ᠳᠣᠯᠠᠭᠠᠨ᠎ᠤ ᠬᠡᠮᠵᠢᠶ᠎ᠡ
2025-10-15 10:55:15
ᠵᠣᠬᠢᠶᠠᠭ᠍ᠴᠢ᠄
ᠪᠤᠷᠵᠢᠭᠢᠨ ᠯᠤᠤ
ᠣᠩᠱᠢᠭ᠍ᠰᠠᠨ ᠣᠳᠠᠭ᠎ᠠ᠄
★★★☆☆

ᠮᠢᠨᠤ ᠭᠡᠷ᠎ᠤᠨ ᠳᠤᠯᠠᠭᠠᠨ᠎ᠤ ᠬᠡᠮᠵᠢᠶ᠎ᠡ

ᠳᠦᠷᠪᠡᠨ ᠣᠯᠠᠷᠢᠯ᠎ᠲᠠᠢ ᠬᠠᠮᠢᠶ᠎ᠠ ᠦᠭᠡᠢ

ᠳᠦᠷᠪᠡᠨ ᠣᠯᠠᠷᠢᠯ᠎ᠤᠨ ᠰᠠᠯᠬᠢ

ᠳᠦᠷᠢᠮᠡᠬᠡᠢᠯᠡᠵᠦ᠍ ᠡᠰᠡ ᠴᠢᠳᠠᠨ᠎ᠠ

ᠳᠦᠷᠪᠡᠨ ᠤᠯᠠᠷᠢᠯ᠎ᠤᠨ ᠭᠠᠳᠠᠨ᠎ᠠ ᠪᠢ

ᠲᠠᠪᠤᠳᠤᠭᠠᠷ ᠤᠯᠠᠷᠢᠯ ᠪᠤᠶᠤ


ᠮᠢᠨᠤ ᠪᠡᠶ᠎ᠡ᠎ᠶ᠋ᠢᠨ ᠳᠣᠯᠠᠭᠠᠨ᠎ᠤ ᠬᠡᠮᠵᠢᠶ᠎ᠡ

ᠣᠨ ᠰᠠᠷ᠎ᠠ᠎ᠲᠠᠢ ᠬᠠᠮᠢᠶ᠎ᠠ ᠦᠭᠡᠢ

ᠤᠨ ᠰᠠᠷ᠎ᠠ᠎ᠶ᠋ᠢᠨ ᠲᠤᠭᠤᠰᠤ

ᠦᠢᠮᠡᠭᠦᠯᠵᠦ᠍ ᠡᠰᠡ ᠴᠢᠳᠠᠨ᠎ᠠ

ᠣᠨ ᠰᠠᠷ᠎ᠠ᠎ᠶ᠋ᠢᠨ ᠭᠠᠳᠠᠨ᠎ᠠ ᠪᠢ

ᠦᠯᠦ᠍ ᠮᠡᠳᠡᠭ᠌ᠳᠡᠬᠦᠨ ᠪᠤᠶᠤ


ᠮᠢᠨᠤ ᠰᠡᠳᠭᠢᠯ᠎ᠤᠨ ᠳᠣᠯᠠᠭᠠᠨ᠎ᠤ ᠬᠡᠮᠵᠢᠶ᠎ᠡ

ᠤᠯᠵᠤ ᠠᠯᠳᠠᠬᠤ᠎ᠲᠠᠢ ᠬᠠᠮᠢᠶ᠎ᠠ ᠦᠭᠡᠢ

ᠣᠯᠵᠣ ᠠᠯᠳᠠᠬᠤ᠎ᠶ᠋ᠢᠨ ᠲᠠᠢᠨ

ᠦᠳᠦᠭᠡᠵᠦ᠍ ᠡᠰᠡ ᠴᠢᠳᠠᠨ᠎ᠠ

ᠤᠯᠵᠤ ᠠᠯᠳᠠᠬᠤ᠎ᠶ᠋ᠢᠨ ᠭᠠᠳᠠᠨ᠎ᠠ ᠪᠢ

ᠢᠷᠡᠭᠡᠳᠦᠢ ᠲᠤᠭ᠎ᠠ ᠪᠤᠶᠤ


ᠮᠢᠨᠤ ᠴᠢᠰᠤᠨ᠎ᠤ ᠳᠣᠯᠠᠭᠠᠨ᠎ᠤ ᠬᠡᠮᠵᠢᠶ᠎ᠡ

ᠦᠨᠡᠨ᠎ᠲᠠᠢ ᠯᠡ ᠬᠠᠮᠢᠶ᠎ᠠ᠎ᠲᠠᠢ

ᠦᠨᠡᠨ᠎ᠢᠶᠠᠷ ᠤᠪᠯᠠᠭ᠍ᠰᠠᠨ ᠬᠠᠭᠤᠷᠮᠠᠭ᠎ᠢ

ᠢᠲᠡᠭᠡᠵᠦ᠍ ᠡᠰᠡ ᠴᠢᠳᠠᠨ᠎ᠠ

ᠦᠨᠡᠨ᠎ᠤ ᠳᠣᠲᠣᠷ᠎ᠠ ᠪᠢ

ᠢᠷᠠᠭᠤ ᠨᠠᠢᠷᠠᠭ ᠪᠤᠶᠤ


ᠮᠢᠨᠤ ᠬᠠᠢᠷ᠎ᠠ᠎ᠶ᠋ᠢᠨ ᠳᠣᠯᠠᠭᠠᠨ᠎ᠤ ᠬᠡᠮᠵᠢᠶ᠎ᠡ

ᠰᠠᠷᠠ᠎ᠲᠠᠢ ᠯᠡ ᠬᠠᠮᠢᠶ᠎ᠠ᠎ᠲᠠᠢ

ᠰᠠᠷᠠ᠎ᠶ᠋ᠢ ᠬᠠᠯᠬᠠᠯᠠᠭ᠍ᠰᠠᠨ ᠡᠭᠦᠯᠡ᠎ᠶ᠋ᠢ

ᠠᠭᠤᠴᠢᠯᠠᠵᠤ ᠡᠰᠡ ᠴᠢᠳᠠᠨ᠎ᠠ

ᠰᠠᠷᠠᠨ᠎ᠤ ᠳᠣᠲᠣᠷ᠎ᠠ ᠪᠢ

ᠽᠠᠨᠳᠠᠨ ᠮᠣᠳᠣ ᠪᠤᠶᠤ


ᠮᠢᠨᠤ ᠠᠮᠢ ᠨᠠᠰᠤᠨ᠎ᠤ ᠳᠣᠯᠠᠭᠠᠨ᠎ᠤ ᠬᠡᠮᠵᠢᠶ᠎ᠡ

ᠣᠰᠤ᠎ᠲᠠᠢ ᠯᠡ ᠬᠠᠮᠢᠶ᠎ᠠ᠎ᠲᠠᠢ

ᠣᠰᠤᠨ᠎ᠳᠤ ᠤᠨᠠᠭ᠍ᠰᠠᠨ ᠨᠢᠯᠪᠤᠰᠤ᠎ᠶ᠋ᠢ

ᠡᠪᠡᠳᠭᠡᠵᠦ᠍ ᠡᠰᠡ ᠴᠢᠳᠠᠨ᠎ᠠ

ᠣᠰᠣᠨ᠎ᠤ ᠳᠣᠲᠣᠷ᠎ᠠ ᠪᠢ

ᠳᠠᠯᠠᠢ᠎ᠶ᠋ᠢᠨ ᠨᠢᠳᠦ ᠪᠤᠶᠤ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号