ᠡᠵᠢ ᠡᠬᠡ ᠤᠷᠤᠨ
2025-10-15 10:52:59
ᠵᠣᠬᠢᠶᠠᠭ᠍ᠴᠢ᠄
ᠦ᠋ ᠵᠧᠩ ᠶᠣᠸᠠᠢ
ᠣᠩᠱᠢᠭ᠍ᠰᠠᠨ ᠣᠳᠠᠭ᠎ᠠ᠄
★★★☆☆

ᠡᠭᠡ ᠤᠷᠤᠨ᠎ᠢᠶᠠᠨ ᠪᠢ ᠡᠵᠢ ᠭᠡᠵᠦ᠍ ᠲᠠᠭᠤᠳᠠᠬᠤ᠎ᠳᠤ

ᠤᠷᠭᠤᠵᠦ᠍ ᠮᠠᠨᠳᠤᠬᠤ ᠨᠠᠷᠠ᠎ᠨᠢ ᠮᠠᠩᠨᠠᠢ ᠲᠡᠭᠡᠷ᠎ᠡ ᠮᠢᠨᠢ ᠦᠨᠦᠰᠳᠡᠭ

ᠤᠷᠠᠨ ᠱᠢᠪᠠᠭᠤᠳ᠎ᠨᠢ ᠵᠢᠷᠭᠢᠵᠦ᠍ ᠦᠷ᠎ᠤᠨ ᠭᠡᠭᠡ᠎ᠶ᠋ᠢ ᠤᠭ᠍ᠳᠤᠭᠠᠳ

ᠤᠢ᠎ᠶ᠋ᠢᠨ ᠨᠠᠪᠴᠢᠰ᠎ᠨᠢ ᠰᠡᠷᠪᠡᠯᠵᠡᠵᠦ᠍ ᠤᠢᠳᠭᠠᠷ ᠭᠤᠨᠢᠭ᠎ᠢ ᠮᠢᠨᠢ ᠦᠯᠳᠡᠳᠡᠭ

ᠦᠤᠷᠰᠡᠵᠦ᠍ ᠢᠷᠡᠬᠦ᠌ ᠰᠠᠯᠭᠢᠨ᠎ᠨᠢ ᠪᠡᠶ᠎ᠡ᠎ᠶ᠋ᠢ ᠮᠢᠨᠢ ᠡᠷᠭᠢᠴᠡᠭᠡᠳ

ᠦᠷᠪᠡᠯᠭᠡ᠎ᠶ᠋ᠢ ᠮᠢᠨᠢ ᠢᠯᠢᠵᠦ᠍ ᠰᠠᠯᠵᠦ᠍ ᠶᠠᠳᠠᠨ ᠡᠭᠡᠨᠡᠭ᠌ᠰᠢᠳᠡᠭ

ᠦᠵᠡᠰᠭᠦᠯᠡᠩ ᠭᠤᠪᠢ᠎ᠶ᠋ᠢᠨ ᠭᠢᠨᠢ ᠦᠭᠡᠬᠦᠨ ᠴᠠᠭᠠᠨ ᠴᠢᠯᠠᠭᠤᠳ

ᠡᠷᠢᠨ᠎ᠤ ᠮᠢᠨᠢ ᠬᠦᠭ᠌ᠵᠢᠯᠳᠡ᠎ᠳᠤ ᠲᠤᠭ᠍ᠳᠤᠯᠬᠤ᠎ᠶ᠋ᠢᠨ ᠡᠷᠭᠡᠨ᠎ᠳᠤ ᠬᠠᠩᠬᠤᠯᠵᠦ᠍ ᠲᠡᠯᠭᠡᠷᠡᠳᠡᠭ


ᠡᠭᠡ ᠤᠷᠤᠨ᠎ᠢᠶᠠᠨ ᠪᠢ ᠡᠵᠢ ᠭᠡᠵᠦ᠍ ᠲᠠᠭᠤᠳᠠᠬᠤ᠎ᠳᠤ

ᠲᠡᠮᠡᠣᠯᠵᠦ᠍ ᠱᠤᠤᠭᠢᠭ᠍ᠰᠠᠨ ᠭᠤᠤᠯ᠎ᠨᠢ ᠵᠢᠷᠦᠭᠡᠨ ᠰᠤᠳᠠᠰᠤ᠎ᠪᠠᠷ ᠤᠷᠤᠰᠳᠠᠭ

ᠲᠡᠷᠭᠡᠯ ᠮᠦᠩᠬᠦᠨ ᠰᠠᠷᠠ᠎ᠨᠢ ᠲᠡᠷ᠎ᠡ᠎ᠶ᠋ᠢᠨ ᠬᠠᠵᠠᠭᠤ᠎ᠳᠤ ᠲᠤᠶᠠᠭᠠᠷᠠᠭᠠᠳ

ᠲᠤᠷᠠᠯᠠᠯ ᠬᠠᠢᠷ᠎ᠠ᠎ᠶ᠋ᠢᠨ ᠦᠭᠡ᠎ᠪᠠᠨ ᠰᠤᠨᠤᠷ᠎ᠲᠤ ᠮᠢᠨᠢ ᠱᠢᠪᠡᠨᠡᠳᠡᠭ

ᠲᠡᠯᠡᠭᠡᠢ ᠬᠠᠷᠠᠭ᠍ᠰᠠᠨ ᠠᠭᠤᠯᠠᠰ᠎ᠨᠢ ᠬᠦᠰᠡᠯ ᠢᠳᠡᠭᠡᠯ᠎ᠢ ᠮᠢᠨᠢ ᠢᠷᠯᠡᠭᠡᠳ

ᠲᠠᠯ᠎ᠠ᠎ᠶ᠋ᠢᠨ ᠱᠢᠷᠭᠡᠭ ᠡᠪᠡᠰᠦ᠎ᠨᠢ ᠦᠨᠳᠦᠰᠦᠨ᠎ᠠᠴᠠ᠎ᠪᠠᠨ ᠦᠭ᠌ᠭᠢᠶᠡᠮᠦᠷ ᠤᠷᠭᠤᠳᠠᠭ

ᠲᠤᠪᠤ ᠲᠤᠯᠤᠭᠠᠳ᠎ᠨᠢ ᠬᠠᠷᠠᠩᠭᠤᠢ᠎ᠶ᠋ᠢᠨ ᠬᠦᠨ᠎ᠳᠤ ᠭᠡᠷᠡᠯᠳᠦᠵᠦ᠍ ᠰᠠᠴᠤᠷᠠᠭᠠᠳ

ᠲᠤᠯᠤᠭᠠᠨ ᠪᠤᠷᠬᠠᠨ ᠤᠳᠤᠳ᠎ᠲᠠᠢ᠎ᠪᠠᠨ ᠰᠦᠨᠢᠵᠢᠨ ᠵᠤᠭᠤᠭ᠍ᠳᠠᠵᠦ᠍ ᠬᠤᠨᠤᠳᠠᠭ


ᠡᠭᠡ ᠤᠷᠤᠨ᠎ᠢᠶᠠᠨ ᠪᠢ ᠡᠵᠢ ᠭᠡᠵᠦ᠍ ᠲᠠᠭᠤᠳᠠᠬᠤ᠎ᠳᠤ

ᠲᠡᠭ᠌ᠷᠢ᠎ᠨᠢ ᠬᠦᠷᠳᠡᠯ᠎ᠡ ᠴᠠᠭᠠᠨ᠎ᠠ᠎ᠠᠴᠠ᠎ᠪᠠᠨ ᠬᠦᠨ ᠴᠡᠩᠭᠡᠷᠯᠡᠵᠦ᠍ ᠡᠭᠢᠯᠡᠳᠡᠭ

ᠲᠤᠩ ᠴᠠᠭᠠᠨ ᠮᠠᠩᠬ᠎ᠠ᠎ᠨᠢ ᠮᠠᠩᠱᠢᠭᠤᠷᠠᠭ᠍ᠰᠠᠨ ᠨᠤᠢᠷ᠎ᠠᠴᠠ᠎ᠪᠠᠨ ᠰᠡᠷᠡᠵᠦ᠍

ᠲᠠᠪᠠᠯᠭᠠᠯᠠᠬᠤ᠎ᠳᠠᠭᠠᠨ ᠲᠤᠩᠭᠠᠯᠠᠭ᠍ᠰᠢᠬᠤ ᠲᠠᠯᠠᠢ᠎ᠶ᠋ᠢᠨ ᠱᠢᠷᠤᠩᠬᠠᠢ᠎ᠳᠤ ᠤᠷᠮᠠᠱᠢᠳᠠᠭ

ᠲᠤᠯᠢᠨ ᠴᠡᠩᠭᠡᠷ ᠨᠠᠭᠤᠷ᠎ᠨᠢ ᠬᠤᠨ᠎ᠤ᠎ᠪᠠᠨ ᠨᠤᠷᠭᠢᠶᠠᠨ᠎ᠳᠤ ᠴᠠᠯᠭᠢᠯᠠᠵᠦ᠍

