠡ

ᠡᠭᠡ ᠭᠠᠵᠠᠷ᠎ᠢᠶᠠᠨ ᠠᠢᠵᠠᠮᠳᠠᠢᠬᠠᠨ ᠬᠦᠭ᠌ᠵᠢᠮᠳᠡᠭ᠌ᠰᠡᠨ

ᠬᠦᠯᠦᠭ᠎ᠤᠨ ᠲᠣᠭᠤᠷᠠᠢ

ᠣᠯᠠᠮ ᠣᠯᠠᠮ ᠦᠢᠷᠠᠳᠣᠨ᠎ᠠ

ᠠᠭᠤᠯᠠᠰ᠎ᠤᠨ᠎ᠢᠶᠠᠨ ᠪᠠᠷ᠎ᠠ᠎ᠶ᠋ᠢ ᠬᠠᠷᠠᠵᠦ᠍ ᠦᠰᠦᠭ᠌ᠰᠡᠨ

ᠠᠯᠳᠠᠷᠠᠢ ᠮᠢᠨᠦ᠍

ᠲᠠᠢᠪᠣᠭᠤᠬᠠᠨ ᠠᠮᠢᠰᠭᠤᠭ᠎ᠠ

ᠠᠮᠣᠭᠤᠯᠠᠩᠬᠠᠨ ᠲᠦᠷᠢ᠎ᠪᠠᠷ

ᠦᠨᠦᠰᠦᠨ ᠦᠷᠦᠱᠢᠶᠡᠭ᠌ᠰᠡᠨ

ᠡᠴᠢᠭᠡ ᠲᠦᠱᠢᠭ — ᠵᠠᠷᠣᠳ ᠮᠢᠨᠦ᠍




ᠨᠢᠯ ᠶᠠᠭᠠᠨ ᠪᠦᠷᠦᠢ

ᠣᠶᠠᠭᠠᠨ᠎ᠠᠴᠠ ᠠᠯᠳᠠᠷᠠᠨ᠎ᠠ

ᠨᠢᠬᠡᠮᠦᠰᠦᠨ ᠬᠤᠯᠠᠳᠠᠭ᠍ᠰᠠᠨ ᠠᠷᠠᠳ᠎ᠤᠨ ᠨᠢᠭᠡᠨ ᠲᠠᠭᠤᠣ

ᠰᠡᠳᠭᠢᠯ᠎ᠳᠤ ᠪᠠᠭᠤᠨ᠎ᠠ

ᠠᠶ᠎ᠠ —

ᠬᠠᠮᠢᠭ᠎ᠠ᠎ᠠᠴᠠ ᠴᠣᠣᠷᠢᠶᠠᠳᠣᠭ᠍ᠰᠠᠨ

ᠮᠣᠷᠢᠨ ᠬᠤᠭᠤᠷ᠎ᠤᠨ ᠮᠢᠨᠢ ᠠᠶᠠᠯᠭᠤ ᠪᠣᠢ

ᠡᠪᠡᠰᠦ᠎ᠨᠢ ᠬᠦᠷᠳᠡᠯ᠎ᠡ

ᠬᠦᠭ᠌ᠵᠢᠮ᠎ᠤᠨ ᠬᠡᠯᠡ᠎ᠲᠠᠢ

ᠡᠷᠭᠡ ᠲᠠᠷᠬ᠎ᠠ᠎ᠶ᠋ᠢᠨ ᠲᠠᠢᠯᠪᠣᠷᠢ

ᠡᠩ ᠦᠭᠡᠢ ᠠᠭᠤᠳᠠᠮ᠎ᠢ ᠲᠠᠨᠢᠭᠤᠯᠣᠭ᠍ᠰᠠᠨ

ᠡᠵᠢ ᠬᠠᠢᠷ᠎ᠠ — ᠵᠠᠷᠣᠳ ᠮᠢᠨᠦ᠍




ᠡᠩᠬᠦᠷᠡᠢᠬᠡᠨ ᠴᠡᠴᠡᠭᠡᠰ ᠠᠯᠠᠭᠠᠨ᠎ᠠ ᠪᠦᠵᠢᠬᠦ᠌᠎ᠨᠢ

ᠰᠠᠷᠠᠨ᠎ᠤ ᠭᠡᠷᠡᠯ᠎ᠳᠤ ᠭᠠᠩᠬᠤᠬᠤ

ᠡᠷᠪᠡᠬᠡᠢ ᠵᠡᠬᠦᠳᠦᠯᠡᠵᠦ᠍

ᠭᠡᠭᠡ᠎ᠳᠤᠨᠢ ᠠᠷᠭᠠᠳᠠᠭᠤᠯᠬᠤ

ᠠᠨᠢᠷ ᠦᠭᠡᠢ᠎ᠶ᠋ᠢᠨ ᠵᠢᠷᠤᠭ

