ᠨᠠᠢᠷᠠᠭᠤᠯᠤᠭᠴᠢ ᠵᠢᠨ ᠦᠬᠡ
ᠠᠯᠳᠠᠨ ᠨᠠᠮᠤᠷ ᠤ᠋ᠨ ᠠᠷᠪᠠᠨ ᠰᠠᠷ᠎ᠠ ᠡᠯᠪᠡᠭ ᠬᠣᠷᠢᠶᠠᠯᠲᠠ ᠪᠡᠷ ᠪᠢᠯᠬᠠᠵᠤ᠂ ᠠᠭᠤᠤ ᠤᠯᠤᠰ ᠤ᠋ᠨ ᠠᠷᠪᠠᠨ ᠰᠠᠷ᠎ᠠ ᠪᠠᠶᠠᠷ ᠵᠢᠷᠭᠠᠯ ᠵᠢᠡᠷ ᠮᠦᠰᠢᠶᠡᠨᠠ᠃ ᠤᠯᠠᠷᠢᠯ ᠤ᠋ᠨ ᠵᠢᠮ᠎ᠠ ᠪᠡᠷ ᠤᠯᠤᠰ ᠤ᠋ᠨ ᠪᠠᠶᠠᠷ ᠤ᠋ᠨ ᠠᠮᠠᠷᠠᠯᠳᠠ ᠵᠢᠨ ᠬᠤᠭᠤᠴᠠᠭᠠᠨ ᠳ᠋ᠤ ᠮᠠᠨ ᠤ᠋ ᠤᠷᠤᠨ ᠶᠡᠷᠤ ᠨᠢ ᠲᠠᠷᠢᠶ᠎ᠠ ᠲᠦᠮᠦᠰᠤ ᠵᠢᠨ ᠬᠤᠷᠢᠶᠠᠯᠳᠠ᠂ ᠮᠠᠯ ᠤᠨᠤᠭ᠎ᠠ ᠵᠢᠨ ᠭᠠᠷᠭᠠᠯᠳᠠ ᠵᠢᠨ ᠶᠠᠭᠠᠷᠠᠯᠳᠠᠢ ᠦᠶ᠎ᠠ ᠳ᠋ᠤ ᠤᠷᠤᠵᠤ᠂ ᠮᠠᠯᠴᠢᠨ ᠲᠠᠷᠢᠶᠠᠴᠢᠳ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠶᠠᠭᠠᠷᠠᠯᠳᠤᠵᠤ ᠪᠠᠢᠭᠰᠠᠨ ᠴᠦ᠍ ᠡᠯᠪᠡᠭ ᠬᠤᠷᠢᠶᠠᠯᠳᠠ ᠳ᠋ᠠᠭᠠᠨ ᠮᠠᠩᠨᠠᠢ ᠲᠠᠨᠢᠢᠨ ᠪᠠᠶᠠᠰᠤᠨ᠎ᠠ᠃
9 ᠰᠠᠷ᠎ᠠ ᠵᠢᠨ 20 — 22 ᠤ᠋ᠨ ᠡᠳᠤᠷ᠂ ᠨᠠᠢ᠍ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠰᠢᠯᠢ ᠶ᠋ᠢᠨ ᠭᠤᠤᠯ ᠠᠢᠮᠠᠭ ᠤ᠋ᠨ ᠬᠦᠪᠡᠭᠡᠲᠦ ᠰᠢᠷ᠎ᠡ ᠬᠤᠰᠢᠭᠤᠨ ᠤ᠋ ᠪᠤᠭᠳᠠ ᠶ᠋ᠢᠨ ᠭᠤᠤᠯ ᠰᠤᠮᠤ ᠳ᠋ᠤ ᠨᠢᠵᠢᠬᠢᠷ ᠶᠠᠪᠤᠭᠳᠠᠵᠤ᠂ ᠤᠷᠠᠨ ᠰᠠᠢᠬᠠᠨ ᠤ᠋ ᠲᠤᠭᠯᠠᠯᠳᠠ᠂ ᠰᠠᠢᠨ ᠡᠬᠦᠯᠳᠡᠷ ᠤ᠋ᠨ ᠮᠠᠯ ᠢ᠋ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ᠂ ᠰᠠᠨᠳᠤᠤ ᠪᠡᠷ ᠡᠪᠡᠰᠦ ᠬᠠᠳᠤᠬᠤ ᠤᠷᠤᠯᠳᠤᠭᠠᠨ᠂ ᠱᠠᠭ᠎ᠠ ᠲᠤᠭᠯᠠᠭᠠᠮ ᠤ᠋ᠨ ᠤᠷᠤᠯᠳᠤᠭᠠᠨ᠂ ᠬᠤᠷᠤᠳ ᠪᠠ ᠲᠦᠳ᠋ ᠬᠢᠬᠦ ᠤᠷᠤᠯᠳᠤᠭᠠᠨ ᠵᠡᠷᠬᠡ ᠤᠯᠠᠨ ᠠᠷᠪᠢᠨ ᠤᠴᠢᠷᠳᠠᠢ ᠰᠠᠢᠬᠠᠨ ᠠᠵᠢᠯᠯᠠᠭ᠎ᠠ ᠦᠷᠨᠢᠬᠦᠯᠵᠠᠢ᠃ ᠡᠨᠳᠡ ᠰᠤᠷᠪᠤᠯᠵᠢᠯᠠᠭᠴᠢ ᠵᠢᠨ ᠠᠬᠤᠢ ᠲᠠᠯᠠᠪᠠᠢ ᠳ᠋ᠡᠬᠢ ᠬᠡᠰᠡᠭ ᠰᠤᠷᠪᠤᠯᠵᠢᠯᠠᠭ᠎ᠠ ᠵᠢ ᠨᠡᠢᠳᠡᠯᠡᠵᠤ᠂ ᠡᠯᠪᠡᠭ ᠬᠤᠷᠢᠶᠠᠯᠳᠠ ᠵᠢ ᠪᠠᠶᠠᠷᠯᠠᠨ ᠪᠡᠯᠬᠡᠯᠡᠬᠦ ᠵᠢᠨ ᠬᠠᠮᠳᠤ ᠤᠯᠤᠰ ᠤ᠋ᠨ ᠪᠠᠶᠠᠷ ᠤ᠋ᠨ ᠠᠮᠠᠷᠠᠯᠳᠠ ᠳ᠋ᠤ ᠵᠤᠭ᠎ᠠ ᠴᠡᠩᠬᠡᠯ ᠨᠡᠮᠡᠬᠦ ᠵᠢ ᠵᠤᠷᠢᠯ᠎ᠠ᠃