ᠲᠠᠳᠠᠭᠤᠷᠠᠵᠦ᠍ ᠲᠡᠯᠡᠷᠡᠬᠦ᠌᠎ᠪᠠᠷ᠎ᠢᠶᠠᠨ ᠤᠷᠤᠱᠢᠬᠤᠢ᠎ᠶ᠋ᠢᠨ ᠨᠢᠭᠤᠴᠠ᠎ᠶ᠋ᠢ ᠲᠠᠨᠢᠭᠤᠯᠳᠠᠭ

ᠲᠡᠷᠡᠰᠦᠨ ᠲᠤᠳᠤᠷ᠎ᠠ ᠦᠨᠳᠡᠭᠡ᠎ᠪᠠᠨ ᠲᠠᠷᠤᠭ᠍ᠰᠠᠨ ᠬᠦᠭᠡᠷᠦᠬᠦᠨ ᠲᠤᠭᠤᠷᠤᠤ

ᠲᠤᠩᠭᠠᠯᠠᠭ ᠤᠭ᠍ᠳᠠᠷᠭᠤᠢ᠎ᠪᠠᠨ ᠬᠠᠷᠠᠵᠦ᠍ ᠠᠮᠤᠷ ᠠᠮᠤᠭᠤᠯᠠᠩ᠎ᠳᠤ ᠲᠠᠢᠳᠭᠤᠷᠠᠳᠠᠭ


ᠡᠭᠡ ᠤᠷᠤᠨ᠎ᠢᠶᠠᠨ ᠪᠢ ᠡᠵᠢ ᠭᠡᠵᠦ᠍ ᠲᠠᠭᠤᠳᠠᠬᠤ᠎ᠳᠤ

ᠡᠷᠭᠢ᠎ᠶ᠋ᠢᠨ ᠴᠤᠤᠷᠢᠶ᠎ᠠ ᠬᠦᠩᠭᠢᠨᠡᠵᠦ᠍ ᠤᠰᠤᠨ᠎ᠠᠴᠠ᠎ᠪᠠᠨ ᠵᠢᠭᠠᠰᠤ ᠴᠤᠯᠭᠢᠳᠠᠭ

ᠦᠨᠦᠴᠢᠨ ᠵᠡᠭᠡᠷ᠎ᠡ ᠬᠦᠳᠦᠯ ᠦᠭ᠌ᠰᠦᠨ ᠨᠠᠭᠠᠰᠢ᠎ᠪᠠᠨ ᠲᠠᠪᠭᠢᠵᠦ᠍

ᠤᠵᠤᠭᠤᠷ ᠬᠤᠶᠠᠷ ᠱᠠᠩᠰᠢ᠎ᠶ᠋ᠢ ᠦᠩᠭᠡᠷᠡᠭᠡᠳ ᠬᠠᠪᠤᠷ ᠪᠤᠯᠳᠠᠭ

ᠡᠬᠦᠯᠡᠨ ᠴᠤᠬᠤᠷ ᠪᠤᠭᠤ ᠱᠢᠯᠢ᠎ᠶ᠋ᠢᠨ ᠲᠡᠨᠵᠢᠨ᠎ᠳᠤ ᠤᠷᠤᠮᠳᠠᠵᠦ᠍

ᠢᠷᠡᠬᠦ᠌ ᠮᠠᠷᠭᠠᠰᠢ᠎ᠶ᠋ᠢᠨ ᠪᠠᠷ᠎ᠠ ᠬᠠᠷᠠᠭᠠᠨ ᠲᠤᠳᠤᠷ᠎ᠠ ᠡᠷᠭᠢᠯᠳᠦᠳᠡᠭ

ᠡᠭᠡ ᠤᠷᠤᠨ᠎ᠢᠶᠠᠨ ᠪᠢ ᠡᠵᠢ ᠭᠡᠵᠦ᠍ ᠲᠠᠭᠤᠳᠠᠬᠤ᠎ᠳᠤ

ᠡᠷᠪᠡᠢ ᠦᠷ᠎ᠡ ᠮᠢᠨᠢ ᠦᠭᠡᠳᠡ᠎ᠠᠴᠠ ᠠᠮᠠ ᠠᠩᠭᠠᠯᠵᠠᠨ ᠮᠦᠱᠢᠶᠡᠳᠡᠭ ᠡ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号