ᠰᠠᠢᠬᠠᠨ ᠠᠮᠠᠷᠠᠭ᠎ᠤᠨ ᠬᠢᠨᠢ ᠱᠢᠪᠡᠨᠡᠭᠡ ᠮᠡᠳᠦ

ᠠᠵᠠ ᠵᠢᠷᠭᠠᠯ᠎ᠤᠨ ᠲᠦᠷᠪᠡᠨ ᠴᠠᠭ

ᠲᠠᠯ᠎ᠠ᠎ᠶ᠋ᠢᠨ ᠰᠠᠯᠬᠢ᠎ᠪᠠᠨ ᠪᠠᠶᠠᠰᠭᠠᠨ ᠵᠢᠷᠬᠢᠭ᠌ᠰᠡᠨ

ᠣᠳᠣᠳ᠎ᠨᠢ ᠬᠦᠷᠳᠡᠯ᠎ᠡ

ᠣᠷᠣᠭᠤᠯ᠎ᠤᠨ ᠬᠡ᠎ᠲᠠᠢ

ᠣᠩᠭᠤᠳ ᠴᠠᠭᠠᠨ ᠴᠠᠬᠢᠭᠤᠷ ᠣᠴᠢᠯᠠᠬᠤ

ᠲᠣᠮᠤᠭ᠎ᠤᠨ᠎ᠬᠢ ᠮᠡᠳᠦ

ᠲᠣᠷᠠᠯᠠᠯ᠎ᠤᠨ ᠲᠣᠣᠯᠢ — ᠵᠠᠷᠣᠳ ᠮᠢᠨᠦ᠍




ᠬᠦᠰᠡᠯ᠎ᠤᠨ ᠵᠢᠬᠦᠷ ᠲᠡᠯᠬᠡᠨ

ᠦᠷᠡᠰ ᠴᠢᠨᠢ ᠬᠤᠯᠠ ᠨᠢᠰᠭᠦ᠎ᠳᠤ

ᠰᠠᠢᠨ᠎ᠤ ᠢᠷᠦᠭᠡᠯ ᠬᠠᠢᠷᠠᠯᠠᠭ᠍ᠰᠠᠨ

ᠰᠦ᠎ᠶ᠋ᠢᠨ ᠰᠠᠴᠣᠯᠢ᠎ᠲᠠᠢ ᠠᠯᠳᠠᠩᠬᠠᠨ ᠨᠣᠳᠤᠭ ᠮᠢᠨᠢ

ᠰᠠᠨᠠᠬᠤ᠎ᠶ᠋ᠢᠨ ᠭᠱᠠᠨ᠎ᠳᠤ

ᠱᠢᠯᠦᠭ᠎ᠢᠶᠠᠷ ᠠᠷᠭᠠᠳᠠᠭ᠍ᠰᠠᠨ ᠬᠠᠷᠠᠬᠠᠨ ᠮᠡᠯᠮᠡᠢ ᠮᠢᠨᠢ

ᠦᠨᠢ ᠡᠬᠦᠷᠢᠳᠡ ᠣᠨᠳᠣᠷᠬᠤ

ᠠᠮᠢ ᠨᠠᠰᠣᠨ᠎ᠤ ᠪᠣᠯᠠᠭ

ᠦᠬᠦᠯ ᠬᠦᠷᠳᠡᠯ᠎ᠡ ᠰᠠᠯᠭᠠᠵᠦ᠍ ᠴᠢᠳᠠᠬᠤ ᠦᠭᠡᠢ

ᠦᠨᠡᠨ᠎ᠤ ᠬᠤᠷᠸ᠎ᠠ

ᠦᠮᠦᠭ᠌ᠯᠡᠵᠦ᠍ ᠨᠠᠮ᠎ᠠ᠎ᠪᠠᠨ ᠦᠷ᠎ᠡ᠎ᠪᠠᠨ ᠪᠣᠯᠭᠠᠭ᠍ᠰᠠᠨ

ᠦᠵᠡᠰᠭᠦᠯᠡᠩ᠎ᠤᠨ ᠣᠬᠢ ᠪᠠᠳᠮᠠᠯᠠᠬᠤ

ᠦᠯᠢᠭᠡᠷ᠎ᠤᠨ᠎ᠬᠢ ᠮᠡᠳᠦ

ᠵᠠᠶᠠᠭᠠᠨ᠎ᠤ ᠲᠣᠷᠭᠠᠨ ᠦᠯᠦᠭᠡᠢ — ᠵᠠᠷᠣᠳ ᠮᠢᠨᠦ᠍


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号