ᠴᠠᠭ᠎ᠤᠨ ᠤᠭ᠍ᠲᠠᠷᠭᠤᠢ᠎ᠶ᠋ᠢ ᠰᠤᠨᠳᠠᠯᠠᠭ᠍ᠰᠠᠨ ᠡᠷᠴᠢᠮ ᠬᠦᠴᠦᠨ᠎ᠤ ᠢᠯᠡᠷᠬᠡᠢᠯᠡᠯ
2025-10-15 10:25:27
ᠵᠣᠬᠢᠶᠠᠭ᠍ᠴᠢ᠄
ᠬᠠᠪᠢ
ᠣᠩᠱᠢᠭ᠍ᠰᠠᠨ ᠣᠳᠠᠭ᠎ᠠ᠄
★★★☆☆

— ᠦᠪᠦᠷ ᠮᠤᠩᠭᠤᠯ᠎ᠤᠨ ᠷᠠᠳᠢᠤ᠋ ᠲᠧᠯᠸᠢᠰ ᠬᠤᠷᠢᠶᠠᠨ᠎ᠤ ᠰᠤᠶᠤᠯ ᠰᠢᠨᠵᠢᠯᠡᠭᠡ ᠰᠤᠪᠠᠭ᠎ᠤᠨ《ᠮᠢᠩᠭᠠᠨ ᠤᠨ᠎ᠤ ᠳᠡᠦᠬᠡᠲᠦ ᠨᠡᠢᠰᠯᠡᠯ》ᠨᠡᠪᠲᠡᠷᠡᠬᠦᠯᠭᠡ᠎ᠶ᠋ᠢ ᠬᠠᠷᠠᠭ᠍ᠰᠠᠨ ᠲᠦᠷᠦᠭ᠌ᠳᠡᠯ


ᠤᠯᠳᠠᠪᠤᠷᠢ᠂ ᠦᠯᠡᠳᠡᠪᠦᠷᠢ᠂ ᠴᠤᠭ᠍ᠴᠠᠯᠠᠪᠤᠷᠢ ᠪᠤᠯ ᠤᠳᠤ ᠦᠶ᠎ᠡ᠎ᠶ᠋ᠢᠨ ᠬᠦᠮᠦᠨ᠎ᠤ ᠦᠩᠭᠡᠷᠡᠭ᠌ᠰᠡᠨ ᠳᠡᠦᠬᠡ᠎ᠪᠠᠨ ᠪᠡᠶᠡᠴᠢᠯᠡᠨ ᠤᠢᠯᠠᠭᠠᠬᠤ ᠢᠲᠡᠭᠡᠯ ᠦᠨᠡᠮᠱᠢᠯ᠎ᠤᠨ ᠭᠤᠷᠮᠤᠰᠤᠨ ᠪᠠᠷᠢᠮᠲᠠ ᠪᠢᠯᠡ᠃ ᠦᠪᠦᠷ ᠮᠤᠩᠭᠤᠯ᠎ᠤᠨ ᠤᠳᠤᠨ ᠲᠧᠯᠸᠢᠰ᠎ᠤᠨ ᠮᠤᠩᠭᠤᠯ ᠬᠡᠯᠡᠨ᠎ᠤ ᠰᠤᠶᠤᠯ ᠱᠢᠨᠵᠢᠯᠡᠭᠡ ᠰᠤᠪᠠᠭ᠎ᠤᠨ 《ᠳᠤᠷᠤᠨ᠎ᠠ᠎ᠶ᠋ᠢᠨ ᠳᠤᠪᠴᠢᠶ᠎ᠠ》 ᠳᠡᠯᠭᠡᠴᠡ᠎ᠶ᠋ᠢᠨ 《ᠮᠢᠩᠭᠠᠨ ᠤᠨ᠎ᠤ ᠳᠡᠦᠬᠡᠲᠦ ᠨᠡᠢᠰᠯᠡᠯ》ᠨᠡᠪᠲᠡᠷᠡᠬᠦᠯᠭᠡ᠎ᠪᠠᠷ ᠲᠤᠮᠳᠠᠳᠤ᠎ᠶ᠋ᠢᠨ ᠲᠠᠪᠤᠨ ᠮᠢᠩᠭᠠᠨ ᠵᠢᠯ᠎ᠤᠨ ᠪᠤᠯᠪᠠᠰᠤᠨ ᠳᠡᠦᠬᠡ᠎ᠶ᠋ᠢᠨ ᠡᠬᠢ ᠤᠯᠪᠠᠭ᠎ᠠ᠂ ᠬᠦᠭ᠌ᠵᠢᠨ ᠪᠠᠳᠠᠷᠠᠵᠤ ᠢᠷᠡᠭ᠌ᠰᠡᠨ ᠳᠡᠦᠬᠡᠨ ᠵᠠᠮᠨᠠᠯ ᠎ᠢ ᠬᠠᠮᠤᠭ᠎ᠠᠴᠠ ᠲᠦᠪᠯᠡᠷᠡᠩᠬᠦᠢ᠂ ᠳᠤᠳᠤᠷᠬᠠᠢ ᠬᠠᠷᠠᠭᠤᠯᠵᠤ ᠴᠢᠳᠠᠭ᠍ᠰᠠᠨ ᠰᠤᠨᠢᠷᠬᠠᠯᠲᠠᠢ᠂ ᠦᠭᠭᠦᠭᠡᠵᠢ ᠲᠡᠢ ᠨᠡᠪᠳᠡᠷᠡᠭᠦᠯᠭᠡ ᠭᠠᠷᠴᠤ᠌ ᠪᠤᠢ᠎ᠶ᠋ᠢ ᠬᠠᠷᠠᠭ᠍ᠰᠠᠨ ᠮᠠᠨᠢ 《ᠮᠢᠩᠭᠠᠨ ᠤᠨ᠎ᠤ ᠳᠡᠦᠬᠡᠲᠦ ᠨᠡᠢᠰᠯᠡᠯ》 ᠬᠡᠮᠡᠬᠦ᠌ ᠴᠤᠪᠤᠷᠠᠯ ᠨᠡᠪᠳᠡᠷᠡᠬᠦᠯᠭᠡ ᠪᠠᠢᠵᠤ ᠪᠢᠯᠡ᠃ ᠵᠢᠷᠤᠭ ᠦᠵᠡᠭ᠌ᠳᠡᠯ᠂ ᠳᠠᠭᠤ ᠴᠢᠮᠡᠭᠡ᠂ ᠦᠰᠦᠭ ᠪᠢᠴᠢᠭ᠎ᠢ ᠱᠢᠲᠦᠯᠴᠡᠬᠦᠯᠦᠨ ᠨᠢᠭᠡᠳᠭᠡᠭ᠌ᠰᠡᠨ ᠲᠧᠯᠸᠢᠰ ᠨᠡᠪᠳᠡᠷᠡᠬᠦᠯᠭᠡ᠎ᠶ᠋ᠢᠨ ᠦᠯᠡᠮᠵᠢ᠎ᠶ᠋ᠢᠨ ᠳᠠᠪᠠᠭᠤᠯᠢᠭ᠎ᠢᠶᠠᠨ ᠠᠱᠢᠭ᠍ᠯᠠᠨ ᠤᠯᠳᠠᠪᠤᠷᠢ᠂ ᠦᠯᠡᠳᠡᠪᠦᠷᠢ᠂ ᠴᠤᠭ᠍ᠴᠠᠯᠠᠪᠤᠷᠢ ᠲᠡᠭᠡᠷ᠎ᠡ ᠰᠠᠭᠤᠷᠢᠯᠠᠵᠤ ᠴᠠᠭ᠎ᠤᠨ ᠤᠭ᠍ᠲᠠᠷᠭᠤᠢ ᠎ᠶ᠋ᠢ ᠰᠤᠨᠳᠠᠯᠠᠭ᠍ᠰᠠᠨ ᠡᠷᠴᠢᠮ ᠬᠦᠴᠦᠨ ᠎ᠤ ᠨᠦᠯᠦᠭᠡᠯᠡᠯ ᠪᠦᠬᠦᠢ ᠭᠠᠭ᠍ᠴᠠ ᠰᠡᠳᠦᠪ ᠎ᠤᠨ ᠲᠤᠭᠤᠷᠢᠨ ᠎ᠳᠤ ᠱᠢᠷᠢᠰᠴᠢᠯᠡᠭ᠌ᠰᠡᠨ ᠳᠦᠰᠦᠪ ᠪᠤᠯᠪᠠᠰᠤᠷᠠᠭᠤᠯᠤᠭ᠍ᠰᠠᠨ᠎ᠨᠢ ᠡᠨᠡ ᠬᠦ᠌ ᠨᠡᠪᠲᠡᠷᠡᠭᠦᠯᠭᠡ᠎ᠶ᠋ᠢᠨ ᠠᠮᠵᠢᠯᠲᠠᠲᠠᠢ ᠪᠤᠯᠬᠤ᠎ᠶ᠋ᠢᠨ ᠦᠨᠳᠦᠰᠦ ᠰᠠᠭᠤᠷᠢ᠎ᠨᠢ ᠪᠤᠯᠤᠭ᠍ᠰᠠᠨ ᠠᠵᠢ᠃

