ᠨᠠᠮᠤᠷ᠎ᠤᠨ ᠰᠡᠷᠢᠭᠦᠨ ᠠᠮᠢᠰᠭᠤᠯ ᠬᠠᠩᠭᠠᠢ ᠨᠤᠲᠤᠭ᠎ᠲᠤ ᠮᠢᠨᠢ ᠰᠡᠪᠢᠯᠵᠡᠬᠦ᠌ᠳᠤ ᠤᠰᠤᠨ ᠡᠬᠢᠨ ᠵᠢᠯᠠᠭᠠᠨᠤ ᠪᠡᠯᠴᠢᠭᠡᠷ ᠡᠪᠡᠰᠦ ᠬᠤᠩᠭᠤᠷᠳᠠᠨ ᠬᠠᠯᠢᠭᠤᠷᠠᠵᠤ᠂ ᠬᠠᠪᠠᠨ ᠳᠠᠪᠠᠭ᠎ᠠ ᠳᠡᠯ ᠬᠠᠳᠠᠨ᠎ᠤ ᠪᠢᠲᠡᠬᠦᠦ ᠬᠦᠪᠴᠢ ᠱᠢᠷᠭᠠᠯᠳᠤᠨ ᠵᠢᠮᠪᠤᠷᠳᠠᠵᠤ᠂ ᠨᠠᠯᠠᠭᠠᠷ ᠱᠢᠷ᠎ᠠ ᠡᠳᠦᠷ᠎ᠤᠳ ᠱᠢᠪᠠᠭᠤᠨ ᠵᠡᠯ᠎ᠡ ᠱᠢᠭ ᠬᠦᠪᠦᠷᠡᠭᠡᠳ ᠰᠡᠳᠭᠢᠯ᠎ᠳᠤ ᠥᠯᠦ᠍ ᠮᠡᠳᠡᠭ ᠤᠢᠳᠭᠠᠷᠢ ᠦᠶ᠎ᠡ ᠦᠶ᠎ᠡ ᠲᠥᠷᠦᠭᠦᠯᠬᠦ᠌ ᠮᠦᠷᠲᠡᠭᠡᠨ ᠤᠶᠠᠷᠠᠭᠤᠨ ᠭᠡᠳᠡᠭ᠎ᠨᠢ ᠠᠷᠭ᠎ᠠ ᠦᠭᠡᠢ᠃ ᠨᠠᠢᠭᠤᠨ ᠨᠠᠢᠭᠤᠬᠤ ᠤᠯᠠᠷᠢᠯ᠎ᠤᠨ ᠠᠯᠲᠠᠯᠠᠨ ᠠᠢᠵᠠᠮᠯᠠᠭ᠍ᠰᠠᠨ ᠲᠤᠰ᠎ᠤᠨ ᠪᠤᠳᠤᠭ᠎ᠤᠨ ᠵᠢᠷᠤᠭ᠎ᠤᠨ ᠶᠢᠷᠲᠢᠨᠴᠦ᠍᠎ᠶ᠋ᠢᠨ ᠳᠤᠮᠳᠠ ᠵᠦᠪᠬᠡᠨ ᠭᠤᠣᠯ ᠤᠰᠤ ᠤᠯᠠᠮ ᠴᠡᠩᠭᠡᠷᠳᠦᠵᠦ᠍ ᠠᠷᠢᠭᠤᠰᠤᠨ ᠮᠡᠯᠳᠡᠢᠬᠦ᠌ᠨᠢ ᠬᠠᠩᠭᠠᠢ ᠨᠤᠲᠤᠭ᠎ᠤᠨ ᠮᠢᠨᠢ ᠴᠡᠩᠭᠡᠷ ᠮᠡᠯᠮᠡᠢ᠂ ᠬᠠᠢᠷᠠᠲᠤ ᠡᠮᠧ᠎ᠶ᠋ᠢᠨ ᠮᠢᠨᠢ ᠰᠦᠨ ᠰᠡᠳᠭᠢᠯ ᠪᠣᠯᠵᠤ᠂ ᠨᠠᠮᠤᠷ᠎ᠤᠨ ᠨᠠᠷᠠᠨ᠎ᠤ ᠳᠣᠣᠷ᠎ᠠ ᠨᠠᠮᠠᠶ᠋ᠢ ᠤᠯᠠᠮ ᠨᠢᠯᠬᠠᠷᠠᠭᠤᠯᠬᠤ ᠠᠵᠢ᠃
ᠬᠠᠩᠭᠠᠢ᠎ᠶ᠋ᠢᠨ ᠠᠭᠤᠯᠠᠰ ᠭᠤᠣᠯ ᠤᠰᠤ᠎ᠶ᠋ᠢ ᠱᠢᠷᠲᠡᠵᠦ᠍᠂ ᠨᠠᠮᠤᠷ᠎ᠤᠨ ᠳᠤᠮᠳᠠᠭᠤᠷ ᠨᠠᠢᠭᠤᠨ ᠶᠠᠪᠤᠬᠤ᠎ᠳᠤ ᠨᠠᠮᠤᠷ ᠴᠤ᠌ ᠮᠢᠨᠤ ᠰᠡᠳᠭᠢᠯ᠎ᠤᠨ ᠳᠤᠮᠳᠠᠭᠤᠷ ᠨᠠᠢᠭᠤᠵᠤ᠂ ᠨᠤᠲᠤᠭ᠎ᠤᠨ ᠥᠨᠥᠷ ᠠᠮᠲᠠ᠎ᠶ᠋ᠢ ᠵᠢᠷᠦᠬᠡᠨ᠎ᠳᠤ ᠬᠠᠩᠬᠤᠯᠤᠭᠤᠯᠤᠨᠠ᠃ ᠤᠷᠲᠤ᠎ᠠᠴᠠ ᠤᠷᠲᠤ ᠨᠠᠯᠠᠭᠠᠷᠬᠠᠨ ᠨᠠᠮᠤᠷ᠎ᠤᠨ ᠡᠳᠦᠷ ᠡ᠂ ᠤᠶᠠᠷᠠᠭᠤᠨ᠎ᠠᠴᠠ ᠤᠶᠠᠷᠠᠭᠤᠨ ᠡᠨᠡᠷᠢᠯᠲᠦ ᠡᠮᠧ᠎ᠶ᠋ᠢᠨ ᠪᠦᠪᠡᠢ ᠳᠡᠯᠡᠬᠡᠢ ᠡ᠃ ᠡᠮᠧ᠎ᠪᠠᠨ ᠪᠢ ᠨᠠᠮᠤᠷ᠎ᠲᠠᠢ ᠬᠤᠯᠪᠤᠨ ᠪᠤᠳᠤᠬᠤ ᠳᠤᠷᠠᠲᠠᠢ᠃
ᠪᠢ ᠲᠦᠬᠦᠬᠡ ᠣᠷᠤᠭᠠᠳ ᠯᠠ ᠨᠠᠮᠤᠷ ᠪᠣᠯᠬᠤ᠎ᠳᠤ ᠡᠮᠧ᠎ᠶ᠋ᠢᠨ ᠠᠵᠢᠯ ᠤᠯᠠᠮ ᠶᠠᠭᠠᠷᠠᠤ ᠪᠣᠯᠳᠠᠭ᠎ᠢ ᠮᠡᠳᠡᠵᠡᠢ᠃ ᠬᠠᠳᠤᠯᠠᠩ᠎ᠳᠤ ᠭᠠᠷᠬᠤ᠂ ᠨᠠᠮᠤᠷᠱᠢᠭ᠍ᠰᠠᠨ ᠮᠠᠯ ᠬᠠᠷ᠎ᠠ᠎ᠶ᠋ᠢᠨ ᠬᠤᠢᠨ᠎ᠠ᠎ᠠᠴᠠ ᠭᠤᠢᠭᠤᠷᠠᠬᠤ ᠭᠡᠳ ᠡᠳᠦᠷᠵᠢᠨ ᠪᠣᠷᠪᠢ ᠪᠣᠬᠢᠰᠭᠢᠯ ᠦᠬᠡᠢ ᠶᠠᠪᠤᠳᠠᠭ ᠪᠢᠯᠡ᠃ ᠰᠣᠨᠤᠰᠭᠤᠯᠠᠷ᠂ ᠡᠮᠧ ᠮᠢᠨᠢ ᠶᠢᠰᠦᠨ ᠨᠠᠰᠤᠨ᠎ᠠᠴᠠ᠎ᠪᠠᠨ ᠠᠷᠪᠠᠨ ᠬᠤᠶᠠᠷ ᠬᠦᠷᠲᠡᠯ᠎ᠡ᠎ᠪᠠᠨ ᠪᠠᠭ᠎ᠠ ᠰᠤᠷᠭᠠᠭᠤᠯᠢ᠎ᠳᠤ ᠰᠠᠭᠤᠭ᠍ᠰᠠᠨ᠎ᠢᠶᠠᠨ ᠠᠮᠢᠳᠤᠷᠠᠯ ᠬᠦᠴᠢᠷ᠂ ᠬᠦᠳᠡᠯᠮᠦᠷᠢ ᠬᠦᠴᠦᠨ ᠲᠠᠲᠠᠭᠤ᠎ᠠᠴᠠ ᠪᠣᠯᠵᠤ᠂ ᠰᠤᠷᠤᠯᠭ᠎ᠠ ᠪᠠᠨ ᠳᠣᠷᠭᠤᠨ ᠵᠤᠭᠰᠤᠵᠦ᠂ ᠮᠠᠯᠵᠢᠬᠤ ᠣᠷᠤᠨ᠎ᠤ ᠬᠠᠷ᠎ᠠ ᠪᠣᠷᠤ ᠠᠵᠢᠯ᠎ᠳᠤ ᠶᠠᠭᠠᠷᠠᠵᠠᠢ᠃ ᠠᠷᠪᠠᠨ ᠳᠣᠯᠤᠭᠠᠲᠠᠢᠳᠠᠭᠠᠨ ᠴᠠᠭᠠᠨ ᠵᠢᠯᠠᠭᠠᠨᠤ ᠪᠣᠱᠣᠭᠠᠳᠠᠢᠶ᠋ᠢᠨ ᠬᠠᠳᠤᠯᠠᠩ᠎ᠳᠤ ᠡᠪᠡᠰᠦ ᠬᠠᠳᠤᠬᠤ ᠮᠠᠱᠢᠨ ᠪᠠᠷᠢᠭ᠍ᠰᠠᠨ ᠭᠡᠳᠡᠭ᠃
