《ᠤᠶᠠᠩᠭ᠎ᠠ᠎ᠶ᠋ᠢᠨ ᠰᠦ᠎ᠲᠠᠢ ᠵᠠᠷᠤᠳ》ᠪᠤᠯ ᠰᠢᠨ᠎ᠡ ᠲᠤᠮᠳᠠᠳᠤ ᠤᠯᠤᠰ ᠪᠠᠢᠭᠤᠯᠤᠭᠳᠠᠭᠰᠠᠨ 75 ᠵᠢᠯ᠎ᠤᠨ ᠤᠢ᠎ᠳᠤ ᠵᠤᠷᠢᠭᠤᠯᠤᠭᠰᠠᠨ ᠲᠡᠭᠡᠷ᠎ᠡ ᠵᠠᠭᠤᠨ᠎ᠤ ᠵᠠᠷᠤᠳ ᠤᠷᠠᠨ ᠵᠤᠬᠢᠶᠠᠯᠴᠢᠳ᠎ᠤᠨ ᠵᠤᠬᠢᠶᠠᠯ ᠪᠦᠲᠦᠭᠡᠯ᠎ᠤᠨ ᠰᠤᠩᠭᠤᠮᠠᠯ ᠪᠤᠯᠤᠨ᠎ᠠ᠃
ᠵᠠᠷᠤᠳ ᠬᠤᠱᠢᠭᠤᠨ᠎ᠤ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠠᠴᠠ ᠭᠤᠤᠯᠯᠠᠨ ᠡᠷᠬᠢᠯᠡᠵᠤ᠂ ᠵᠠᠷᠤᠳ ᠬᠤᠱᠢᠭᠤᠨ᠎ᠤ ᠵᠤᠬᠢᠶᠠᠯᠴᠢᠳ᠎ᠤᠨ ᠡᠪᠯᠡᠯ᠎ᠠᠴᠠ ᠲᠠᠭᠠᠭᠠᠴᠢᠯᠠᠨ ᠨᠠᠢᠷᠠᠭᠤᠯᠤᠭ᠍ᠰᠠᠨ ᠢᠷᠠᠭᠤ ᠨᠠᠢᠷᠠᠭ᠂ ᠦᠭᠦᠯᠡᠯᠭᠡ ᠨᠠᠢᠷᠠᠭᠤᠯᠤᠯ᠎ᠤᠨ ᠶᠡᠷᠦᠩᠬᠡᠢᠯᠡᠭ᠌ᠰᠡᠨ ᠲᠡᠭᠦᠪᠦᠷᠢ 《ᠤᠶᠠᠩᠭ᠎ᠠ᠎ᠶ᠋ᠢᠨ ᠰᠦ᠎ᠲᠠᠢ ᠵᠠᠷᠤᠳ》 ᠲᠸ᠋ ᠱᠢᠯᠢᠭ᠌ᠳᠡᠭ᠌ᠰᠡᠨ ᠤᠷᠠᠨ ᠪᠦᠳᠦᠭᠡᠯ᠎ᠢ ᠨᠠᠷᠢᠪᠴᠢᠯᠠᠨ ᠤᠩᠱᠢᠬᠤ᠎ᠳᠤ ᠡᠨᠡᠷᠢᠯ ᠬᠠᠢᠷᠠᠳᠤ ᠡᠪ ᠬᠠᠮᠳᠤ ᠨᠠᠮ᠎ᠢᠶᠠᠨ ᠮᠠᠭ᠍ᠳᠠᠨ ᠲᠠᠭᠤᠯᠠᠭ᠍ᠰᠠᠨ᠂ ᠡᠯᠢᠭᠡᠨ ᠬᠠᠢᠷᠠᠳᠤ ᠡᠬᠡ ᠤᠯᠤᠰ᠎ᠢᠶᠠᠨ ᠤᠶᠠᠩᠭᠠᠯᠠᠨ ᠱᠢᠯᠦᠭ᠌ᠯᠡᠭ᠌ᠰᠡᠨ᠂ ᠲᠤᠮᠳᠠᠳᠤ᠎ᠶ᠋ᠢᠨ ᠦᠨᠳᠦᠰᠦᠲᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭᠴᠠᠯᠠᠭᠰᠠᠨ᠂ ᠦᠨᠳᠦᠰᠦᠲᠡᠨ᠎ᠤ ᠪᠦᠯᠬᠦᠮᠲᠡᠯ ᠪᠤᠯᠤᠨ ᠦᠭᠡᠷᠡᠴᠢᠯᠠᠯᠳᠠ ᠨᠡᠭᠡᠭᠡᠯᠲᠠ᠎ᠶ᠋ᠢᠨ ᠦᠷ᠎ᠠ ᠪᠦᠲᠦᠮᠵᠢ᠎ᠶ᠋ᠢ ᠤᠶᠠᠩᠭᠠᠯᠠᠨ ᠲᠠᠭᠤᠯᠠᠭ᠍ᠰᠠᠨ ᠦᠭᠡᠲᠡᠷᠭᠡᠭ ᠰᠠᠨᠠᠭ᠎ᠠ᠂ ᠢᠳᠡᠪᠬᠢ ᠡᠨᠧᠷᠬᠢ᠎ᠲᠠᠢ ᠲᠤᠷᠪᠢᠯᠢᠭ ᠪᠦᠲᠦᠭᠡᠯ ᠵᠠᠬ᠎ᠠ᠎ᠠᠴᠠ ᠤᠯᠠᠨ ᠬᠠᠷᠠᠭ᠍ᠳᠠᠨ᠎ᠠ᠃ ᠦᠵᠡᠰᠭᠦᠯᠡᠩᠳᠤ ᠰᠠᠢᠬᠠᠨ ᠵᠠᠷᠤᠳ ᠬᠤᠱᠢᠭᠤ ᠪᠤᠯ ᠬᠤᠷᠴᠢᠨ ᠨᠤᠳᠤᠭ᠎ᠤᠨ ᠬᠤᠢᠳᠦ ᠬᠡᠰᠡᠭ᠎ᠲᠤ ᠱᠢᠭᠢᠳᠭᠡᠭ᠌ᠰᠡᠨ ᠨᠢᠭᠡᠨ ᠭᠡᠷᠡᠯᠳᠤ ᠰᠤᠪᠤᠳ᠃ ᠮᠤᠩᠭᠤᠯ᠂ ᠬᠢᠲᠠᠳ᠂ ᠬᠤᠲᠤᠩ ᠵᠡᠷᠭᠡ ᠠᠷᠪᠠᠨ ᠭᠤᠷᠪᠠᠨ ᠦᠨᠳᠦᠰᠦᠲᠡᠨ᠎ᠢᠶᠠᠷ ᠪᠦᠷᠢᠯᠳᠦᠭ᠌ᠰᠡᠨ 26 ᠲᠦᠮᠡᠨ ᠬᠦᠮᠦᠨ ᠠᠮᠠ᠎ᠲᠠᠢ᠂ 1.75 ᠲᠦᠮᠡᠨ ᠲᠡᠭ᠌ᠰᠢ ᠲᠦᠷᠪᠡᠯᠵᠢᠨ ᠺᠢᠯᠤᠮᠧᠲᠷ ᠨᠤᠳᠤᠭ ᠲᠡᠪᠢᠰᠭᠡᠷ᠎ᠲᠠᠢ ᠡᠨᠡ ᠨᠤᠳᠤᠭ ᠪᠤᠯ 《ᠲᠤᠮᠳᠠᠳᠤ ᠤᠯᠤᠰ᠎ᠤᠨ ᠲᠠᠭᠤᠷᠢᠯᠢᠭ᠎ᠤᠨ ᠨᠤᠳᠤᠭ》᠂ 《ᠲᠤᠮᠳᠠᠳᠤ ᠤᠯᠤᠰ᠎ᠤᠨ ᠠᠷᠠᠳ᠎ᠤᠨ ᠤᠷᠠᠯᠢᠭ᠎ᠤᠨ ᠨᠤᠳᠤᠭ》᠂ 《ᠲᠤᠮᠳᠠᠳᠤ ᠤᠯᠤᠰ᠎ᠤᠨ ᠦᠨᠳᠦᠰᠦᠲᠡᠨ᠎ᠤ᠎ᠪᠠᠷ ᠵᠢᠷᠤᠭ᠎ᠤᠨ ᠨᠤᠳᠤᠭ》 ᠪᠤᠯᠬᠤ ᠶᠤᠮ᠃
《ᠭᠤᠷᠪᠠᠨ ᠵᠠᠷᠤᠳ ᠶᠠᠪᠤᠪᠠᠯ ᠨᠢᠭᠡ᠎ᠨᠢ ᠬᠤᠭᠤᠷᠴᠢ》 ᠭᠡᠳᠡᠭ᠎ᠢᠶᠠᠷ ᠲᠠᠩᠰᠤᠭ ᠰᠠᠢᠬᠠᠨ ᠵᠠᠷᠤᠳ ᠬᠤᠱᠢᠭᠤ ᠪᠤᠯ ᠲᠠᠶᠠᠩ᠎ᠳᠤ ᠠᠯᠲᠠᠷᠱᠢᠭ᠍ᠰᠠᠨ ᠬᠤᠭᠤᠷᠴᠢ᠎ᠶ᠋ᠢᠨ ᠦᠯᠦᠭᠡᠢ ᠪᠤᠯᠬᠤ ᠪᠢᠯᠠ᠃ ᠲᠠᠭᠤᠷᠢᠯᠢᠭ᠎ᠤᠨ ᠲᠠᠷᠬᠠᠨ᠎ᠢᠶᠠᠷ ᠴᠤᠯᠠᠯᠠᠭ᠍ᠳᠠᠭ᠍ᠰᠠᠨ ᠲᠠᠷᠬᠠᠨ ᠬᠤᠭᠤᠷᠴᠢ ᠫᠠᠵᠠᠢ᠂ ᠮᠤᠤᠡᠦ᠋ᠬᠢᠨ ᠡᠨᠡ ᠨᠤᠳᠤᠭ᠎ᠲᠤ ᠮᠡᠨᠳᠦᠯᠡᠭ᠌ᠰᠡᠨ ᠪᠦᠭᠡᠳ ᠦᠯᠢᠭᠡᠷ᠎ᠤᠨ ᠲᠠᠷᠬᠠᠨ ᠪᠢᠴᠢᠭ᠌ᠲᠡᠨ ᠬᠤᠭᠤᠷᠴᠢ ᠵᠠᠨ᠎ᠠ᠂ ᠠᠯᠲᠠᠷᠳᠤ ᠬᠤᠭᠤᠷᠴᠢ ᠰᠠᠷᠠᠨᠮᠠᠨᠳᠤᠯ᠎ᠠ᠂ ᠲᠤᠷᠵᠢ᠂ ᠴᠤᠢᠵᠢᠺᠠᠸᠠ᠂ ᠷᠠᠱᠢᠤᠳᠽᠠᠷ᠂ ᠯᠤᠤᠽᠡᠷ ᠮᠡᠳᠤ᠎ᠶ᠋ᠢᠨ ᠠᠷᠠᠳ᠎ᠤᠨ ᠤᠷᠠᠨ ᠰᠠᠢᠬᠠᠨᠴᠢ ᠨᠠᠷ ᠨᠤᠳᠤᠭ ᠤᠰᠤᠨ᠎ᠤ ᠨᠡᠷ᠎ᠠ ᠠᠯᠲᠠᠷ᠎ᠢ ᠶᠢᠷᠲᠢᠨᠴᠤ᠎ᠶ᠋ᠢᠨ ᠴᠢᠬᠢᠨ᠎ᠠ ᠲᠠᠭᠤᠷᠢᠰᠤᠭᠤᠯᠵᠤ ᠂ ᠨᠡᠢᠭᠡᠮ ᠨᠡᠢᠲᠡ᠎ᠶ᠋ᠢᠨ ᠬᠠᠯᠠᠭᠤᠨ ᠬᠦᠷᠢᠶᠡᠯᠡᠯ᠎ᠢ ᠤᠯᠵᠤ ᠶᠠᠪᠤᠭ᠍ᠰᠠᠨ ᠪᠢᠯᠠ᠃
ᠨᠠᠶᠠᠭᠠᠳ ᠤᠨ᠎ᠠᠴᠠ ᠡᠮᠤᠨ᠎ᠠ᠂ ᠵᠠᠷᠤᠳ ᠬᠤᠱᠢᠭᠤᠨ᠎ᠤ ᠵᠤᠬᠢᠶᠠᠯᠴᠢᠳ ᠭᠡᠪᠡᠯ ᠪᠠᠳᠮ᠎ᠠ᠂ ᠷᠠᠱᠢᠪᠠᠯᠵᠤᠤᠷ᠂ ᠵᠠᠳᠠᠨᠵᠠᠪ᠂ ᠠᠭ᠍ᠳᠤᠩᠭᠠ᠂ ᠲᠤᠸᠠᠽᠠ᠂ ᠷᠠᠱᠢᠠᠤᠳᠽᠠᠷ᠂ ᠠᠯᠲᠠᠨᠪᠠᠭᠠᠨ᠎ᠠ᠂ ᠯᠤᠤᠽᠡᠷ᠂ ᠲᠤᠭ᠍ᠲᠠᠮᠠᠯ᠂ ᠭᠠᠳᠠᠨ᠂ ᠰ᠊·ᠲᠤᠩᠭᠠᠯᠠᠭ᠍ᠪᠤᠯᠠᠭ ᠁ ᠮᠡᠳᠦ᠍᠎ᠶ᠋ᠢᠨ ᠠᠷᠪᠠ ᠭᠠᠷᠤᠢ ᠬᠦᠮᠦᠰ ᠪᠠᠢᠯ᠎ᠠ᠃ ᠤᠳᠤ ᠪᠤᠯᠬᠤ᠎ᠳᠤ ᠮᠠ᠊·ᠡᠷᠳᠡᠨᠢᠪᠠᠳᠤ᠂ ᠠᠯᠳ᠋ᠬᠠᠤᠳᠤ᠂ ᠲᠤ᠋·ᠨᠠᠰᠤᠨᠵᠢᠷᠭᠠᠯ᠂ ᠬ᠋᠊·ᠮᠦᠩᠭᠡᠲᠡᠯᠭᠡᠷ᠂ ᠲ᠊·ᠪᠦᠷᠢᠨᠰᠠᠩ ᠨᠠᠷ᠎ᠢᠶᠠᠷ ᠲᠦᠯᠦᠭᠡᠯᠡᠭᠦᠯᠦᠭ᠌ᠰᠡᠨ ᠢᠷᠠᠭᠤ ᠨᠠᠢᠷᠠᠭ᠍ᠴᠢᠳ᠎ᠤᠨ ᠡᠩᠨᠡᠭᠡ; ᠬᠠᠷᠭᠤᠢ᠂ ᠲᠤᠤᠯᠠ᠂ ᠪᠠᠢ ᠫᠦ᠋ ᠷᠦᠩ᠂ ᠤ·ᠨᠠᠷᠬᠢᠯ ᠨᠠᠷ᠎ᠢᠶᠠᠷ ᠲᠦᠯᠦᠭᠡᠯᠡᠭᠦᠯᠦᠭ᠌ᠰᠡᠨ ᠲᠤᠭᠤᠵᠢᠰᠴᠢᠳᠤᠨ ᠡᠩᠨᠡᠭᠡ; ᠪᠤᠶᠠᠨᠳᠤᠭ᠍ᠳᠠᠬᠤ᠂ ᠴ᠊·ᠮᠦᠩᠭᠦᠠᠠᠷᠳᠡᠨᠢ ᠨᠠᠷ᠎ᠢᠶᠠᠷ ᠲᠦᠯᠦᠭᠡᠯᠡᠭᠦᠯᠦᠭ᠌ᠰᠡᠨ ᠱᠢᠭᠦᠮᠵᠢᠯᠡᠭ᠌ᠴᠢᠳᠤᠨ ᠡᠩᠨᠡᠭᠡ; ᠬᠠᠰᠭᠡᠷᠡᠯ᠂ ᠬᠠᠨ ᠱᠤ᠌ ᠮᠧᠢ᠂ ᠬᠠᠨ ᠤᠷᠠᠯᠢᠭ ᠨᠠᠷ᠎ᠢᠶᠠᠷ ᠲᠦᠯᠦᠭᠡᠯᠡᠭᠦᠯᠦᠭ᠌ᠰᠡᠨ ᠤᠷᠴᠢᠭᠤᠯᠤᠭ᠍ᠴᠢᠳᠤᠨ ᠡᠩᠨᠡᠭᠡ ᠪᠦᠷᠢᠯᠳᠤᠵᠤ᠂ ᠵᠤᠤᠵᠠᠢ ᠬᠤᠯᠪᠤᠭ᠍ᠰᠠᠨ ᠵᠠᠭᠤ ᠢᠯᠡᠭᠦᠦ ᠵᠤᠬᠢᠶᠠᠭ᠍ᠴᠢ᠎ᠲᠠᠢ ᠵᠢᠷᠭᠠᠯ ᠬᠠᠮᠳᠤᠳᠭᠠᠭ᠍ᠰᠠᠨ ᠨᠢᠭᠡ ᠠᠶᠠᠨ᠎ᠤ ᠢᠷᠦᠭᠡᠯ᠎ᠲᠠᠢ ᠬᠦᠴᠦᠷᠭᠡᠭ ᠡᠩᠨᠡᠭᠡ ᠪᠤᠯᠤᠭ᠍ᠰᠠᠨ ᠪᠠᠢᠨ᠎ᠠ᠃ ᠨᠡᠩ ᠢᠯᠠᠩᠭᠤᠶ᠎ᠠ ᠪᠡᠶ᠎ᠡ ᠮᠤᠬᠤᠪᠠᠴᠤ᠌ ᠪᠢᠯᠢᠭ ᠮᠤᠬᠤᠬᠤ ᠦᠭᠡᠢ᠂ ᠨᠠᠰᠤ ᠠᠭ᠍ᠰᠢᠷᠠᠪᠠᠴᠤ᠌ ᠪᠦᠲᠦᠭᠡᠯ ᠠᠭ᠍ᠰᠢᠷᠠᠬᠤ ᠦᠭᠡᠢ ᠬᠠᠲᠠᠨ ᠵᠤᠷᠢᠭ᠎ᠢᠶᠠᠷ ᠷᠠᠱᠢᠠᠤᠳᠽᠠᠷ᠂ ᠲᠤᠭ᠍ᠲᠠᠮᠠᠯ᠂ ᠭᠠᠲᠠᠨ᠂ ᠪᠠᠳᠤ᠂ ᠮᠢᠵᠢᠳᠰᠠᠩᠪᠤ᠂ ᠰᠠᠷᠵᠢᠮ᠎ᠠ ᠨᠠᠷ᠎ᠢᠶᠠᠷ ᠲᠦᠯᠦᠭᠡᠯᠡᠭᠦᠯᠦᠭ᠌ᠰᠡᠨ ᠠᠬᠠᠮᠠᠳ ᠵᠤᠬᠢᠶᠠᠯᠴᠢᠳ᠎ᠤᠨ ᠡᠩᠨᠡᠭᠡ ᠲᠠᠢᠴᠢᠯᠠᠨ ᠲᠠᠭᠠᠭᠤᠯᠬᠤ ᠦᠢᠯᠡᠳᠦᠯ᠎ᠢᠶᠠᠨ ᠪᠦᠷᠢᠨ ᠪᠠᠳᠠᠷᠠᠭᠤᠯᠤᠭ᠍ᠰᠠᠨ᠎ᠢᠶᠠᠷ ᠵᠠᠷᠤᠳ ᠤᠷᠠᠨ ᠵᠤᠬᠢᠶᠠᠯᠴᠢᠳᠢ ᠭᠠᠷ᠎ᠢ᠎ᠨᠢ ᠭᠠᠨᠵᠤᠭᠠᠨ᠎ᠳᠤ᠂ ᠬᠦᠯ᠎ᠢ᠎ᠨᠢ ᠲᠦᠷᠦᠭᠡᠨ᠎ᠳᠤ ᠡᠷᠭᠦᠨ ᠮᠤᠷᠲᠠᠭᠤᠯᠵᠤ ᠤᠶᠠᠩᠭ᠎ᠠ᠎ᠶ᠋ᠢᠨ ᠰᠦ᠎ᠲᠠᠢ ᠵᠠᠷᠤᠳ᠎ᠤᠨ ᠠᠯᠲᠠᠷ᠎ᠢ ᠤᠷᠴᠢᠯᠠᠩ᠎ᠤᠨ ᠵᠤᠯᠠᠢ᠎ᠳᠤ ᠨᠠᠭᠠᠵᠤ ᠶᠠᠪᠤᠭ᠍ᠰᠠᠨ ᠶᠤᠮ᠃ ᠨᠠᠶᠠᠭᠠᠳ ᠤᠨ᠎ᠤ ᠡᠬᠢᠨ᠎ᠤ ᠦᠶ᠎ᠠ᠎ᠳᠤ ᠵᠤᠬᠢᠶᠠᠯᠴᠢ ᠠᠯᠲᠠᠨᠪᠠᠭᠠᠨ᠎ᠠ᠎ᠶ᠋ᠢᠨ 《ᠯᠤᠤᠭᠦᠨᠢᠶᠠᠩ》 ᠬᠡᠬᠦ᠌ ᠦᠭᠦᠯᠡᠯᠬᠡ ᠤᠷᠤᠨ᠎ᠤ ᠱᠠᠩᠨᠠᠯ᠎ᠢ ᠲᠤᠰᠤᠭ᠍ᠰᠠᠨ᠎ᠠᠴᠠ ᠨᠠᠭᠠᠰᠢ ᠵᠠᠷᠤᠳ ᠤᠷᠠᠨ ᠪᠦᠲᠦᠭᠡᠯᠴᠢᠳ᠎ᠤᠨ ᠡᠯ᠎ᠡ ᠲᠦᠷᠦᠯ᠎ᠤᠨ ᠤᠷᠠᠨ ᠵᠤᠬᠢᠶᠠᠯ᠎ᠤᠨ ᠤᠷᠤᠯᠳᠤᠭᠠᠨ ᠱᠢᠯᠭᠠᠷᠠᠭᠤᠯᠤᠯᠲᠠ᠎ᠳᠤ ᠱᠠᠩᠨᠠᠯ ᠬᠦᠬᠢᠭᠦᠯᠦᠯ ᠲᠤᠰᠤᠭ᠍ᠰᠠᠨᠢ ᠠᠲᠡ ᠨᠢᠭᠡ ᠨᠢᠭᠡ᠎ᠪᠠᠷ ᠲᠤᠷᠠᠳᠭᠤ ᠦᠭᠡᠢ᠃ ᠭᠠᠭ᠍ᠴᠠ ᠬᠦ᠌ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠤᠷᠠᠨ ᠵᠤᠬᠢᠶᠠᠯ᠎ᠤᠨ 《ᠰᠤᠯᠤᠩᠭ᠎ᠠ》 ᠱᠠᠩᠨᠠᠯ᠎ᠤᠨ ᠲᠤᠯᠤᠳᠤᠭᠠᠷ ᠬᠤᠭᠤᠴᠠᠭᠠᠨ᠎ᠠᠴᠠ ᠠᠷᠪᠠᠨ ᠨᠢᠭᠡᠳᠦᠭᠡᠷ ᠬᠤᠭᠤᠴᠠᠭ᠎ᠠ ᠪᠤᠯᠲᠠᠯ᠎ᠠ ᠵᠠᠷᠤᠳ ᠬᠤᠱᠢᠭᠤᠨ᠎ᠤ ᠱᠢᠯᠦᠭ᠌ᠴᠢ ᠵᠤᠬᠢᠶᠠᠯᠴᠢ᠎ᠶ᠋ᠢᠨ ᠪᠦᠲᠦᠭᠡᠯ ᠲᠠᠰᠤᠯᠳᠠᠯ ᠦᠭᠡᠢ ᠱᠠᠩᠨᠠᠯ ᠬᠦᠷᠲᠡᠵᠤ ᠪᠠᠢᠭ᠍ᠰᠠᠨ ᠵᠢᠴᠢ ᠲᠤᠮᠳᠠᠳᠤ ᠤᠯᠤᠰ᠎ᠤᠨ ᠵᠤᠬᠢᠶᠠᠯᠴᠢᠳ᠎ᠤᠨ ᠡᠪᠯᠡᠯ᠎ᠳᠤ ᠤᠳᠤ ᠪᠤᠯᠲᠠᠯ᠎ᠠ ᠨᠠᠢ᠍ᠮᠠᠨ ᠵᠤᠬᠢᠶᠠᠯᠴᠢ ᠡᠯᠰᠡᠭ᠌ᠲᠡᠭ᠌ᠰᠡᠨᠨᠢ ᠵᠠᠷᠤᠳ ᠤᠷᠠᠨ ᠵᠤᠬᠢᠶᠠᠯ᠎ᠤᠨ ᠴᠡᠴᠡᠭ᠌ᠯᠡᠯ ᠬᠦᠭ᠌ᠵᠢᠯ᠎ᠤᠨ ᠪᠠᠳᠤ ᠭᠡᠷᠡᠴᠢ ᠪᠤᠯᠬᠤ᠎ᠶ᠋ᠢ ᠪᠢᠲᠡ ᠶᠠᠭᠤᠨ᠎ᠳᠤ ᠠᠨᠳᠠᠬᠤ ᠠᠵᠠᠢ᠃
ᠨᠠᠶᠠᠭᠠᠳ ᠤᠨ᠎ᠠᠴᠠ ᠡᠮᠤᠨ᠎ᠠ ᠪᠠᠳᠮ᠎ᠠ ᠪᠠᠭ᠍ᠰᠢ᠎ᠶ᠋ᠢᠨ《ᠠᠯᠲᠠᠨ ᠪᠡᠷᠰᠡ》 ᠷᠤᠮᠠᠨ᠂ ᠷᠠᠱᠢᠤᠳᠽᠠᠷ ᠪᠠᠭ᠍ᠰᠢ᠎ᠶ᠋ᠢᠨ 《ᠭᠠ ᠭᠠ ᠠᠢᠯᠤᠤ》 ᠭᠡᠬᠦ᠌ ᠮᠡᠳᠦ᠍᠎ᠶ᠋ᠢᠨ ᠬᠤᠶᠠᠷ ᠭᠤᠷᠪᠠᠭ᠍ᠠᠨ ᠲᠡᠭᠦᠪᠦᠷᠢ᠎ᠲᠠᠢ ᠪᠠᠢᠭ᠍ᠰᠠᠨ ᠪᠤᠯ ᠤᠳᠤ ᠪᠤᠯᠬᠤ᠎ᠳᠤ ᠬᠤᠪᠢ ᠬᠦᠮᠦᠨ᠎ᠤ ᠬᠡᠪᠯᠡᠭᠦᠯᠦᠭ᠌ᠰᠡᠨ ᠤᠷᠠᠨ ᠪᠦᠲᠦᠭᠡᠯ᠎ᠤᠨ ᠲᠡᠭᠦᠪᠦᠷᠢ ᠵᠠᠭᠤ ᠭᠤᠴᠢ ᠭᠠᠷᠤᠢ ᠪᠤᠯᠵᠤ᠂ 《ᠠᠯᠲᠠᠨ ᠦᠯᠦᠭᠡᠢ ᠵᠠᠷᠤᠳ》᠂ 《ᠲᠡᠭᠡ᠎ᠶ᠋ᠢᠨ ᠬᠠᠨ᠎ᠤ ᠪᠠᠷ᠎ᠠ》᠂ 《ᠵᠠᠷᠤᠳ᠎ᠤᠨ ᠲᠤᠮᠤᠭ》᠂ 《ᠲᠠᠯ᠎ᠠ ᠨᠤᠳᠤᠭ᠎ᠤᠨ ᠨᠡᠭᠦᠲᠡᠯ ᠮᠠᠯᠵᠢᠯ᠎ᠤᠨ ᠰᠤᠶᠤᠯ᠎ᠤᠨ ᠴᠤᠪᠤᠷᠠᠯ ᠪᠢᠴᠢᠭ — ᠵᠠᠷᠤᠳ ᠬᠤᠱᠢᠭᠤᠨ᠎ᠤ ᠪᠤᠳᠢ 》᠂ 《ᠦᠪᠦᠷ ᠮᠤᠩᠭᠤᠯ᠎ᠤᠨ ᠠᠷᠠᠳ᠎ᠤᠨ ᠠᠮᠠᠨ ᠦᠯᠢᠭᠡᠷ᠎ᠤᠨ ᠴᠢᠭᠤᠯᠭᠠᠨ — ᠵᠠᠷᠤᠳ ᠬᠤᠱᠢᠭᠤᠨ᠎ᠤ ᠪᠤᠳᠢ》᠂ 《 ᠶᠢᠰᠦᠨ ᠭᠤᠤᠯ᠎ᠤᠨ ᠠᠶᠠᠯᠭᠤᠨ 》᠂ 《ᠲᠠᠪᠤᠨ ᠬᠠᠨ᠎ᠤ ᠴᠤᠤᠷᠢᠶ᠎ᠠ》 ᠵᠡᠷᠭᠡ ᠠᠷᠪᠠ ᠭᠠᠷᠤᠢ ᠤᠷᠠᠨ ᠵᠤᠬᠢᠶᠠᠯ᠎ᠤᠨ ᠡᠮᠬᠢᠳᠭᠡᠯ ᠲᠡᠭᠦᠪᠦᠷᠢ ᠠᠷᠤ ᠠᠷᠤ᠎ᠠᠴᠠ᠎ᠪᠠᠨ ᠮᠡᠨᠳᠦᠯᠡᠭ᠌ᠰᠡᠨ ᠪᠠᠢᠨ᠎ᠠ᠃ ᠵᠤᠬᠢᠬᠤ ᠨᠢᠭᠡ ᠤᠳᠭ᠎ᠠ᠎ᠠᠴᠠ ᠬᠡᠯᠡᠪᠡᠯ᠂ 《ᠤᠶᠠᠩᠭ᠎ᠠ᠎ᠶ᠋ᠢᠨ ᠰᠦ᠎ᠲᠠᠢ ᠵᠠᠷᠤᠳ》 ᠬᠡᠭᠦ᠌ ᠤᠯᠠᠨ ᠬᠦᠮᠦᠨ᠎ᠤ ᠲᠡᠭᠦᠪᠦᠷᠢ ᠪᠤᠯ ᠲᠡᠭᠡᠷ᠎ᠡ ᠵᠠᠭᠤᠨ᠎ᠤ ᠵᠠᠷᠤᠳ ᠤᠷᠠᠨ ᠵᠤᠬᠢᠶᠠᠯᠴᠢᠳ᠎ᠤᠨ ᠵᠤᠬᠢᠶᠠᠨ ᠪᠦᠲᠦᠭᠡᠯᠭᠡ᠎ᠶ᠋ᠢᠨ ᠨᠡᠢᠲᠡ᠎ᠶ᠋ᠢᠨ ᠬᠢᠷᠢ ᠲᠦᠪᠱᠢᠨ᠎ᠢ ᠬᠠᠷᠠᠭᠤᠯᠵᠤ ᠪᠦᠬᠦᠢ ᠶᠡᠷᠦᠩᠭᠡᠢᠯᠡᠭ᠌ᠰᠡᠨ ᠲᠡᠭᠦᠪᠦᠷᠢ ᠪᠤᠯᠬᠤ ᠶᠤᠮ᠃