ᠵᠢᠪᠬᠤᠭᠠᠳᠤ ᠤᠷᠠᠯᠢᠭᠴᠢᠳ
ᠬᠦᠴᠦᠲᠦ ᠪᠦᠭᠡ ᠪᠠᠨ ᠪᠠᠷᠢᠯᠳᠤᠭᠤᠯᠤᠡᠭᠬᠠᠨ ᠬᠦᠭᠵᠢᠯᠳᠦᠡᠭᠬᠡᠨ ᠪᠡᠯᠭᠡᠯᠡᠶ᠎ᠡ
ᠬᠦᠯᠦᠭ ᠮᠤᠷᠢᠳ ᠶ᠋ᠢᠡᠨ ᠤᠷᠤᠯᠳᠤᠭᠤᠯᠤᠡᠭᠬᠠᠨ ᠪᠡᠶᠠᠰᠤᠡᠭᠬᠠᠨ ᠪᠡᠯᠭᠡᠯᠡᠶ᠎ᠡ
ᠠᠮᠵᠢᠯᠲᠠ ᠶ᠋ᠢᠨ ᠰᠠᠢᠬᠠᠨ ᠶ᠋ᠢᠠᠨ ᠳᠡᠭᠡᠵᠢᠯᠡᠨ ᠳᠡᠭᠡᠵᠢᠯᠡᠨ ᠪᠠᠬᠠᠲᠤᠨ ᠪᠡᠯᠭᠡᠯᠡᠶ᠎ᠡ
ᠠᠬᠢᠯᠲᠠ ᠳᠠᠪᠰᠢᠯᠲᠠ ᠪᠠᠨ ᠵᠢᠷᠤᠭᠯᠠᠨ ᠳᠤᠷᠠᠰᠬᠠᠨ ᠳᠤᠷᠠᠰᠬᠠᠨ ᠪᠡᠯᠬᠡᠯᠡᠶ᠎ᠡ
᠁
ᠮᠦᠷ ᠪᠠᠳᠠᠭ ᠪᠦᠷᠢ ᠡᠴᠡ ᠡᠯᠪᠡᠭ ᠬᠤᠷᠢᠶᠠᠯᠲᠠ ᠪᠡᠨ ᠪᠡᠯᠭᠡᠯᠡᠬᠦ ᠪᠠᠶᠠᠷ ᠨᠠᠭᠠᠳᠤᠮ ᠤ᠋ᠨ ᠪᠠᠶᠠᠰᠤᠯᠳᠤ ᠡᠭᠡᠰᠢᠭ ᠤᠶᠠᠡᠭᠭᠠᠷᠠᠭᠰᠠᠨ ᠡᠨᠡ ᠰᠠᠢᠬᠠᠨ ᠳᠠᠭᠤᠤ ᠪᠤᠯ ᠬᠦᠪᠡᠭᠡᠲᠦ ᠰᠢᠷ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠬᠢᠨ ᠨᠢ᠋ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠵᠤᠷᠢᠭᠤᠯᠤᠨ ᠵᠤᠬᠢᠶᠠᠨ ᠪᠦᠲᠦᠭᠡᠭᠰᠡᠨ 《ᠠᠯᠲᠠᠨ ᠨᠠᠮᠤᠷ ᠤ᠋ᠨ ᠨᠠᠭᠠᠳᠤᠮ》 ᠳᠠᠭᠤᠯᠠᠯᠲᠤ ᠪᠦᠵᠢᠭ ᠪᠤᠯᠬᠤ ᠶᠤᠮ᠃
ᠠᠬᠤᠢ ᠲᠠᠯᠠᠪᠠᠢ ᠳ᠋ᠦ 《ᠠᠯᠲᠠᠨ ᠨᠠᠮᠤᠷ ᠤ᠋ᠨ ᠨᠠᠭᠠᠳᠤᠮ》 ᠤ᠋ᠨ ᠠᠶ᠎ᠠ ᠤᠶᠠᠡᠭᠭᠠᠷᠠᠬᠤ ᠳ᠋ᠦ ᠠᠷᠠᠳ ᠤ᠋ᠨ ᠳᠠᠭᠤᠴᠢᠳ ᠠᠶᠠᠯᠭᠤ ᠵᠤᠬᠢᠴᠠᠭᠤᠯᠵᠤ᠂ ᠲᠠᠪᠤᠨ ᠬᠤᠰᠢᠭᠤ ᠮᠠᠯ ᠦᠨᠢᠷ ᠦᠰᠦᠭᠰᠡᠨ᠂ ᠠᠮᠤ ᠲᠠᠷᠢᠶ᠎ᠠ ᠡᠯᠪᠡᠭ ᠬᠤᠷᠢᠶᠠᠭᠰᠠᠨ᠂ ᠠᠵᠤ ᠠᠮᠢᠳᠤᠷᠠᠯ ᠪᠠᠶᠠᠨ ᠳᠠᠡᠭᠰᠤᠭ ᠪᠤᠯᠤᠭᠰᠠᠨ ᠰᠢᠨ᠎ᠠ ᠴᠠᠭ ᠦᠶ᠎ᠡ ᠶ᠋ᠢᠨ ᠮᠠᠯᠴᠢᠨ ᠲᠠᠷᠢᠶᠠᠴᠢᠨ ᠤ᠋ ᠪᠠᠶᠠᠷᠲᠤ ᠰᠡᠳᠬᠢᠯ ᠢ᠋ ᠳᠠᠭᠤᠯᠠᠵᠤ᠂ ᠠᠷᠤ ᠦᠪᠦᠷ ᠶ᠋ᠢᠡᠷ ᠨᠢ ᠬᠡᠤᠬᠡᠳ ᠪᠠᠭᠠᠴᠤᠳ᠂ ᠦᠲᠡᠭᠦᠰ ᠵᠠᠯᠭᠤᠰ ᠬᠦᠭᠵᠢᠯᠳᠦᠨ ᠪᠦᠵᠢᠭᠯᠡᠵᠡᠬᠡᠵᠦ᠂ᠴᠡᠡᠭᠭᠡᠷ ᠬᠠᠳᠠᠭ ᠨᠢ ᠦᠶᠡᠯᠵᠡᠬᠡᠳ ᠬᠦᠭᠡ ᠲᠡᠭᠷᠢ᠂ ᠬᠦᠷᠦᠰᠦᠲᠦ ᠳᠡᠯᠡᠬᠡᠢ᠂ ᠨᠠᠮ ᠤ᠋ᠨ ᠠᠴᠢ ᠳ᠋ᠦ ᠲᠠᠯᠠᠷᠬᠠᠨ᠂ ᠠᠮᠲᠠᠲᠤ ᠴᠠᠭᠠᠨ ᠢᠳᠡᠭᠡᠨ ᠶ᠋ᠢᠡᠷ ᠶ᠋ᠢᠡᠨ ᠲᠠᠯ᠎ᠠ ᠨᠤᠲᠤᠭ ᠲᠦ᠍ ᠬᠡᠰᠢᠭ ᠪᠤᠶᠠᠨ ᠦᠨᠢᠳᠡ ᠳᠡᠯᠭᠡᠷᠡᠬᠦ ᠵᠢ ᠪᠡᠯᠭᠡᠳᠡᠵᠤ᠂ ᠠᠵᠢᠯᠴᠢ ᠬᠦᠳᠡᠯᠮᠤᠷᠢᠴᠢ ᠠᠷᠠᠳ ᠲᠦᠮᠡᠨ ᠤ᠋ ᠠᠵᠠ ᠬᠡᠢᠮᠤᠷᠢ ᠵᠢ ᠵᠦᠡᠭᠨᠡᠨ᠂ ᠠᠭᠤᠤ ᠶᠡᠬᠡ ᠡᠬᠡ ᠤᠯᠤᠰ ᠤ᠋ᠨ ᠶ᠋ᠢᠡᠨ ᠬᠦᠭᠵᠢᠯ ᠪᠠᠳᠠᠷᠠᠯ ᠢ᠋ ᠲᠠᠭᠠᠳᠬᠠᠨ᠎ᠠ᠃
《〈ᠠᠯᠲᠠᠨ ᠨᠠᠮᠤᠷ ᠤ᠋ᠨ ᠨᠠᠭᠠᠳᠤᠮ〉 ᠭᠡᠬᠦ ᠳᠠᠭᠤᠯᠠᠯᠲᠤ ᠪᠦᠵᠢᠭ ᠪᠤᠯ ᠬᠡᠤᠬᠡᠳ ᠤ᠋ᠳ᠂ ᠠᠷᠠᠳ ᠤ᠋ᠨ ᠤᠷᠠᠯᠢᠭᠴᠢᠳ᠂ ᠤᠯᠠᠭᠠᠨᠮᠦ᠋ᠴᠢᠷ ᠤ᠋ᠨ ᠭᠡᠰᠢᠭᠦᠳ ᠨᠡᠢᠲᠡ 40 ᠭᠠᠷᠤᠢ ᠬᠦᠮᠦᠨ ᠤᠷᠤᠯᠴᠠᠭᠰᠠᠨ ᠲᠤᠮᠤ ᠬᠡᠪᠴᠢᠶᠡᠨ ᠤ᠋ ᠲᠤᠭᠯᠠᠯᠲᠠ ᠪᠠᠢᠵᠤ᠂ ᠤᠯᠠᠮᠵᠢᠯᠠᠯᠲᠦ ᠬᠦᠭᠡᠮᠡᠢ ᠤᠷᠠᠯᠢᠭ ᠢ᠋ ᠬᠠᠪᠰᠤᠷᠭᠠᠭᠰᠠᠨ ᠶ᠋ᠢᠡᠷ ᠶ᠋ᠢᠡᠨ ᠤᠨᠴᠠᠯᠢᠭᠳᠠᠵᠤ᠂ ᠠᠯᠲᠠᠨ ᠨᠠᠮᠤᠷ ᠤ᠋ᠨ ᠪᠠᠢᠭᠠᠯᠢ ᠳᠡᠯᠡᠬᠡᠢ᠂ ᠡᠯᠪᠡᠭ ᠬᠤᠷᠢᠶᠠᠯᠲᠠ ᠵᠢ ᠮᠠᠭᠲᠠᠨ ᠳᠠᠭᠤᠯᠠᠭᠰᠠᠨ ᠶᠤᠮ》 ᠬᠡᠵᠤ ᠬᠦᠪᠡᠭᠡᠲᠦ ᠰᠢᠷ᠎ᠡ ᠬᠤᠰᠢᠭᠤᠨ ᠤ᠋ ᠤᠯᠠᠭᠠᠨᠮᠦ᠋ᠴᠢᠷ ᠤ᠋ᠨ ᠳᠠᠷᠤᠭ᠎ᠠ ᠲᠡᠭᠵᠢᠯᠲᠦ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃

ᠭᠠᠷᠮᠠᠭᠠᠢ ᠬᠤᠨᠢᠴᠢᠳ
ᠨᠠᠢ᠍ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠵᠤ᠂ 2025 ᠤᠨ ᠤ᠋ ᠰᠢᠯᠢ ᠶ᠋ᠢᠨ ᠭᠤᠤᠯ ᠠᠢᠮᠠᠭ ᠤ᠋ᠨ ᠰᠠᠢᠨ ᠡᠭᠦᠯᠳᠡᠷ ᠤ᠋ᠨ ᠮᠠᠯ ᠤ᠋ᠨ ᠳᠡᠯᠭᠡᠨ ᠦᠵᠡᠭᠦᠯᠭᠡ ᠵᠢᠴᠢ ᠬᠦᠪᠡᠭᠡᠲᠦ ᠰᠢᠷ᠎ᠡ ᠬᠤᠰᠢᠭᠤᠨ ᠤ᠋ ᠠᠷᠪᠠᠨ ᠨᠢᠭᠡᠳᠤᠭᠡᠷ ᠬᠤᠭᠤᠴᠠᠭᠠᠨ ᠤ᠋ ᠴᠠᠬᠠᠷ ᠬᠤᠨᠢ ᠵᠢ ᠠᠳᠠᠯᠢᠳᠬᠠᠨ ᠰᠢᠯᠭᠠᠷᠠᠭᠤᠯᠬᠤ ᠨᠠᠢᠷ ᠨᠢᠵᠢᠭᠢᠷ ᠶᠠᠪᠤᠭᠳᠠᠪᠠ᠃