ᠪᠢ ᠰᠤᠮᠤᠨ᠎ᠤ ᠰᠤᠷᠭᠠᠭᠤᠯᠢ᠎ᠶ᠋ᠢᠨ ᠰᠤᠷᠤᠭ᠍ᠴᠢ ᠪᠤᠯᠣᠭ᠍ᠰᠠᠨᠠᠴᠠ ᠬᠤᠢᠰᠢ ᠡᠮᠧ ᠮᠢᠨᠢ ᠬᠦᠳᠡᠭᠡ᠎ᠶ᠋ᠢᠨ ᠠᠵᠢᠯ᠎ᠳᠠᠭᠠᠨ ᠶᠠᠭᠠᠷᠠᠬᠤ᠎ᠠᠴᠠ ᠭᠠᠳᠠᠨ᠎ᠠ᠂ ᠨᠠᠮᠠᠶ᠋ᠢ ᠰᠤᠷᠭᠠᠭᠤᠯᠢ᠎ᠳᠤ ᠶᠠᠪᠤᠭᠤᠯᠬᠤ ᠭᠡᠳ ᠰᠦᠢᠳ ᠪᠣᠯᠳᠠᠭ᠃ ᠰᠡᠭᠦᠯᠡᠷ᠎ᠨᠢ ᠪᠢ ᠬᠤᠱᠢᠭᠤ ᠣᠷᠤᠵᠤ ᠰᠤᠷᠤᠯᠴᠠᠪᠠ᠃ ᠰᠤᠷᠤᠯᠭ᠎ᠠ᠎ᠶ᠋ᠢᠨ ᠰᠦᠢᠳᠭᠡᠯ ᠦᠨᠳᠦᠷ᠂ ᠬᠠᠪᠤᠷ ᠱᠢᠭ᠋ ᠭᠠᠴᠢᠭ ᠪᠠᠢᠭ᠍ᠰᠠᠨ ᠣᠨ ᠵᠢᠯ᠎ᠤᠳ᠎ᠲᠤ ᠡᠮᠧ ᠮᠢᠨᠢ ᠦᠷ᠎ᠡ ᠬᠡᠤᠬᠡᠳ᠎ᠲᠡᠭᠡᠨ ᠬᠠᠷᠢᠨ ᠨᠠᠮᠤᠷ ᠱᠢᠭ᠋ ᠪᠠᠶᠠᠨ ᠬᠠᠨᠳᠤᠵᠤ ᠵᠢᠷᠦᠬᠡᠨ ᠲᠠᠮᠢᠷ᠎ᠢᠶᠠᠨ ᠱᠢᠪᠬᠠᠵᠤ ᠪᠠᠢᠭ᠍ᠰᠠᠨ ᠶᠤᠮ᠃
ᠲᠡᠷᠡ ᠨᠠᠮᠤᠷ᠂ ᠲᠡᠭᠡᠲᠦ ᠳᠤᠮᠳᠠᠲᠤ᠎ᠶ᠋ᠢᠨ ᠰᠤᠷᠭᠠᠭᠤᠯᠢ ᠡᠬᠢᠯᠡᠬᠦ᠌ ᠬᠡᠳᠦᠬᠡᠨ ᠡᠳᠦᠷ ᠪᠤᠯᠤᠭᠠᠳ ᠪᠠᠢᠪᠠ᠃ ᠨᠢᠭᠡ ᠬᠤᠭᠤᠴᠠᠭᠠᠨ᠎ᠤ ᠬᠤᠭᠤᠯᠠᠨ᠎ᠤ ᠵᠣᠭᠤᠰ᠂ ᠪᠠᠰᠠ ᠡᠨᠡ ᠲᠡᠷᠡ ᠵᠠᠷᠤᠳᠠᠯ ᠭᠡᠳ ᠨᠠᠳᠠ᠎ᠳᠤ ᠵᠢᠷᠭᠤᠭ᠎ᠠ ᠳᠣᠯᠤᠭᠠᠨ ᠵᠠᠭᠤᠨ ᠲᠦᠭᠦᠷᠢᠭ ᠬᠡᠷᠡᠭ᠌ᠲᠡᠢ᠃ ᠭᠡᠪᠡᠴᠦ᠍ ᠭᠡᠷ᠎ᠲᠤ ᠵᠣᠭᠤᠰ ᠦᠭᠡᠢ᠂ ᠠᠪᠤ ᠴᠤ᠌ ᠤᠯᠠᠭᠠᠢ᠎ᠶ᠋ᠢᠨ ᠵᠤᠰᠠᠭᠠᠯ᠎ᠳᠤ ᠶᠠᠪᠤᠭ᠍ᠰᠠᠨ ᠲᠤᠯᠠ ᠡᠮᠧ ᠨᠡᠭᠡᠷᠡᠨ ᠭᠠᠷ ᠮᠤᠬᠤᠷᠳᠠᠵᠠᠢ᠃ ᠪᠢ ᠪᠢᠴᠢᠭ ᠦᠵᠡᠬᠦ᠌ ᠪᠠᠨ ᠪᠤᠯᠢᠶ᠎ᠠ ᠭᠡᠵᠦ᠍ ᠨᠢᠯᠪᠤᠰᠤ ᠤᠨᠠᠭᠠᠪᠠ᠃ ᠡᠮᠧ 《ᠳᠡᠭᠦᠦ᠍ᠲᠠᠢᠪᠠᠨ ᠬᠤᠶᠠᠭᠤᠯᠠ ᠪᠢᠴᠢᠭ ᠦᠵᠡᠬᠦ᠌ ᠦᠭᠡᠢ ᠪᠣᠯᠬᠤ ᠦᠭᠡᠢ ᠱᠢᠤ》 ᠭᠡᠳ ᠠᠮᠢ ᠭᠤᠣᠯ᠎ᠠᠴᠠ᠎ᠪᠠᠨ ᠬᠠᠢᠷᠠᠯᠠᠳᠠᠭ ᠬᠡᠳᠦᠨ ᠮᠠᠯ᠎ᠠᠴᠠ᠎ᠪᠠᠨ ᠴᠣᠬᠤᠷ ᠦᠨᠢᠶ᠎ᠡ᠎ᠶ᠋ᠢ ᠲᠤᠭᠤᠯ᠎ᠲᠠᠢ᠎ᠨᠢ ᠬᠤᠳᠠᠯᠳᠤᠯ᠎ᠠ᠃ ᠮᠠᠢᠮᠠᠢᠴᠢᠨᠤ ᠲᠡᠷᠭᠡᠨ᠎ᠠᠴᠠ ᠬᠦᠳᠦᠯᠦᠭ᠌ᠳᠡᠭ᠌ᠰᠡᠨ ᠲᠤᠭᠤᠯ᠎ᠲᠠᠢ ᠦᠨᠢᠶ᠎ᠡ ᠭᠡᠷ ᠬᠤᠷᠤᠭᠠᠠᠴᠠᠪᠠᠨ ᠰᠠᠯᠵᠤ ᠶᠠᠳᠠᠨ ᠡᠷᠭᠢᠨ ᠡᠷᠭᠢᠨ ᠮᠥᠭᠡᠷᠡᠬᠦ᠌ᠳᠤ᠂ ᠮᠠᠯ᠎ᠤᠨ ᠬᠡᠱᠢᠭ᠎ᠢ ᠪᠠᠷᠢᠵᠤ ᠵᠣᠭ᠍ᠰᠤᠭ᠍ᠰᠠᠨ ᠡᠮᠧ᠎ᠶ᠋ᠢᠨ ᠨᠢᠳᠦᠨ᠎ᠠᠴᠠ ᠦᠪᠡᠷ᠎ᠤᠨ ᠡᠷᠬᠡ ᠦᠭᠡᠢ ᠲᠤᠮᠤ ᠲᠤᠮᠤ ᠨᠢᠯᠪᠤᠰᠤᠨ ᠳᠤᠰᠤᠯ ᠵᠣᠪᠬᠢᠶ᠋ᠢᠨᠢᠲᠠᠭᠠᠨ ᠪᠦᠮᠪᠦᠷᠢᠵᠦ᠍ ᠪᠠᠢᠯ᠎ᠠ᠃
ᠡᠮᠧ ᠮᠢᠨᠢ ᠬᠡᠴᠢᠨᠡᠨ ᠨᠠᠮᠤᠷ ᠠᠮᠢᠳᠤᠷᠠᠯ᠎ᠳᠠᠭᠠᠨ ᠶᠠᠭᠠᠷᠠᠵᠤ ᠬᠡᠴᠢᠨᠡᠨ ᠨᠠᠮᠤᠷ ᠮᠢᠨᠤ ᠰᠤᠷᠤᠯᠭ᠎ᠠ᠎ᠶ᠋ᠢᠨ ᠰᠦᠢᠳᠭᠡᠯ᠎ᠤᠨ ᠲᠦᠯᠦᠭᠡ ᠰᠡᠳᠭᠢᠯ ᠠᠯᠭᠠᠰᠠᠵᠤ᠌᠂ ᠬᠡᠴᠢᠨᠡᠨ ᠨᠠᠮᠤᠷ ᠠᠯᠤᠰ᠎ᠲᠤ ᠡᠷᠳᠡᠮ ᠨᠣᠮ᠎ᠤᠨ ᠮᠦᠷ᠎ᠢ ᠬᠦᠬᠡᠬᠡᠵᠦ᠍ ᠶᠠᠪᠤᠭ᠍ᠰᠠᠨ ᠬᠦᠦ᠍᠎ᠶ᠋ᠢᠨ᠎ᠢᠶᠠᠨ ᠲᠦᠯᠦᠭᠡ ᠤᠶᠠᠷᠠᠵᠤ᠂ ᠤᠢᠮᠤᠷᠠᠵᠤ᠂ ᠰᠠᠨᠠᠭᠠᠱᠢᠷᠠᠵᠤ᠂ ᠰᠠᠨᠠᠵᠤ ᠶᠠᠪᠤᠯ᠎ᠠ ᠳ᠋ᠡ᠃
ᠨᠠᠮᠤᠷ᠎ᠤᠨ ᠨᠠᠮᠤᠷ᠂ ᠠᠭᠤᠯᠠᠨ᠎ᠤ ᠤᠯᠢᠶᠠᠰᠤ ᠨᠠᠪᠴᠢᠰ᠎ᠢᠶᠠᠨ ᠦᠳᠡᠵᠦ᠍ ᠰᠠᠨᠠᠭ᠎ᠠ ᠠᠯᠳᠠᠬᠤ ᠱᠢᠭ᠋ ᠡᠮᠧ ᠮᠢᠨᠢ ᠠᠯᠤᠰ ᠭᠠᠵᠠᠷ ᠰᠤᠷᠬᠤ᠎ᠪᠠᠷ ᠣᠳᠭᠤ ᠵᠠᠮ᠎ᠳᠤ ᠬᠦᠦ ᠨᠠᠮ᠎ᠠ᠎ᠪᠠᠨ ᠦᠳᠡᠭᠡᠳ ᠰᠡᠳᠭᠢᠯ ᠳᠡᠩᠰᠡᠯᠡᠨ ᠶᠠᠪᠤᠭ᠍ᠰᠠᠨ ᠪᠢᠯᠡ᠃ ᠨᠠᠮᠤᠷ᠎ᠤᠨ ᠱᠢᠷ᠎ᠠ ᠨᠠᠷᠠᠨ᠎ᠳᠤ ᠬᠤᠩᠭᠤᠷ ᠰᠠᠯᠬᠢᠨ᠎ᠳᠤ ᠡᠪᠡᠰᠦᠨ ᠲᠣᠯᠤᠭᠠᠢ ᠬᠠᠯᠢᠭᠤᠷᠠᠬᠤ ᠬᠦᠨᠳᠡᠢ᠎ᠳᠤ ᠡᠮᠧ ᠮᠢᠨᠢ ᠱᠢᠪᠠᠭᠤᠳ᠎ᠤᠨ ᠭᠠᠩᠭᠠᠨᠠᠭ᠎ᠠ᠎ᠶ᠋ᠢ ᠴᠢᠩᠨᠠᠵᠤ᠂ ᠭᠦᠨ ᠴᠡᠩᠭᠡᠷ ᠣᠭ᠍ᠲᠠᠷᠭᠤᠢ᠎ᠶ᠋ᠢ ᠱᠢᠷᠲᠡᠵᠦ᠍ ᠶᠠᠪᠤᠵᠠᠢ ᠳ᠋ᠠ ᠬᠦᠬᠡᠷᠦᠬᠦᠢ᠃ ᠭᠡᠪᠡᠴᠦ᠍ ᠡᠮᠧ ᠮᠢᠨᠢ ᠨᠠᠮᠤᠷ᠎ᠤᠨ ᠬᠠᠭ᠍ᠳᠠᠷᠠᠯᠳᠤ ᠬᠠᠪᠤᠷ᠎ᠤᠨ ᠴᠡᠯᠭᠡᠷᠡᠯ ᠪᠠᠢᠬᠤ᠎ᠶ᠋ᠢ ᠪᠠᠲᠤ ᠢᠳᠡᠭᠡᠳᠡᠭ᠎ᠠᠴᠠ ᠲᠡᠰᠪᠦᠷᠢ ᠲᠡᠪᠴᠢᠶᠡᠷᠢ᠎ᠲᠠᠢ ᠭᠡᠳᠡᠭ᠎ᠨᠢ ᠨᠡᠭᠡᠷᠡᠨ ᠪᠢᠱᠢᠷᠡᠭᠦᠱᠢᠲᠡᠢ᠃
ᠬᠤᠵᠢᠮ᠎ᠨᠢ ᠪᠢ ᠬᠤᠱᠢᠭᠤᠨ ᠲᠥᠪ᠎ᠲᠤ ᠠᠵᠢᠯᠯᠠᠵᠤ᠂ ᠪᠡᠶ᠎ᠡ ᠪᠦᠲᠦᠭᠡᠵᠦ᠍ ᠠᠮᠢᠳᠤᠷᠠᠯ ᠲᠦᠪᠬᠢᠨᠡᠭᠦᠯᠦᠭᠡᠳ᠂ ᠨᠠᠮᠤᠷ ᠨᠠᠮᠤᠷ᠎ᠤᠨ ᠤᠯᠤᠰ᠎ᠤᠨ ᠪᠠᠶᠠᠷ᠎ᠤᠨ ᠠᠮᠠᠷᠠᠯᠲᠠ᠎ᠪᠠᠷ ᠨᠤᠲᠤᠭ᠎ᠲᠠᠭᠠᠨ ᠬᠠᠷᠢᠳᠠᠭ᠃ ᠰᠠᠨᠴᠢᠭ᠎ᠨᠢ ᠪᠤᠭᠤᠷᠤᠯᠳᠤᠭ᠍ᠰᠠᠨ ᠡᠮᠧ ᠮᠢᠨᠢ᠂ ᠬᠠᠨᠢ ᠨᠦᠬᠦᠷ ᠦᠷ᠎ᠡ ᠬᠡᠤᠬᠡᠳ᠎ᠢᠶᠠᠨ ᠳᠠᠭᠠᠭᠤᠯᠤᠭᠠᠳ ᠬᠦᠷᠦᠭ᠌ᠰᠡᠨ ᠨᠠᠮᠠᠶ᠋ᠢ᠎ᠪᠠᠨ ᠦᠵᠡᠭᠡᠳ ᠨᠢᠬᠡᠮᠦᠰᠦᠨ ᠬᠥᠯ ᠬᠦᠩᠭᠡᠷᠡᠳᠡᠭ᠃
ᠠᠢ ᠬᠦ᠂ ᠨᠠᠮᠤᠷ᠎ᠤᠨ ᠱᠢᠷ᠎ᠠ ᠨᠠᠪᠴᠢᠰ᠎ᠢᠶᠠᠷ ᠳᠠᠩᠳᠠ ᠶᠠᠭᠠᠷᠠᠳᠠᠭ᠂ ᠳᠠᠩᠳᠠ ᠤᠢᠮᠤᠷᠠᠳᠠᠭ ᠡᠮᠧ ᠮᠢᠨᠢ!
ᠬᠠᠩᠭᠠᠢ᠎ᠶ᠋ᠢᠨ ᠮᠤᠳᠤᠳ᠎ᠤᠨ ᠱᠢᠷ᠎ᠠ ᠨᠠᠪᠴᠢᠰ᠎ᠲᠤ ᠠᠶᠠᠷᠬᠠᠨ ᠪᠦᠮᠪᠦᠷᠢᠬᠦ᠌ ᠨᠠᠮᠤᠷ᠎ᠤᠨ ᠪᠤᠷᠤᠭᠠᠨ᠎ᠤ ᠱᠢᠪᠡᠷᠡᠭᠡ ᠮᠡᠲᠦ ᠦᠯᠦ᠍ ᠮᠡᠳᠡᠭ ᠵᠢᠷᠪᠢᠰᠭᠢᠨ ᠰᠠᠭᠠᠲᠠᠭ᠍ᠰᠠᠨ ᠨᠠᠰᠤᠨ᠎ᠤ ᠨᠠᠮᠤᠷ᠎ᠲᠠᠭᠠᠨ ᠡᠮᠧ ᠮᠢᠨᠢ ᠵᠢᠷᠭᠠᠵᠤ ᠠᠮᠵᠢᠭ᠍ᠰᠠᠨ ᠦᠭᠡᠢ᠎ᠪᠠᠷ ᠨᠢᠭᠡ ᠮᠡᠳᠡᠬᠦ᠌᠎ᠳᠤ ᠳᠠᠯᠠᠨ ᠭᠤᠷᠪᠠᠨ ᠨᠠᠰᠤᠨ᠎ᠤ ᠵᠢᠯ᠎ᠢᠶᠠᠨ ᠤᠭ᠍ᠳᠤᠭ᠍ᠰᠠᠨ ᠪᠢᠯᠡ᠃
ᠡᠮᠧ᠎ᠶ᠋ᠢᠨ ᠵᠢᠯ᠎ᠤᠨ ᠪᠠᠶᠠᠷ᠎ᠢ ᠪᠢᠳᠡ ᠠᠭᠤᠯᠠᠨ᠎ᠤ ᠨᠠᠪᠴᠢᠰ ᠱᠢᠷᠭᠠᠯ ᠭᠡᠭᠡ ᠲᠠᠲᠠᠵᠤ ᠲᠥᠪᠲᠡᠢᠶ᠋ᠢᠨ ᠭᠤᠣᠯ᠎ᠤᠨ ᠤᠰᠤ ᠴᠡᠩᠭᠡᠷᠳᠥᠨ ᠮᠡᠯᠮᠡᠯᠵᠡᠭ᠌ᠰᠡᠨ ᠨᠠᠮᠤᠷ᠎ᠤᠨ ᠨᠠᠯᠠᠭᠠᠷ ᠰᠠᠢᠬᠠᠨ ᠡᠳᠦᠷ᠎ᠢ ᠲᠤᠬᠢᠶᠠᠯᠳᠤᠭᠤᠯᠤᠨ ᠲᠡᠮᠳᠡᠭ᠌ᠯᠡᠭ᠌ᠰᠡᠨ ᠶᠤᠮ᠃ ᠨᠠᠮᠤᠷ᠎ᠤᠨ ᠬᠤᠩᠭᠤᠷ ᠰᠠᠯᠬᠢᠨ᠎ᠢᠶᠠᠷ ᠨᠠᠷᠠᠨ᠎ᠤ ᠢᠯᠳᠠᠮᠬᠠᠨ ᠭᠡᠷᠡᠯ᠎ᠢᠶᠠᠷ ᠨᠠᠪᠴᠢᠰ᠎ᠤᠨ ᠤᠶᠠᠷᠠᠭᠤᠨ ᠰᠡᠷᠴᠢᠬᠢᠨᠡᠭᠡᠪᠠᠷ ᠪᠢ ᠤᠰᠤᠨ ᠡᠬᠢᠨ᠎ᠤ ᠨᠠᠮᠤᠷᠵᠢᠶ᠎ᠠ᠎ᠪᠠᠨ ᠴᠢᠭ᠌ᠯᠡᠬᠦ᠌ ᠵᠠᠭᠤᠷ᠎ᠠ ᠡᠮᠧᠶ᠋ᠢᠨᠢᠶᠠᠨ ᠲᠤᠬᠠᠢ ᠴᠢᠳᠠᠨ ᠶᠠᠳᠠᠨ ᠶᠠᠭᠤ ᠬᠤᠯᠪᠤᠬᠤ ᠲᠣᠬᠠᠢ ᠪᠤᠳᠤᠵᠤ ᠶᠠᠪᠤᠯ᠎ᠠ᠃ ᠠᠩᠬ᠎ᠠ ᠨᠢᠭᠡᠳᠦᠭᠡᠷ ᠣᠨ᠎ᠳᠤ ᠰᠤᠷᠤᠯᠴᠠᠵᠤ ᠪᠠᠢᠬᠤ᠎ᠳᠠᠭᠠᠨ 《ᠡᠵᠢ ᠮᠢᠨᠢ ᠬᠠᠨᠤᠮᠵᠢᠲᠠᠢ ᠮᠦᠱᠢᠶᠡᠯᠡ》 ᠭᠡᠰᠡᠨ ᠭᠠᠷᠴᠠᠭ᠎ᠲᠠᠢ ᠵᠣᠬᠢᠶᠠᠯ ᠪᠢᠴᠢᠭᠡᠳ ᠪᠠᠭ᠍ᠰᠢ᠎ᠶ᠋ᠢᠨ ᠦᠯᠡᠳᠡᠭᠡᠭ᠌ᠰᠡᠨ ᠳᠠᠰᠭᠠᠯ᠎ᠢ ᠡᠪᠯᠡᠭᠦᠯᠵᠦ᠍ ᠪᠠᠢᠭ᠍ᠰᠠᠨ᠎ᠠᠴᠠ ᠨᠠᠭᠠᠰᠢ ᠡᠮᠧ᠎ᠪᠠᠨ ᠶᠠᠭ ᠪᠢᠴᠢᠭ᠌ᠰᠡᠨ ᠦᠭᠡᠢ ᠶᠤᠮ᠃ ᠭᠡᠪᠡᠴᠦ᠍ ᠡᠮᠧ᠎ᠶ᠋ᠢᠨ ᠲᠣᠬᠠᠢ ᠶᠠᠭᠤ ᠨᠢᠭᠡ ᠪᠢᠴᠢᠶ᠎ᠡ ᠭᠡᠵᠦ᠍ ᠬᠡᠴᠢᠨᠡᠨ ᠵᠢᠯ ᠪᠤᠳᠣᠵᠤ ᠶᠠᠪᠤᠭ᠍ᠰᠠᠨ᠎ᠨᠢ ᠦᠨᠡᠨ᠃ ᠠᠢ᠂ ᠳᠡᠩᠳᠡᠭᠦᠦ ᠶᠡᠭᠡ ᠠᠴᠢ᠎ᠶ᠋ᠢᠨ ᠬᠠᠷᠢᠭᠤ ᠳᠠᠯᠠᠢ ᠭᠦᠨ ᠬᠠᠢᠷ᠎ᠠ᠎ᠶ᠋ᠢᠨ ᠡᠮᠦᠨ᠎ᠡ ᠳᠠᠩᠳᠠ ᠪᠢᠷ ᠪᠢᠯᠢᠭ ᠮᠡᠭᠦᠰᠳᠡᠭᠡᠳ ᠪᠠᠢᠬᠤ ᠶᠤᠮ ᠳ᠋ᠡ ᠬᠦᠦ ᠴᠢᠨᠢ᠃
ᠤᠶᠠᠷᠠᠭᠤᠨ ᠤᠢᠳᠭᠠᠷ᠎ᠲᠠᠢ ᠨᠠᠮᠤᠷ᠎ᠤᠨ ᠬᠠᠩᠭᠠᠢ ᠨᠤᠲᠤᠭ ᠱᠢᠷᠭᠠᠯᠳᠤᠨ ᠵᠢᠮᠪᠤᠷᠳᠠᠵᠤ ᠰᠠᠳᠭᠢᠯ᠎ᠤᠨ ᠬᠥᠪᠴᠢ᠎ᠶ᠋ᠢ ᠴᠢᠪᠬᠠᠳᠠᠭᠠᠳ᠂ ᠴᠡᠩᠭᠡᠷᠯᠡᠨ ᠮᠡᠯᠳᠡᠢᠬᠦ᠌ ᠭᠦᠯᠦ᠍ ᠬᠥᠬᠡ ᠲᠡᠭ᠌ᠷᠢ ᠮᠦᠩᠬᠡ᠎ᠶ᠋ᠢᠨ ᠰᠠᠢᠬᠠᠨ᠎ᠢ ᠤᠴᠢᠷᠯᠠᠨ᠂ ᠠᠷᠢᠭᠤᠰᠤᠨ ᠮᠡᠯᠮᠡᠷᠡᠬᠦ᠌ ᠭᠤᠣᠯ ᠤᠰᠤ ᠦᠨᠡᠨ ᠬᠠᠢᠷ᠎ᠠ᠎ᠶ᠋ᠢ ᠳᠠᠭᠤᠯᠠᠨ᠂ ᠱᠢᠷᠠᠯᠠᠵᠤ ᠬᠦᠬᠡᠷᠡᠬᠦ᠌ ᠱᠢᠮ᠎ᠡ᠎ᠲᠦ ᠶᠢᠷᠲᠢᠨᠴᠦ᠍᠎ᠶ᠋ᠢᠨ ᠱᠢᠯᠵᠢᠰᠢ ᠦᠭᠡᠢ ᠬᠠᠤᠯᠢ ᠬᠠᠭ᠍ᠳᠠᠷᠠᠵᠤ ᠲᠥᠯᠵᠢᠬᠦ᠌ ᠬᠠᠨ ᠳᠡᠯᠡᠬᠡᠢ᠎ᠶ᠋ᠢᠨ ᠬᠠᠯᠠᠰᠢ ᠦᠭᠡᠢ ᠵᠢᠮ᠎ᠡ᠂ ᠦᠵᠡᠭ᠌ᠳᠡᠬᠦ᠌ ᠪᠠ ᠦᠯᠦ᠍ ᠦᠵᠡᠭ᠌ᠳᠡᠬᠦ᠂ ᠬᠢᠵᠠᠭᠠᠷ᠎ᠲᠠᠢ ᠪᠠ ᠬᠢᠵᠠᠭᠠᠷ ᠦᠭᠡᠢ ᠣᠷᠤᠱᠢᠬᠤᠢᠶ᠋ᠢ ᠰᠡᠳᠭᠢᠯ᠎ᠤᠨ ᠭᠦᠨᠳᠤ ᠬᠦᠪᠦᠷᠡᠭᠦᠯᠦᠨᠡ᠃ ᠨᠠᠮᠤᠷ᠎ᠤᠨ ᠭᠦᠨᠳᠤ ᠨᠠᠷᠠᠲᠤ ᠬᠤᠷᠸ᠎ᠠ ᠲᠤᠩᠭᠠᠯᠠᠭ᠍ᠰᠢᠨ ᠱᠢᠵᠢᠷᠳᠤᠬᠦ᠌ ᠱᠢᠭ ᠪᠣᠯᠵᠤ᠂ ᠨᠠᠰᠤᠨ ᠪᠠᠭ᠎ᠠ᠎ᠶ᠋ᠢᠨ ᠨᠤᠲᠤᠭ᠎ᠢᠶᠠᠨ ᠲᠡᠮᠡᠤᠯᠬᠦ᠌ ᠮᠦᠷᠦᠭᠡᠳᠦᠯ ᠨᠠᠰᠤᠲᠠᠨ ᠪᠤᠭᠤᠷᠤᠯ ᠡᠮᠧ᠎ᠪᠠᠨ ᠵᠣᠷᠢᠬᠤ ᠰᠡᠳᠭᠢᠯ ᠪᠣᠯᠵᠤ ᠤᠶᠠᠷᠠᠨ᠎ᠠ᠃
ᠨᠡᠭᠦᠳᠡᠯ᠎ᠤᠨ ᠴᠡᠩᠭᠡᠷ ᠱᠢᠪᠠᠭᠤᠳ
ᠨᠤᠲᠤᠭ᠎ᠲᠠᠭᠠᠨ ᠬᠤᠷᠭᠤᠳᠠᠨ ᠭᠠᠩᠭᠠᠨᠠᠯᠳᠤᠬᠤ ᠶᠤᠮ ᠳ᠋ᠠ