ᠨᠢᠭᠡ ᠦᠨᠳᠦᠰᠦᠲᠡᠨ᠂ ᠨᠢᠭᠡ ᠭᠠᠵᠠᠷ ᠤᠷᠤᠨ᠎ᠤ ᠰᠤᠶᠤᠯ ᠢᠷᠭᠡᠨᠱᠢᠯ ᠪᠤᠶᠤ ᠪᠤᠯᠪᠠᠰᠤᠨ ᠎ᠤ ᠡᠬᠦᠰᠦᠯ ᠪᠦᠷᠢᠯᠳᠦᠯ᠎ᠤᠨ ᠪᠡᠯᠭᠡ ᠳᠡᠮᠳᠡᠭ᠎ᠢ ᠳᠤᠬᠠᠢ᠎ᠶ᠋ᠢᠨ ᠤᠷᠴᠢᠨ ᠨᠦᠬᠦᠴᠡᠯ᠎ᠳᠤᠨᠢ ᠦᠨᠳᠦᠰᠦᠯᠡᠨ ᠠᠳᠠᠯᠢ ᠪᠤᠰᠤ᠎ᠪᠠᠷ ᠦᠵᠡᠬᠦ᠌ ᠱᠠᠭᠠᠷᠳᠠᠯᠭ᠎ᠠ ᠪᠠᠢᠳᠠᠭ ᠪᠤᠯᠪᠠᠴᠤ᠌ ᠰᠠᠭᠤᠷᠢᠨ ᠰᠤᠶᠤᠯ᠎ᠤᠨ ᠬᠤᠪᠢ᠎ᠳᠤ ᠪᠤᠯ ᠬᠤᠲᠠ ᠪᠠᠯᠭᠠᠳ᠂ ᠦᠰᠦᠭ ᠪᠢᠴᠢᠭ᠂ ᠳᠦᠷᠦᠲᠦ ᠶᠤᠰᠤ᠂ ᠶᠤᠰᠤᠯᠠᠯ ᠪᠡᠯᠭᠡᠳᠡᠯ᠎ᠤᠨ ᠪᠠᠷᠢᠯᠭ᠎ᠠ ᠪᠠᠢᠭᠤᠯᠤᠮᠵᠢ᠂ ᠠᠩᠭᠢ ᠢᠯᠭᠠᠯ᠎ᠢᠶᠠᠷ ᠦᠨᠳᠦᠰᠦᠨ ᠪᠡᠯᠭᠡ ᠳᠡᠮᠳᠡᠭ ᠪᠤᠯᠭᠠᠳᠠᠭ᠎ᠨᠢ ᠨᠡᠢᠲᠡ᠎ᠶ᠋ᠢᠨ ᠤᠢᠯᠠᠭᠠᠯᠲᠠ ᠶᠤᠮ᠃ ᠲᠠᠪᠤᠨ ᠮᠢᠩᠭᠠᠨ ᠵᠢᠯ ᠤᠷᠤᠰᠭᠠᠯ ᠳᠠᠰᠤᠷᠠᠭ᠎ᠠ ᠦᠬᠡᠢ ᠦᠷᠬᠦᠯᠵᠢᠯᠡᠭ᠌ᠰᠡᠨ ᠳᠤᠮᠳᠠᠳᠤ᠎ᠶ᠋ᠢᠨ ᠪᠤᠯᠪᠠᠰᠤᠨ᠎ᠤ ᠭᠠᠢᠬᠠᠮᠱᠢᠭ᠍ᠲᠤ ᠳᠡᠦᠬᠡ ᠎ᠶ᠋ᠢ ᠭᠠᠵᠠᠷ ᠭᠠᠵᠠᠷ᠎ᠠᠴᠠ ᠤᠯᠳᠠᠭ᠍ᠰᠠᠨ ᠬᠠᠭᠤᠴᠢ ᠤᠯᠳᠠᠪᠤᠷᠢ ᠪᠤᠶᠤ ᠡᠳ᠋ ᠦᠯᠦᠭ᠂ ᠠᠳᠡ ᠲᠡᠨᠳᠡ ᠦᠬᠡᠢ ᠲᠠᠷᠬᠠᠭ᠍ᠰᠠᠨ ᠰᠤᠶᠤᠯ᠎ᠤᠨ ᠪᠠᠭᠤᠷᠢ ᠳᠤᠷᠠᠰᠭᠠᠯ᠂ ᠳᠠᠯᠠᠢ ᠶᠡᠭᠡ ᠲᠤᠯᠭᠤᠷ ᠪᠢᠴᠢᠭ ᠪᠤᠶᠤ ᠰᠤᠷᠪᠤᠯᠵᠢ ᠪᠢᠴᠢᠭ᠎ᠤᠨ ᠪᠠᠷᠢᠮᠳᠠ ᠬᠡᠷᠡᠭ᠌ᠯᠡᠭ᠌ᠳᠡᠬᠦᠨ᠎ᠨᠦᠭᠦᠳ᠎ᠲᠤ ᠳᠦᠱᠢᠨ ᠦᠬᠦᠯᠡᠬᠦ᠌᠎ᠨᠢ ᠵᠠᠢᠯᠠᠰᠢ ᠦᠭᠡᠢ ᠪᠤᠯᠪᠠᠴᠤ᠌ ᠶᠡᠷᠦᠩᠬᠡᠢ ᠨᠢᠭᠡᠨ ᠱᠢᠵᠢᠮ᠎ᠢᠶᠠᠷ ᠬᠤᠯᠪᠤᠨ ᠡᠷᠲᠡᠨ᠎ᠤ ᠬᠦᠭ᠌ᠵᠢᠯ ᠪᠤᠯᠤᠨ ᠤᠳᠤ᠎ᠶ᠋ᠢᠨ ᠪᠠᠳᠠᠷᠠᠯ᠎ᠢ ᠵᠡᠷᠭᠡ᠎ᠳᠤᠨᠢ ᠲᠠᠯᠪᠢᠨ ᠬᠠᠷᠠᠭᠤᠯᠵᠤ ᠴᠢᠳᠠᠬᠤ ᠰᠡᠳᠦᠪ᠎ᠢ ᠰᠤᠩᠭᠤᠬᠤ ᠦᠬᠡᠢ ᠪᠤᠯ ᠵᠦᠪᠬᠡᠨ ᠯᠠ ᠳᠠᠨᠢᠯᠴᠠᠭᠤᠯᠭ᠎ᠠ ᠲᠡᠳᠦᠢ ᠪᠤᠯᠬᠤ ᠳᠤᠭᠤᠯᠳᠠᠯ᠎ᠲᠠᠢ ᠃ ᠳᠡᠭᠡᠬᠦ᠌᠎ᠳᠤ ᠲᠧᠯᠸᠢᠰ᠎ᠤᠨ᠎ᠬᠢᠨ 《ᠮᠢᠩᠭᠠᠨ ᠤᠨ᠎ᠤ ᠳᠡᠦᠬᠡᠲᠦ ᠨᠠᠢᠰᠯᠡᠯ 》 ᠬᠡᠬᠦ᠌ ᠰᠡᠳᠦᠪ᠎ᠢᠶᠠᠷ ᠰᠢ ᠠᠨ᠂ ᠯᠦᠸᠧᠶᠠᠩ᠂ ᠪᠡᠭᠡᠵᠢᠩ᠂ ᠠᠨᠶᠠᠩ᠂ ᠨᠠᠨᠵᠢᠩ᠂ ᠺᠠᠢᠹᠧᠩ᠂ ᠬᠠᠩᠵᠧᠦ᠂ ᠵᠧᠩᠵᠧᠦ᠂ ᠳ᠋ᠠᠲ᠋ᠦ᠋ᠩ᠂ ᠴᠧᠩᠳᠦ᠋ ᠵᠡᠷᠭᠡ 10 ᠬᠤᠲᠠ᠎ᠶ᠋ᠢ ᠱᠢᠷᠭᠡᠭ᠌ᠴᠢᠯᠡᠨ ᠰᠤᠩᠭᠤᠵᠤ᠂ ᠭᠤᠷᠪᠠᠨ ᠵᠢᠯ᠎ᠤᠨ ᠳᠤᠷᠱᠢᠳᠠ 7 ᠮᠤᠵᠢ ᠬᠤᠲᠠ᠎ᠪᠠᠷ ᠲᠦᠮᠠ ᠭᠠᠷᠤᠢ ᠺᠢᠯᠤᠮᠧᠲᠷ ᠠᠶᠠᠯᠠᠨ 38 ᠬᠤᠭᠤᠴᠠᠭᠠᠨ᠎ᠤ ᠳᠤᠰᠭᠠᠢ ᠨᠡᠪᠲᠡᠷᠡᠭᠦᠯᠭᠡ ᠪᠡᠯᠡᠳᠭᠡᠭ᠌ᠰᠡᠨ᠎ᠨᠢ ᠭᠠᠵᠠᠷ ᠵᠦᠢ᠎ᠶ᠋ᠢᠨ ᠬᠤᠪᠢ᠎ᠳᠤ ᠦᠷᠭᠡᠴᠡ᠎ᠲᠠᠢ᠂ ᠠᠭᠤᠯᠭ᠎ᠠ᠎ᠶ᠋ᠢᠨ ᠬᠤᠪᠢ᠎ᠳᠤ ᠬᠦᠨᠴᠡ᠎ᠲᠠᠢ᠂ ᠦᠵᠡᠬᠦᠯᠪᠦᠷᠢ (ᠵᠢᠷᠤᠭ ᠦᠵᠡᠭ᠌ᠳᠡᠯ ᠎ᠢ ᠪᠠᠭ᠍ᠲᠠᠭᠠᠭ᠍ᠰᠠᠨ) ᠪᠤᠯᠤᠨ ᠬᠦᠳᠡᠯᠦᠯ᠎ᠤᠨ ᠬᠤᠪᠢ᠎ᠳᠤ ᠳᠠᠯᠠᠢᠴᠠ᠎ᠲᠠᠢ ᠪᠤᠯᠵᠤ ᠴᠢᠳᠠᠭ᠍ᠰᠠᠨ᠎ᠢ ᠳᠡᠮᠳᠡᠭ᠌ᠯᠡᠬᠦ᠌ ᠶᠤᠰᠤᠲᠠᠢ᠃ ᠨᠡᠢᠰᠯᠡᠯ ᠪᠤᠯᠭᠠᠨ᠎ᠤ ᠠᠳᠠᠯᠢ ᠪᠤᠰᠤ᠎ᠶ᠋ᠢᠨ ᠲᠡᠦᠬᠡᠨ ᠴᠠᠭ ᠬᠤᠭᠤᠴᠠᠭᠠᠨ᠎ᠳᠠᠬᠢ ᠬᠦᠷᠢᠶ᠎ᠡ ᠭᠡᠪᠴᠢᠶ᠎ᠡ᠎ᠶ᠋ᠢ ᠤᠳᠤᠬᠢ ᠪᠠᠷᠢᠯᠭ᠎ᠠ ᠪᠠᠢᠭᠤᠯᠤᠮᠵᠢ᠎ᠶ᠋ᠢᠨ ᠪᠠᠢᠷᠢ ᠪᠠᠢᠴᠠ᠎ᠲᠠᠢ ᠵᠢᠱ᠌ᠢᠨ ᠬᠦᠭ᠌ᠵᠢᠯ ᠪᠠᠳᠠᠷᠠᠯ᠎ᠤᠨ ᠭᠤᠯᠲᠤ ᠬᠤᠯᠪᠤᠭᠠᠰᠤ᠎ᠶ᠋ᠢ ᠳᠤᠳᠤᠷᠬᠠᠢᠯᠠᠬᠤ᠂ ᠡᠳ᠋ ᠦᠯᠦᠭ᠎ᠤᠨ ᠤᠯᠳᠠᠪᠤᠷᠢ ᠪᠤᠯᠤᠨ ᠪᠠᠭᠤᠷᠢ ᠳᠤᠷᠠᠰᠭᠠᠯ᠎ᠤᠨ ᠦᠯᠡᠳᠡᠪᠦᠷᠢ᠎ᠪᠠᠷ ᠴᠠᠭ ᠦᠶ᠎ᠡ ᠪᠤᠯᠭᠠᠨ᠎ᠤ ᠬᠢᠨᠢ ᠬᠦᠭ᠌ᠵᠢᠯᠳᠡ᠎ᠶ᠋ᠢᠨ ᠬᠦᠨᠳᠡᠯᠡᠨ᠎ᠤ ᠬᠢᠷᠢ ᠲᠦᠪᠱᠢᠨ᠎ᠢ ᠤᠢᠯᠠᠭᠠᠭᠤᠯᠬᠤ᠂ ᠱᠢᠨ᠎ᠡ᠎ᠪᠠᠷ ᠪᠠᠷᠢᠭ᠍ᠳᠠᠭ᠍ᠰᠠᠨ ᠴᠤᠭ᠍ᠴᠠᠯᠠᠪᠤᠷᠢ᠎ᠨᠤᠭᠤᠳ᠎ᠢᠶᠠᠷ ᠬᠦᠭ᠌ᠵᠢᠯ᠎ᠤᠨ ᠬᠢᠨᠢ ᠤᠷᠭᠢᠯ ᠦᠶ᠎ᠡ᠎ᠶ᠋ᠢᠨ ᠦᠩᠭᠡ ᠭᠠᠯᠪᠢᠷ᠎ᠢ ᠬᠠᠷᠠᠭᠤᠯᠬᠤ᠎ᠪᠠᠷ ᠳᠠᠮᠵᠢᠨ ᠲᠤᠮᠲᠠᠳᠤ᠎ᠶ᠋ᠢᠨ ᠪᠤᠯᠪᠠᠰᠤᠨ᠎ᠤ ᠲᠦᠷᠦᠲᠦ ᠶᠤᠰᠤᠨ᠎ᠤ ᠤᠯᠠᠮᠵᠢᠯᠠᠯ ᠪᠤᠯᠤᠨ ᠬᠤᠲᠠ᠎ᠶ᠋ᠢᠨ ᠰᠤᠶᠤᠯ᠎ᠤᠨ ᠤᠯᠠᠮᠵᠢᠯᠠᠯ ᠳᠡᠭᠡᠷ᠎ᠡ ᠰᠠᠭᠤᠷᠢᠯᠠᠭ᠍ᠰᠠᠨ ᠤᠯᠠᠮᠵᠢᠯᠠᠯᠲᠤ ᠰᠤᠶᠤᠯ ᠪᠤᠯᠪᠠᠰᠤᠨ᠎ᠤ ᠳᠤᠳᠤᠭᠠᠳᠤ ᠎ᠳᠠᠬᠢ ᠭᠠᠢᠬᠠᠮᠱᠢᠭ᠍ᠲᠤ ᠶᠡᠭᠡ ᠵᠤᠬᠢᠴᠠᠭᠤᠯᠬᠤ ᠬᠦᠴᠦᠨ ᠪᠠ ᠪᠦᠲᠦᠭᠡᠯᠴᠢ ᠬᠦᠴᠦᠨ᠎ᠢ ᠢᠯᠡᠷᠡᠬᠦᠯᠦᠨ᠂ ᠬᠠᠷᠠᠭ᠍ᠰᠠᠨ ᠪᠦᠬᠦᠨ᠎ᠤ ᠰᠤᠶᠤᠯ᠎ᠤᠨ ᠢᠲᠡᠭᠡᠯ᠎ᠢ ᠪᠠᠳᠤᠳᠭᠠᠬᠤ ᠡᠷᠬᠢᠮ ᠵᠤᠷᠢᠯᠲᠠ᠎ᠶ᠋ᠢ ᠳᠠᠯᠪᠢᠭ᠍ᠰᠠᠨ᠎ᠨᠢ ᠨᠡᠪᠲᠡᠷᠡᠬᠦᠯᠭᠡ ᠪᠤᠯᠭᠠᠨ᠎ᠠᠴᠠ᠎ᠨᠢ ᠳᠤᠳᠤ ᠬᠠᠷᠠᠭ᠍ᠳᠠᠵᠤ ᠪᠠᠢᠨ᠎ᠠ᠃ ᠬᠠᠷᠢᠨ ᠰᠡᠬᠦᠯᠴᠢ᠎ᠶ᠋ᠢᠨ ᠨᠡᠪᠳᠡᠷᠡᠬᠦᠯᠭᠡ᠎ᠨᠦᠭᠦᠳ ᠲᠡᠭᠡᠨ 《ᠨᠢᠭᠡᠨ ᠵᠠᠭᠤᠨ᠎ᠤ ᠡᠷᠢᠯ》᠂ 《3600 ᠵᠢᠯ᠎ᠤᠨ ᠳᠡᠷᠲᠡᠭᠡᠬᠢ ᠬᠤᠲᠠ》᠂ 《〈ᠨᠠᠷᠠᠨ ᠱᠢᠪᠠᠭᠤᠨ〉 ᠎ᠤ᠋ ᠳᠤᠮᠤᠭ》᠂ 《ᠴᠢᠯᠠᠭᠤᠨ ᠳᠡᠭᠡᠷ᠎ᠡ ᠱᠤᠭᠤᠭ᠍ᠰᠠᠨ ᠳᠤᠤᠯᠢᠰ》 ᠮᠡᠲᠦ᠍᠎ᠶ᠋ᠢᠨ ᠳᠡᠳ᠋ ᠭᠠᠷᠴᠠᠭ ᠪᠤᠶᠤ ᠳᠤᠰᠭᠠᠢ ᠭᠠᠷᠴᠠᠭ ᠬᠠᠳᠠᠭ᠍ᠰᠠᠨ᠎ᠨᠢ ᠤᠤᠯ ᠵᠤᠷᠢᠯᠲᠠ᠎ᠪᠠᠨ ᠨᠡᠩ ᠳᠤᠳᠤ ᠳᠤᠪᠤᠭᠤᠷ ᠪᠤᠯᠭᠠᠵᠠᠢ᠃