ᠨᠠᠢᠷ ᠲᠦ᠍ ᠰᠢᠯᠢ ᠶ᠋ᠢᠨ ᠭᠤᠤᠯ ᠠᠢᠮᠠᠭ ᠤ᠋ᠨ ᠡᠯ᠎ᠡ ᠬᠤᠰᠢᠭᠤᠨ ᠤ᠋ ᠠᠪᠴᠢᠷᠠᠭᠰᠠᠨ 120 ᠴᠠᠬᠠᠷ ᠬᠤᠨᠢ ᠵᠢ ᠠᠳᠠᠯᠢᠳᠬᠠᠨ ᠰᠢᠯᠭᠠᠷᠠᠭᠤᠯᠵᠤ᠂ ᠲᠡᠷᠢᠭᠦᠨ ᠳᠡᠳ᠋ ᠭᠤᠳᠠᠭᠠᠷ ᠪᠠ ᠰᠢᠯᠢᠳᠡᠭ ᠳᠡᠰ ᠢ᠋ ᠰᠢᠯᠭᠠᠷᠠᠭᠤᠯᠤᠨ ᠭᠠᠷᠭᠠᠬᠤ ᠶ᠋ᠢᠨ ᠬᠠᠮᠲᠤ᠂ ᠳᠡᠰ ᠲᠦ᠍ ᠲᠤᠳᠤᠷᠠᠭᠰᠠᠨ ᠦᠭᠡᠢ ᠴᠠᠬᠠᠷ ᠬᠤᠨᠢ ᠳ᠋ᠦ ᠨᠦᠬᠦᠪᠦᠷᠢ ᠦᠭᠴᠦ᠂ ᠮᠠᠯᠴᠢᠳ ᠤ᠋ᠨ ᠰᠢᠯᠢᠳᠡᠭ ᠡᠭᠦᠯᠳᠡᠷ ᠤ᠋ᠨ ᠮᠠᠯ ᠮᠠᠯᠵᠢᠬᠤ ᠢᠳᠡᠪᠬᠢᠵᠢᠯ ᠢ᠋ ᠭᠦᠢᠴᠡᠳ ᠳᠠᠢᠴᠢᠯᠠᠭᠰᠠᠨ ᠪᠠᠢᠨ᠎ᠠ᠃
《ᠮᠠᠨ ᠤ᠋ ᠬᠢᠨ 200 ᠭᠠᠷᠤᠢ ᠴᠠᠬᠠᠷ ᠬᠤᠨᠢ ᠮᠠᠯᠵᠢᠵᠤ ᠪᠠᠢᠨ᠎ᠠ᠃ ᠲᠤᠰ ᠤᠳᠠᠭ᠎ᠠ ᠵᠢᠨ ᠠᠳᠠᠯᠢᠳᠬᠠᠨ ᠰᠢᠯᠭᠠᠷᠠᠭᠤᠯᠤᠯᠲᠠ ᠳ᠋ᠦ 2 ᠰᠢᠳᠤᠯᠡᠡᠭ ᠬᠤᠴᠠ ᠪᠤᠯᠤᠨ 1 ᠬᠤᠷᠠᠭ᠎ᠠ ᠠᠪᠴᠢᠷᠠᠵᠤ᠂ 1 ᠰᠢᠳᠤᠯᠡᠡᠭ ᠬᠤᠴᠠ ᠨᠢ ᠲᠡᠷᠢᠭᠦᠨ ᠳ᠋ᠦ ᠤᠷᠤᠵᠤ᠂ 1 ᠰᠢᠳᠦᠯᠡᠡᠭ ᠬᠤᠴᠠ ᠨᠢ ᠳᠡᠳ᠋ᠯᠡᠪᠡ᠃ ᠪᠢ ᠰᠢᠯᠢᠳᠡᠭ ᠡᠭᠦᠯᠳᠡᠷ ᠤ᠋ᠨ ᠢᠴᠡᠭᠡᠯ ᠦᠷ᠎ᠡ ᠪᠡᠷ ᠭᠠᠷ ᠭᠡᠭᠡᠯᠳᠦᠭᠦᠯᠭᠡ ᠬᠢᠬᠦ ᠵᠢ ᠪᠠᠷᠢᠮᠳᠠᠯᠠᠵᠤ᠂ ᠰᠦᠷᠦᠭ ᠤ᠋ᠨ ᠪᠦᠲᠦᠴᠡ ᠪᠠᠨ ᠦᠷᠬᠦᠯᠵᠢᠯᠡᠨ ᠰᠢᠯᠢᠳᠡᠭᠵᠢᠭᠦᠯᠦᠨ᠎ᠠ》ᠭᠡᠵᠦ ᠬᠦᠪᠡᠭᠡᠲᠦ ᠰᠢᠷ᠎ᠡ ᠬᠤᠰᠢᠭᠤᠨ ᠤ᠋ ᠪᠤᠭᠳᠠ ᠶ᠋ᠢᠨ ᠭᠤᠤᠯ ᠰᠤᠮᠤ ᠵᠢᠨ ᠪᠠᠶᠠᠨᠴᠠᠭᠠᠨ ᠭᠠᠴᠠᠭᠠᠨ ᠤ᠋ ᠮᠠᠯᠴᠢᠨ ᠪᠠᠲᠤᠨᠠᠰᠤᠨ ᠰᠤᠷᠪᠤᠯᠵᠢᠯᠠᠭᠴᠢ ᠳ᠋ᠤ ᠬᠡᠯᠡᠨ᠎ᠠ᠃