ᠨᠠᠢᠷᠰᠠᠭ ᠰᠡᠳᠭᠢᠯ᠎ᠲᠠᠢ ᠡᠵᠢ ᠮᠢᠨᠢ
ᠨᠠᠮᠤᠭ᠎ᠤᠨ ᠲᠡᠭ᠌ᠷᠢ᠎ᠶ᠋ᠢ ᠱᠢᠷᠲᠡᠭᠡᠳ ᠤᠶᠠᠷᠠᠬᠤ ᠶᠤᠮ ᠳ᠋ᠠ
ᠨᠠᠮᠤᠷ ᠨᠠᠳᠠ᠎ᠳᠤ ᠡᠮᠧ᠎ᠶ᠋ᠢᠨ ᠲᠤᠬᠠᠢ ᠨᠢᠭᠡ ᠪᠠᠳᠠᠭ ᠬᠠᠢᠷᠠᠯᠠᠪᠠ᠃ ᠰᠡᠳᠭᠢᠯ ᠮᠢᠨᠢ ᠬᠥᠭ᠌ᠰᠡᠯᠡ᠃ 《ᠰᠡᠳᠭᠢᠯ ᠮᠢᠨᠢ ᠶᠠᠭᠠᠷᠠᠬᠤ ᠶᠤᠮ᠂ ᠰᠠᠨᠴᠢᠭ ᠪᠤᠭᠤᠷᠤᠯ ᠡᠵᠢ᠎ᠪᠠᠨ ᠪᠠᠢᠨ ᠪᠠᠢᠨ ᠵᠡᠭᠦᠳᠦᠯᠡᠬᠦ᠌ ᠶᠤᠮ》᠃ ᠵᠠᠯᠭᠠᠭᠠᠳ ᠬᠡᠳᠦᠨ ᠮᠥᠷ ᠰᠡᠳᠭᠢᠯ᠎ᠳᠤ ᠠᠶᠠᠷᠬᠠᠨ ᠪᠠᠭᠤᠯ᠎ᠠ᠃
ᠠᠭᠤᠯᠠᠨ᠎ᠤ ᠠᠯᠲᠠᠨ ᠨᠠᠪᠴᠢᠰ
ᠤᠶᠠᠷᠠᠬᠤ ᠪᠤᠷᠤᠭ᠎ᠠ ᠱᠢᠭ᠋ ᠠᠰᠭᠠᠷᠠᠬᠤ ᠶᠤᠮ ᠳ᠋ᠠ
ᠤᠶᠠᠬᠠᠨ ᠵᠠᠩ᠎ᠲᠠᠢ ᠡᠵᠢ ᠮᠢᠨᠢ
ᠠᠭᠤᠳᠠᠮ ᠬᠠᠩᠭᠠᠢ᠎ᠪᠠᠨ ᠰᠠᠷᠠᠪᠴᠢᠯᠠᠭᠠᠳ ᠰᠠᠭᠤᠬᠤ ᠶᠤᠮ ᠳ᠋ᠠ
ᠠᠢ ᠮᠢᠨᠤ
ᠠᠮᠢᠨ ᠵᠢᠷᠦᠬᠡᠨ᠎ᠤ ᠱᠢᠲᠦᠭᠡᠨ
ᠠᠢ ᠮᠢᠨᠤ
ᠠᠴᠢᠯᠠᠯ᠎ᠤᠨ ᠲᠡᠭ᠌ᠷᠢ ᠡᠵᠢ ᠮᠢᠨᠢ
ᠨᠠᠮᠤᠷ ᠮᠢᠨᠤ ᠡᠮᠧ᠎ᠶ᠋ᠢᠨ ᠰᠡᠳᠭᠢᠯ᠎ᠤᠨ ᠳᠠᠭᠤᠨ ᠪᠠᠢᠭ᠍ᠰᠠᠨ ᠪᠣᠯᠬᠤᠷ ᠦᠨᠦᠳᠦᠷ ᠮᠢᠨᠤ ᠰᠡᠳᠭᠢᠯ᠎ᠤᠨ ᠳᠠᠭᠤᠤ ᠪᠣᠯᠵᠤ ᠱᠢᠵᠢᠷᠳᠦᠪᠡ᠃ ᠨᠠᠢᠭᠤᠨ ᠨᠠᠢᠭᠤᠬᠤ ᠨᠠᠮᠤᠷ᠎ᠤᠨ ᠤᠯᠠᠷᠢᠯ ᠤᠶᠠᠷᠠᠭᠤᠨ ᠤᠢᠳᠭᠠᠷ᠎ᠲᠤ ᠥᠨᠥᠷ ᠠᠮᠲᠠ ᠪᠣᠯᠵᠤ ᠬᠠᠩᠬᠤᠯᠤᠨ᠎ᠠ᠃
ᠰᠡᠷᠢᠭᠦᠨ ᠨᠠᠮᠤᠷ᠎ᠤᠨ ᠠᠨᠢᠷ
ᠰᠡᠳᠭᠢᠯ᠎ᠤᠨ ᠳᠠᠭᠤᠨ ᠮᠡᠲᠦ ᠲᠤᠭᠤᠯᠳᠠᠬᠤ ᠶᠤᠮ ᠳ᠋ᠠ
ᠰᠠᠨᠴᠢᠭ ᠪᠤᠭᠤᠷᠤᠯ ᠡᠵᠢ ᠮᠢᠨᠢ
ᠽᠠᠮᠪᠤᠯᠢᠩ᠎ᠤᠨ ᠨᠠᠷᠠᠨ ᠮᠡᠲᠦ ᠭᠡᠷᠡᠯᠳᠦᠬᠦ᠌ ᠶᠤᠮ ᠳ᠋ᠠ
ᠠᠢ ᠮᠢᠨᠤ
ᠠᠮᠢᠨ ᠵᠢᠷᠦᠬᠡᠨ᠎ᠤ ᠱᠢᠲᠦᠭᠡᠨ
ᠠᠢ ᠮᠢᠨᠤ
ᠠᠴᠢᠯᠠᠯ᠎ᠤᠨ ᠲᠡᠭ᠌ᠷᠢ ᠡᠵᠢ ᠮᠢᠨᠢ !