ᠦᠭᠡᠷᠡᠴᠢᠯᠡᠯᠲᠠ ᠨᠡᠭᠡᠭᠡᠯᠲᠡ᠎ᠶ᠋ᠢᠨ ᠲᠦᠴᠢ ᠭᠠᠷᠤᠢ ᠵᠢᠯ᠎ᠤᠨ ᠲᠤᠷᠰᠢ ᠨᠠᠮ᠎ᠤᠨ ᠦᠨᠳᠦᠰᠦᠲᠡᠨ᠎ᠤ ᠲᠦᠷᠦ᠍᠎ᠶ᠋ᠢᠨ ᠪᠤᠳᠤᠯᠭ᠎ᠠ᠎ᠶ᠋ᠢᠨ ᠲᠤᠶᠠᠭᠠᠯᠠᠯ ᠲᠤᠤᠷ᠎ᠠ ᠵᠠᠷᠤᠳ ᠬᠤᠱᠢᠭᠤᠨ᠎ᠤ ᠤᠳᠭ᠎ᠠ ᠤᠷᠠᠯᠢᠭ᠎ᠤᠨ ᠦᠢᠯᠡᠰ ᠨᠠᠷᠠᠨ ᠰᠠᠴᠤᠷᠠᠭ᠍ᠳᠤ ᠲᠤᠭᠤᠨᠤ᠎ᠪᠠᠨ ᠡᠷᠭᠦᠵᠤ᠂ ᠨᠠᠪᠴᠢᠨ ᠬᠦᠯᠳᠦᠷᠭᠡ᠎ᠲᠤ ᠡᠷᠦᠬᠡ᠎ᠪᠠᠨ ᠲᠠᠲᠠᠭᠠᠳ᠂ ᠤᠷᠢᠳ ᠡᠮᠤᠨ᠎ᠡ ᠭᠠᠷᠤᠭ᠎ᠠ ᠦᠭᠡᠢ ᠰᠠᠢᠨ ᠰᠠᠢᠬᠠᠨ ᠪᠠᠢᠲᠠᠯ᠎ᠳᠤ ᠤᠷᠤᠭ᠍ᠰᠠᠨ ᠪᠠᠢᠨ᠎ᠠ᠃ ᠨᠡᠩ ᠢᠯᠠᠩᠭᠤᠶ᠎ᠠ ᠱᠢᠨ᠎ᠠ ᠴᠠᠭ ᠦᠶ᠎ᠡ᠎ᠳᠤ ᠲᠠᠪᠱᠢᠨ ᠤᠷᠤᠭ᠍ᠰᠠᠨ᠎ᠤ ᠲᠠᠷᠠᠭ᠎ᠠ᠂ ᠰᠢ᠎ᠶ᠋ᠢᠨ ᠫᠢᠩ ᠶᠡᠷᠦᠩᠭᠡᠢ ᠱᠦᠵᠢ᠎ᠪᠠᠷ ᠲᠦᠪ ᠪᠤᠯᠭᠠᠭ᠍ᠰᠠᠨ ᠠᠭᠤᠤ ᠨᠠᠮ᠎ᠤᠨ ᠰᠤᠳᠤ ᠮᠡᠷᠭᠡᠨ ᠤᠳᠤᠷᠢᠳᠤᠯᠭ᠎ᠠ ᠲᠤᠤᠷ᠎ᠠ᠂ ᠵᠠᠷᠤᠳ ᠬᠤᠱᠢᠭᠤᠨ᠎ᠤ ᠠᠵᠤ ᠠᠬᠤᠢ᠂ ᠨᠡᠢᠭᠡᠮ᠂ ᠰᠤᠶᠤᠯ ᠵᠡᠷᠬᠡ ᠡᠯ᠎ᠡ ᠲᠠᠯ᠎ᠠ᠎ᠶ᠋ᠢᠨ ᠦᠢᠯᠡᠰ ᠴᠡᠴᠡᠭ᠌ᠯᠡᠨ ᠬᠦᠭ᠌ᠵᠢᠬᠦ᠌ ᠱᠠᠳᠤᠨ᠎ᠳᠤ ᠤᠷᠤᠭ᠍ᠰᠠᠨ᠎ᠢᠶᠠᠷ ᠦᠷᠭᠡᠨ ᠤᠯᠡᠨ ᠤᠷᠠᠨ ᠪᠦᠲᠦᠭᠡᠯᠴᠢᠳ᠎ᠤᠨ ᠤᠷᠮ᠎ᠠ ᠵᠤᠷᠢᠭ ᠡᠷᠴᠢᠯᠡᠭ᠌ᠲᠡᠨ᠂ ᠤᠷᠠᠨ ᠵᠤᠬᠢᠶᠠᠯ᠎ᠤᠨ ᠡᠯᠪᠡᠭ ᠬᠤᠷᠢᠶᠠᠯᠳᠠ᠎ᠶ᠋ᠢ ᠤᠯᠤᠭ᠍ᠰᠠᠨ ᠪᠠᠢᠨ᠎ᠠ᠃