ᠰᠢᠯᠢ ᠶ᠋ᠢᠨ ᠭᠤᠤᠯ ᠠᠢᠮᠠᠭ ᠲᠤᠰ ᠠᠵᠢᠯᠯᠠᠭ᠎ᠠ ᠪᠡᠷ ᠲᠠᠮᠵᠢᠨ ᠤᠳᠤ ᠦᠶ᠎ᠡ ᠶ᠋ᠢᠨ ᠮᠠᠯ ᠠᠵᠤ ᠠᠬᠤᠢ ᠵᠢᠨ ᠬᠦᠭᠵᠢᠯᠳᠡ ᠵᠢ ᠬᠦᠴᠦᠯᠡᠨ ᠠᠬᠢᠭᠤᠯᠵᠤ᠂ ᠮᠠᠯ ᠠᠵᠤ ᠠᠬᠤᠢ ᠶ᠋ᠢᠨ ᠰᠢᠯᠢᠳᠡᠭ ᠡᠭᠦᠯᠳᠡᠷ ᠢ᠋ ᠪᠤᠢᠵᠢᠭᠤᠯᠤᠭᠰᠠᠨ ᠤᠯᠠᠨ ᠡᠰᠢᠲᠦ ᠬᠦᠭᠵᠢᠯᠲᠡ ᠶ᠋ᠢᠨ ᠦᠷ᠎ᠡ ᠪᠦᠲᠦᠮᠵᠢ ᠪᠠᠨ ᠲᠦᠪᠯᠡᠷᠡᠭᠦᠯᠦᠨ ᠳᠡᠯᠭᠡᠨ ᠦᠵᠡᠭᠦᠯᠵᠦ᠂ ᠮᠠᠯᠴᠢᠳ ᠲᠦ᠍ ᠰᠢᠯᠢᠳᠡᠭ ᠡᠭᠦᠯᠳᠡᠷ ᠤ᠋ᠨ ᠲᠤᠬᠠᠢ ᠰᠤᠯᠢᠯᠴᠠᠭ᠎ᠠ ᠦᠷᠨᠢᠭᠦᠯᠬᠦ ᠪᠠ ᠳᠡᠯᠭᠡᠨ ᠦᠵᠡᠭᠦᠯᠬᠦ ᠲᠠᠪᠴᠠᠡᠭ ᠬᠠᠡᠭᠭᠠᠵᠠᠢ᠃
ᠴᠠᠬᠠᠷ ᠬᠤᠨᠢ ᠪᠤᠯ ᠦᠪᠦᠷ ᠮᠤᠡᠭᠭᠤᠯ ᠤ᠋ᠨ ᠨᠠᠷᠢᠨ ᠨᠤᠤᠰᠤᠲᠤ ᠬᠤᠨᠢ ᠵᠢ ᠭᠸᠷᠮᠠᠨ ᠤ᠋ ᠮᠸᠷᠢᠨᠤᠰ ᠬᠤᠨᠢ ᠪᠡᠷ ᠡᠷᠯᠢᠰᠡᠵᠢᠭᠦᠯᠦᠨ ᠪᠤᠢᠵᠢᠭᠤᠯᠵᠤ ᠭᠠᠷᠭᠠᠭᠰᠠᠨ ᠭᠠᠳᠠᠷ ᠳᠦᠷᠰᠦ ᠪᠠᠢᠳᠠᠯ ᠨᠢ ᠠᠳᠠᠯᠢᠪᠲᠤᠷ᠂ ᠮᠢᠬᠠᠨ ᠤ᠋ ᠭᠠᠷᠤᠯᠲᠠ ᠪᠡᠷ ᠦᠨᠳᠦᠷ᠂ ᠦᠷᠡᠵᠢᠯᠲᠡ ᠪᠤᠢᠵᠢᠯᠲᠠ ᠶ᠋ᠢᠨ ᠨᠤᠷᠮ᠎ᠠ ᠨᠢ ᠦᠨᠳᠦᠷ᠂ ᠵᠤᠬᠢᠴᠠᠬᠤ ᠴᠢᠳᠠᠪᠤᠷᠢ ᠪᠡᠷ ᠰᠠᠢᠨ᠂ ᠤᠳᠤᠮᠯᠠᠯ ᠤ᠋ᠨ ᠴᠢᠳᠠᠪᠤᠷᠢ ᠨᠢ ᠲᠤᠭᠲᠠᠪᠤᠷᠢᠲᠠᠢ ᠮᠢᠬ᠎ᠠ ᠨᠤᠤᠰᠤ ᠵᠢᠨ ᠬᠤᠤᠰ ᠬᠡᠷᠡᠭᠴᠡᠭᠡᠲᠦ ᠰᠠᠢᠨ ᠡᠬᠦᠯᠳᠡᠷ ᠤ᠋ᠨ ᠬᠤᠨᠢ ᠪᠤᠯᠤᠨ᠎ᠠ᠃ 2014 ᠤᠨ ᠤ᠋ 1 ᠰᠠᠷ᠎ᠠ ᠳ᠋ᠤ ᠤᠤᠯ ᠤ᠋ᠨ ᠲᠠᠷᠢᠶᠠᠯᠠᠡᠭ ᠤ᠋ᠨ ᠶᠠᠮᠤᠨ ᠡᠴᠡ《ᠴᠠᠬᠠᠷ ᠬᠤᠨᠢ》 ᠵᠢ ᠵᠢᠩᠬᠢᠨᠢ ᠪᠡᠷ ᠨᠡᠷᠡᠢᠳᠴᠦ᠂ ᠤᠳᠤ ᠰᠢᠯᠢ ᠶ᠋ᠢᠨ ᠭᠤᠤᠯ ᠠᠢᠮᠠᠭ ᠤ᠋ᠨ ᠬᠦᠪᠡᠭᠡᠲᠦ ᠰᠢᠷ᠎ᠡ ᠬᠤᠰᠢᠭᠤ᠂ ᠰᠢᠯᠤᠭᠤᠨ ᠬᠦᠪᠡᠭᠡᠲᠦ ᠴᠠᠭᠠᠨ ᠬᠤᠰᠢᠭᠤ᠂ ᠰᠢᠯᠤᠭᠤᠨ ᠬᠦᠭᠡ ᠬᠤᠰᠢᠭᠤᠨ ᠳ᠋ᠤ ᠭᠤᠤᠯᠳᠠᠢ ᠮᠠᠯᠵᠢᠵᠤ ᠪᠤᠢ᠃

ᠬᠦᠳᠡᠯᠮᠦᠷᠢᠴᠢ ᠦᠭᠡᠷᠴᠢᠳ
ᠨᠢ᠋ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠤᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠰᠢᠯᠢᠳᠡᠭ ᠡᠭᠦᠯᠳᠡᠷ ᠤ᠋ᠨ ᠬᠤᠸᠠᠰᠢ ᠦᠬᠡᠷ ᠢ᠋ ᠠᠳᠠᠯᠢᠳᠬᠠᠨ ᠰᠢᠯᠭᠠᠷᠠᠭᠤᠯᠵᠤ᠂ ᠨᠠᠭᠠᠳᠤᠮ ᠳ᠋ᠤ ᠨᠠᠢᠷ ᠨᠡᠮᠡᠷᠢᠯᠡᠨ᠂ ᠮᠠᠯᠴᠢᠳ ᠲᠦ᠍ ᠤᠷᠮ᠎ᠠ ᠬᠠᠢᠷᠠᠯᠠᠭᠰᠠᠨ ᠪᠠᠢᠨ᠎ᠠ᠃
ᠲᠤᠰ ᠤᠳᠠᠭ᠎ᠠ ᠰᠢᠯᠢ ᠶ᠋ᠢᠨ ᠭᠤᠤᠯ ᠠᠢᠮᠠᠭ ᠤ᠋ᠨ ᠡᠯ᠎ᠡ ᠬᠤᠰᠢᠭᠤᠨ ᠤ᠋ ᠠᠪᠴᠢᠷᠠᠭᠰᠠᠨ 30 ᠬᠤᠸᠠᠰᠢ ᠦᠬᠡᠷ ᠢ᠋ ᠠᠳᠠᠯᠢᠳᠬᠠᠨ ᠰᠢᠯᠭᠠᠷᠠᠭᠤᠯᠵᠤ᠂ ᠲᠡᠷᠢᠭᠦᠨ ᠳᠡᠳ᠋ ᠭᠤᠳᠠᠭᠠᠷ ᠪᠠ ᠰᠢᠯᠢᠳᠡᠭ ᠳᠡᠰ ᠢ᠋ ᠰᠢᠯᠭᠠᠷᠠᠭᠤᠯᠤᠨ ᠭᠠᠷᠭᠠᠬᠤ ᠶ᠋ᠢᠨ ᠬᠠᠮᠲᠤ ᠳᠡᠰ ᠲᠦ᠍ ᠲᠤᠳᠤᠷᠠᠭᠰᠠᠨ ᠦᠭᠡᠢ ᠬᠤᠸᠠᠰᠢ ᠦᠬᠡᠷ ᠲᠦ᠍ ᠨᠦᠬᠦᠪᠦᠷᠢ ᠦᠭᠴᠦ᠂ ᠮᠠᠯᠴᠢᠳ ᠤ᠋ᠨ ᠰᠢᠯᠢᠳᠡᠭ ᠡᠭᠦᠯᠳᠡᠷ ᠤ᠋ᠨ ᠮᠠᠯ ᠮᠠᠯᠵᠢᠬᠤ ᠢᠳᠡᠪᠬᠢᠵᠢᠯ ᠢ᠋ ᠳᠠᠢᠴᠢᠯᠠᠵᠠᠢ᠃
《ᠮᠠᠨ ᠤ᠋ ᠬᠢ ᠤᠳᠤ 50 ᠭᠠᠷᠤᠢ ᠬᠤᠸᠠᠰᠢ ᠦᠭᠡᠷ ᠮᠠᠯᠵᠢᠵᠤ ᠪᠤᠢ᠃ ᠬᠤᠰᠢᠭᠤᠨ ᠤ᠋ ᠬᠡᠪᠴᠢᠶᠡᠨ ᠤ᠋ ᠰᠢᠯᠢᠳᠡᠭ ᠡᠭᠦᠯᠳᠡᠷ ᠤ᠋ᠨ ᠠᠳᠠᠯᠢᠳᠬᠠᠨ ᠰᠢᠯᠭᠠᠷᠠᠭᠤᠯᠤᠯᠲᠠ ᠳ᠋ᠦ ᠨᠡᠯᠢᠶᠠᠳ ᠬᠡᠳᠦ ᠤᠳᠠᠭ᠎ᠠ ᠤᠷᠤᠯᠴᠠᠵᠤ᠂ ᠬᠤᠶᠠᠷ ᠵᠢᠯ ᠤ᠋ᠨ ᠡᠮᠦᠨ᠎ᠡ ᠨᠢᠭᠡ ᠦᠬᠢᠨ ᠲᠤᠭᠤᠯ ᠳᠡᠳ᠋ ᠪᠠᠢᠷᠢᠨ ᠳ᠋ᠤ ᠲᠤᠳᠤᠷᠠᠵᠤ᠂ ᠡᠨᠡ ᠤᠳᠠᠭ᠎ᠠ ᠨᠢᠬᠡ ᠡᠷ᠎ᠡ ᠲᠤᠭᠤᠯ ᠲᠡᠷᠢᠭᠦᠨ ᠳ᠋ᠦ ᠤᠷᠤᠯ᠎ᠠ᠃ ᠨᠠᠮ ᠵᠠᠰᠠᠭ ᠪᠤᠯᠤᠨ ᠵᠤᠬᠢᠶᠠᠨ ᠪᠠᠢᠭᠤᠯᠤᠭᠰᠠᠨ ᠪᠠᠢᠭᠤᠯᠭ᠎ᠠ ᠨᠢᠭᠡᠴᠢ ᠶ᠋ᠢᠨ ᠮᠠᠯᠴᠢᠳ ᠲᠠᠭᠠᠨ ᠡᠨᠡ ᠰᠠᠢᠬᠠᠨ ᠰᠢᠯᠢᠳᠡᠭ ᠡᠭᠦᠯᠳᠡᠷ ᠤ᠋ᠨ ᠦᠬᠡᠷ ᠶ᠋ᠢᠡᠨ ᠳᠡᠯᠭᠡᠨ ᠦᠵᠡᠭᠦᠯᠬᠦ ᠰᠤᠯᠢᠯᠴᠠᠭᠠᠨ ᠤ᠋ ᠲᠠᠪᠴᠠᠡᠭ ᠢ᠋ ᠬᠠᠡᠭᠭᠠᠭᠰᠠᠨ ᠳ᠋ᠦ ᠪᠠᠶᠠᠷᠯᠠᠵᠤ ᠪᠠᠢᠨ᠎ᠠ》 ᠭᠡᠵᠦ ᠰᠢᠯᠢ ᠶ᠋ᠢᠨ ᠭᠤᠤᠯ ᠠᠢᠮᠠᠭ ᠤ᠋ᠨ ᠬᠦᠪᠡᠭᠡᠳᠦ ᠰᠢᠷ᠎ᠡ ᠬᠤᠰᠢᠭᠤᠨ ᠤ᠋ ᠪᠤᠭᠳᠠ ᠶ᠋ᠢᠨ ᠭᠤᠤᠯ ᠰᠤᠮᠤ ᠵᠢᠨ ᠪᠤᠭᠳᠠ ᠶ᠋ᠢᠨ ᠭᠤᠤᠯ ᠭᠠᠴᠠᠭᠠᠨ ᠤ᠋ ᠮᠠᠯᠴᠢᠨ ᠦᠯᠵᠡᠢᠨᠠᠷᠠᠨ ᠰᠤᠷᠪᠤᠯᠵᠢᠯᠠᠭᠴᠢ ᠳ᠋ᠦ ᠪᠠᠶᠠᠷᠲᠠᠢ ᠶᠠᠷᠢᠨ᠎ᠠ᠃