ᠶᠡᠷᠦ᠍᠎ᠨᠢ ᠠᠬᠤᠢ ᠲᠠᠯᠠᠪᠠᠢ᠎ᠳᠠᠬᠢ ᠬᠦᠲᠦᠯᠦᠭ᠌ᠴᠢ᠎ᠶ᠋ᠢᠨ ᠦᠭᠡ᠂ ᠵᠢᠷᠤᠭ ᠦᠵᠡᠭ᠌ᠳᠡᠯ᠎ᠤᠨ ᠬᠠᠵᠠᠭᠤ᠎ᠶ᠋ᠢᠨ ᠲᠠᠢᠯᠪᠤᠷᠢ ᠪᠤᠶᠤ ᠬᠤᠯᠪᠤᠭᠠᠰᠤ ᠦᠬᠡ᠂ ᠦᠷᠭᠡᠨ ᠦᠵᠡᠭ᠌ᠳᠡᠯ ᠪᠤᠯᠤᠨ ᠬᠦᠷᠦᠭ ᠪᠢᠴᠢᠯᠭᠡ᠎ᠶ᠋ᠢ ᠤᠶᠠᠯᠳᠤᠭᠤᠯᠤᠭ᠍ᠰᠠᠨ ᠵᠢᠷᠤᠭ ᠦᠵᠡᠭ᠌ᠳᠡᠯ᠎ᠤᠨ ᠵᠤᠬᠢᠴᠠᠯ ᠭᠡᠳ ᠠᠯᠢ ᠴᠤ᠌ ᠲᠠᠯ᠎ᠠ᠎ᠪᠠᠷ ᠠᠪᠤᠭᠠᠳ ᠬᠡᠯᠡᠬᠦ᠌᠎ᠳᠤ ᠰᠡᠳᠦᠪ᠎ᠠᠴᠠ᠎ᠪᠠᠨ ᠰᠠᠯᠤᠭ᠍ᠰᠠᠨ ᠵᠦᠢᠯ ᠤᠭ᠍ᠲᠤᠬᠠᠨ ᠴᠤ᠌ ᠬᠠᠷᠠᠭ᠍ᠳᠠᠬᠤ ᠦᠬᠡᠢ ᠪᠦᠭᠡᠳ ᠲᠧᠯᠸᠢᠰ᠎ᠤᠨ ᠬᠠᠮ ᠤᠷᠠᠯᠢᠭ᠎ᠤᠨ ᠤᠨᠴᠠᠯᠢᠭ᠎ᠢ ᠬᠦᠢᠴᠡᠳ ᠬᠠᠩᠭᠠᠯᠲᠠᠲᠠᠢ ᠪᠠᠳᠠᠷᠠᠭᠤᠯᠵᠤ᠂ ᠤᠳᠤ ᠦᠶ᠎ᠡ᠎ᠶ᠋ᠢᠨ ᠲᠧᠯᠸᠢᠰ ᠠᠵᠢᠯᠲᠠᠳ᠎ᠤᠨ ᠮᠡᠷᠭᠡᠵᠢᠯ᠂ ᠮᠡᠳᠡᠯᠭᠡ᠂ ᠡᠭᠦᠷᠭᠡ ᠬᠠᠷᠢᠭᠤᠴᠠᠯᠭ᠎ᠠ᠎ᠶ᠋ᠢ ᠳᠤᠳᠤᠷᠬᠠᠢ ᠬᠠᠷᠠᠭᠤᠯᠵᠤ ᠴᠢᠳᠠᠭ᠍ᠰᠠᠨ ᠪᠠᠢᠨ᠎ᠠ᠃ ᠨᠡᠪᠳᠡᠷᠡᠭᠦᠯᠭᠡ᠎ᠶ᠋ᠢᠨ ᠠᠢᠵᠠᠮ᠎ᠢ᠎ᠲᠠᠭᠠᠨ ᠮᠢᠩᠭᠠᠨ ᠤᠨ᠎ᠤ ᠳᠡᠦᠬᠡᠲᠦ ᠨᠡᠢᠰᠯᠡᠯ᠎ᠤᠳ᠎ᠢᠶᠠᠷ ᠲᠤᠭᠤᠷᠢᠨ ᠠᠶᠠᠯᠠᠬᠤᠶ᠎ᠠ ᠱᠢᠨ᠎ᠡ ᠴᠠᠭ ᠦᠶ᠎ᠡ᠎ᠶ᠋ᠢᠨ ᠬᠦᠭ᠌ᠵᠢᠶᠡᠨᠲᠤ ᠬᠤᠲᠠ᠎ᠨᠤᠭᠤᠳ ᠨᠢᠭᠡᠳ ᠨᠢᠭᠡ᠎ᠪᠠᠷ᠎ᠢᠶᠠᠨ ᠲᠡᠦᠬᠡ᠎ᠪᠠᠨ ᠠᠴᠢᠶᠠᠯᠠᠵᠤ᠂ ᠳᠡᠦᠬᠡᠨ᠎ᠠᠴᠠ᠎ᠪᠠᠨ ᠴᠡᠨᠡᠭ ᠠᠪᠤᠭ᠍ᠰᠠᠨ ᠤᠯᠠᠮᠵᠢᠯᠠᠯ ᠱᠢᠨᠡᠴᠢᠯᠡᠯ᠎ᠤᠨ ᠰᠤᠩᠭᠤᠳᠠᠭ ᠵᠢᠱ᠌ᠢᠶ᠎ᠡ ᠪᠤᠯᠵᠤ ᠂ ᠦᠷᠨᠢᠯ ᠭᠦᠭ᠌ᠵᠢᠯ᠎ᠤᠨ᠎ᠢᠶᠠᠨ ᠵᠠᠮ᠎ᠳᠤ ᠦᠩᠭᠡ ᠳᠦᠷᠬᠦ᠌᠎ᠨᠢ ᠨᠡᠩ ᠦᠪᠡᠷᠮᠢᠴᠡ ᠢᠯᠡᠳᠡᠢ ᠪᠤᠯᠤᠨ ᠳᠤᠳᠤᠷᠠᠨ᠎ᠠ᠃ ᠡᠨᠡ ᠪᠤᠯ ᠵᠦᠭᠡᠷ ᠯᠡ ᠨᠢᠭᠡ ᠠᠶᠠᠯᠠᠯ ᠵᠢᠭᠤᠯᠴᠢᠯᠠᠯ᠎ᠤᠨ ᠫᠷᠤᠭ᠌ᠷᠡᠮ ᠪᠢᠰᠢ ᠂ ᠠᠮᠵᠢᠯᠲᠠ ᠪᠦᠲᠦᠭᠡᠯ᠎ᠤᠨ ᠮᠡᠳᠡᠭᠡᠯᠡᠯ ᠴᠤ᠌ ᠪᠢᠰᠢ᠂ ᠬᠠᠷᠢᠨ ᠬᠡᠳᠦᠨ ᠮᠢᠩᠭᠠᠨ ᠤᠨ᠎ᠤ ᠴᠠᠭ᠎ᠤᠨ ᠤᠭ᠍ᠲᠠᠷᠭᠤᠢ᠎ᠶ᠋ᠢ ᠰᠤᠨᠳᠠᠯᠠᠭ᠍ᠰᠠᠨ ᠡᠷᠴᠢᠮ ᠬᠦᠴᠦᠨ᠎ᠤ ᠢᠯᠡᠷᠬᠡᠢᠯᠡᠯ᠂ ᠳᠡᠦᠬᠡ᠎ᠪᠠᠷ᠎ᠢᠶᠠᠨ ᠪᠠᠷᠳᠠᠵᠤ᠂ ᠰᠤᠶᠤᠯ᠎ᠢᠶᠠᠷ᠎ᠢᠶᠠᠨ ᠪᠠᠭ᠍ᠠᠷᠬᠠᠭ᠍ᠰᠠᠨ ᠳᠤᠮᠳᠠᠳᠤ᠎ᠶ᠋ᠢᠨ ᠰᠤᠶᠤᠯ᠎ᠤᠨ ᠪᠤᠳᠠᠲᠤ ᠬᠢᠴᠢᠶᠡᠯᠯᠡᠭᠡ ᠪᠠᠢᠭ᠎ᠠ ᠪᠢᠯᠡ᠃ ᠲᠧᠯᠸᠢᠰᠴᠤᠳ ᠮᠠᠨᠢ ᠡᠨᠡ ᠬᠦ᠌ ᠨᠡᠪᠲᠡᠷᠡᠭᠦᠯᠭᠡ᠎ᠪᠠᠷ᠎ᠢᠶᠠᠨ ᠲᠤᠯᠢ ᠪᠤᠯᠭᠠᠵᠤ᠂ ᠨᠡᠩ ᠤᠯᠠᠨ᠂ ᠨᠡᠩ ᠰᠤᠳᠤᠨ ᠨᠡᠪᠲᠡᠷᠡᠭᠦᠯᠭᠡ ᠬᠢᠬᠡᠰᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号