ᠰᠢᠯᠢ ᠶ᠋ᠢᠨ ᠭᠤᠤᠯ ᠠᠢᠮᠠᠭ ᠲᠤᠰ ᠠᠵᠢᠯᠯᠠᠭ᠎ᠠ ᠪᠡᠷ ᠳᠠᠮᠵᠢᠨ ᠤᠳᠤ ᠦᠶ᠎ᠡ ᠶ᠋ᠢᠨ ᠮᠠᠯ ᠠᠵᠤ ᠠᠬᠤᠢ ᠶ᠋ᠢᠨ ᠬᠦᠭᠵᠢᠯᠲᠡ ᠵᠢ ᠠᠬᠢᠭᠤᠯᠵᠤ᠂ ᠮᠠᠯ ᠠᠵᠤ ᠠᠬᠤᠢ ᠶ᠋ᠢᠨ ᠰᠢᠯᠢᠳᠡᠭ ᠡᠭᠦᠯᠳᠡᠷ ᠢ᠋ ᠪᠤᠢᠵᠢᠭᠤᠯᠤᠭᠰᠠᠨ ᠤᠯᠠᠨ ᠡᠰᠢᠲᠦ ᠬᠦᠭᠵᠢᠯᠲᠡ ᠶ᠋ᠢᠨ ᠦᠷ᠎ᠡ ᠪᠦᠲᠦᠮᠵᠢ ᠪᠠᠨ ᠲᠦᠪᠯᠡᠷᠡᠭᠦᠯᠦᠨ ᠳᠡᠯᠭᠡᠨ ᠦᠵᠡᠭᠦᠯᠵᠦ᠂ ᠰᠢᠯᠢᠳᠡᠭ ᠡᠭᠦᠯᠳᠡᠷ ᠢ᠋ ᠳᠡᠯᠭᠡᠷᠡᠭᠦᠯᠬᠦ ᠠᠬᠢᠴᠠ ᠵᠢ ᠲᠦᠷᠭᠡᠳᠬᠡᠨ᠂ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠪᠠ ᠮᠠᠯᠴᠢᠳ ᠤ᠋ᠨ ᠤᠷᠤᠯᠭ᠎ᠠ ᠵᠢ ᠨᠡᠮᠡᠭᠳᠡᠭᠦᠯᠬᠦ ᠳ᠋ᠦ ᠰᠢᠨ᠎ᠡ ᠬᠦᠳᠡᠯᠭᠡᠬᠦ ᠬᠦᠴᠦᠨ ᠨᠡᠮᠡᠷᠢᠯᠡᠵᠡᠢ᠃
ᠬᠤᠸᠠᠰᠢ ᠦᠬᠡᠷ ᠪᠤᠯ ᠡᠷᠯᠢᠰᠡᠵᠢᠭᠦᠯᠦᠨ ᠪᠤᠢᠵᠢᠭᠤᠯᠤᠭᠰᠠᠨ ᠪᠡᠶ᠎ᠡ ᠶ᠋ᠢᠨ ᠬᠡᠯᠪᠡᠷᠢ ᠪᠠᠢᠳᠠᠯ ᠨᠢ ᠠᠳᠠᠯᠢᠬᠠᠨ᠂ ᠦᠢᠯᠡᠳᠪᠦᠷᠢᠯᠡᠯ ᠤ᠋ᠨ ᠴᠢᠳᠠᠪᠬᠢ ᠪᠡᠷ ᠳᠠᠪᠠᠭᠤᠯᠢᠭ᠂ ᠤᠳᠤᠮᠯᠠᠯ ᠤ᠋ᠨ ᠴᠢᠨᠠᠷ ᠨᠢ ᠲᠤᠭᠲᠠᠪᠤᠷᠢᠲᠠᠢ ᠪᠠᠢᠳᠠᠭ ᠲᠤᠰᠬᠠᠢ ᠡᠭᠦᠯᠳᠡᠷ ᠤ᠋ᠨ ᠮᠢᠬᠠᠨ ᠤ᠋ ᠦᠬᠡᠷ ᠪᠤᠯᠤᠨ᠎ᠠ᠃ ᠬᠤᠸᠠᠰᠢ ᠪᠤᠬ᠎ᠠ ᠶ᠋ᠢᠨ ᠬᠦᠵᠦᠭᠦᠦ ᠰᠡᠭᠡᠷ ᠤ᠋ᠨ ᠪᠤᠯᠴᠢᠡᠭ ᠨᠢ ᠬᠦᠭᠵᠢᠯᠲᠡ ᠰᠠᠢᠲᠠᠢ᠂ ᠪᠡᠶ᠎ᠡ ᠶ᠋ᠢᠨ ᠠᠷᠤᠭ ᠶᠠᠰᠤ ᠨᠢ ᠪᠦᠳᠦᠭᠦᠨ᠂ ᠨᠢᠷᠤᠭᠤ ᠦᠷᠭᠡᠨ ᠮᠢᠬ᠎ᠠ ᠰᠠᠢᠲᠠᠢ ᠪᠠᠢᠵᠤ᠂ ᠬᠤᠸᠠᠰᠢ ᠦᠨᠢᠶᠡᠨ ᠤ᠋ ᠪᠡᠶ᠎ᠡ ᠶ᠋ᠢᠨ ᠬᠡᠯᠪᠡᠷᠢ ᠪᠦᠲᠦᠴᠡ ᠨᠢ ᠵᠢᠭᠳᠡ ᠲᠡᠡᠭᠴᠡᠭᠦᠷᠢᠲᠡᠢ᠂ ᠲᠦᠯᠰᠡᠭ᠂ ᠵᠠᠡᠭ ᠠᠭᠠᠰᠢ ᠨᠢ ᠨᠤᠮᠤᠬᠠᠨ ᠪᠠᠢᠳᠠᠭ᠃ ᠤᠳᠤ ᠰᠢᠯᠢ ᠶ᠋ᠢᠨ ᠭᠤᠤᠯ ᠠᠢᠮᠠᠭ ᠲᠦ᠍ ᠨᠢᠬᠡᠨᠳᠡ ᠬᠢᠨᠠᠨ ᠲᠤᠭᠲᠠᠭᠠᠯᠲᠠ ᠬᠢᠭᠰᠡᠨ ᠬᠤᠸᠠᠰᠢ ᠦᠬᠡᠷ 15 ᠲᠦᠮᠡ ᠳ᠋ᠤ ᠬᠦᠷᠴᠦ᠂ ᠡᠭᠦᠨ ᠳ᠋ᠦ 4 ᠭᠤᠤᠯᠳᠠᠯᠭᠠᠲᠤ ᠰᠦᠷᠦᠭ ᠤ᠋ᠨ 9000 ᠬᠤᠸᠠᠰᠢ ᠦᠬᠡᠷ ᠪᠤᠯᠤᠨ ᠡᠭᠦᠯᠳᠡᠷ ᠪᠤᠢᠵᠢᠭᠤᠯᠬᠤ 65 ᠰᠦᠷᠦᠭ ᠤ᠋ᠨ 4000 ᠬᠤᠸᠠᠰᠢ ᠦᠬᠡᠷ ᠢ᠋ ᠪᠠᠭᠲᠠᠭᠠᠵᠤ ᠪᠠᠢᠨ᠎ᠠ᠃

ᠪᠠᠶᠠᠰᠬᠤᠯᠠᠩᠳᠤ ᠰᠠᠭᠠᠯᠢᠴᠢᠳ
ᠲᠠᠯ᠎ᠠ ᠶ᠋ᠢᠨ ᠰᠦᠷᠦᠭ ᠲᠠᠷᠭᠤ ᠳᠦᠭᠦᠷᠡᠡᠭ ᠂ ᠳᠠᠷᠠᠭ ᠠᠢᠷᠠᠭ ᠬᠦᠨᠦᠭ ᠳᠦᠭᠦᠷᠡᠡᠭ᠃
ᠨᠠᠮᠤᠷ ᠤ᠋ᠨ ᠰᠠᠢᠬᠠᠨ ᠤᠯᠠᠷᠢᠯ ᠶ᠋ᠢᠡᠷ ᠨᠢ᠋ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ 《ᠴᠠᠭᠠᠨ ᠢᠳᠡᠭᠡᠨ ᠤ᠋ ᠵᠢᠵᠢᠭ ᠪᠠᠯᠭᠠᠰᠤ》 ᠬᠡᠮᠡᠬᠦ ᠰᠠᠢᠬᠠᠨ ᠠᠯᠳᠠᠷᠲᠠᠢ ᠰᠢᠯᠢ ᠵᠢᠨ ᠭᠤᠤᠯ ᠠᠢᠮᠠᠭ ᠤ᠋ᠨ ᠬᠦᠪᠡᠭᠡᠳᠦ ᠰᠢᠷ᠎ᠡ ᠬᠤᠰᠢᠭᠤᠨ ᠤ᠋ ᠪᠤᠭᠳᠠ ᠶ᠋ᠢᠨ ᠭᠤᠤᠯ ᠰᠤᠮᠤ ᠳ᠋ᠦ ᠨᠢᠵᠢᠬᠢᠷ ᠶᠠᠪᠤᠭᠳᠠᠵᠤ᠂ ᠴᠠᠭᠠᠨ ᠢᠳᠡᠭᠡᠨ ᠤ᠋ ᠳᠡᠯᠭᠡᠨ ᠦᠵᠡᠭᠦᠯᠭᠡ ᠶ᠋ᠢᠨ ᠤᠷᠤᠯᠳᠤᠭᠠᠨ ᠲᠤᠬᠢᠷᠠᠭᠤᠯᠤᠭᠰᠠᠨ ᠨᠢ ᠤᠯᠠᠨ ᠤ᠋ ᠠᠡᠭᠬᠠᠷᠤᠯ ᠳ᠋ᠦ ᠬᠦᠷᠴᠠᠢ᠃
ᠨᠠᠢᠷ ᠤ᠋ᠨ ᠲᠠᠯᠠᠪᠠᠢ ᠵᠢᠨ ᠵᠡᠭᠦᠨ ᠭᠠᠷ ᠲᠠᠯ᠎ᠠ ᠶ᠋ᠢᠨ ᠬᠤᠶᠠᠷ ᠶᠡᠬᠡ ᠮᠤᠡᠭᠭᠤᠯ ᠭᠡᠷ ᠲᠦ᠍ 16 ᠳᠤᠭᠤᠢᠯᠠᠡᠭ ᠤ᠋ᠨ ᠪᠡᠯᠡᠳᠭᠡᠵᠦ ᠢᠷᠡᠭᠰᠡᠨ ᠬᠡᠪ ᠤ᠋ᠨ ᠬᠤᠷᠤᠳ᠂ ᠴᠤᠷ᠎ᠠ᠂ ᠪᠢᠰᠢᠯᠠᠭ᠂ ᠴᠦᠴᠦᠬᠡᠢ᠂ ᠵᠦᠭᠡᠭᠡᠢ᠂ ᠦᠷᠦᠮ᠎ᠡ᠂ ᠰᠢᠷ᠎ᠡ ᠲᠤᠰᠤ᠂ ᠳᠦᠳ᠋᠂ ᠠᠭᠠᠷᠴᠠ᠂ ᠠᠭᠠᠷᠤᠤᠯ᠂ ᠲᠠᠷᠠᠭ᠂ ᠠᠢᠷᠠᠭ᠂ ᠡᠭᠡᠵᠡᠬᠡᠢ ᠵᠡᠷᠭᠡ ᠤᠯᠠᠮᠵᠢᠯᠠᠯᠲᠤ ᠠᠷᠭ᠎ᠠ ᠪᠡᠷ ᠬᠢᠭᠰᠡᠨ ᠡᠯ᠎ᠠ ᠵᠤᠢᠯ ᠤ᠋ᠨ ᠴᠠᠭᠠᠨ ᠢᠳᠡᠬᠡᠨ ᠡᠴᠡ ᠠᠪᠤᠭᠠᠳ ᠵᠠᠬ᠎ᠠ ᠳᠡᠯᠭᠡᠭᠦᠷ ᠤ᠋ᠨ ᠱᠠᠭᠠᠷᠳᠠᠯᠭ᠎ᠠ ᠳ᠋ᠦ ᠵᠤᠬᠢᠴᠠᠭᠤᠯᠤᠭᠰᠠᠨ ᠵᠢᠮᠢᠰ ᠲᠠᠢ ᠲᠦᠳ᠋᠂ ᠵᠢᠮᠢᠰ ᠲᠠᠢ ᠬᠤᠷᠤᠳ᠂ ᠴᠠᠭᠠᠨ ᠢᠳᠡᠭᠡᠨ ᠤ᠋ ᠪᠤᠭᠤᠷᠰᠤᠭ᠂ ᠰᠦᠨ ᠰᠢᠬᠢᠷ᠂ ᠦᠷᠦᠮ᠎ᠡ ᠲᠠᠢ ᠡᠭᠡᠳᠡᠭᠰᠡᠨ ᠰᠦ ᠵᠡᠷᠭᠡ ᠰᠢᠨᠡᠴᠢᠯᠡᠯᠲᠡ ᠦᠬᠡᠷᠡᠴᠢᠯᠡᠯᠳᠡ ᠲᠠᠢ ᠤᠯᠠᠨ ᠵᠦᠢᠯ ᠤ᠋ᠨ ᠪᠦᠲᠦᠭᠡᠭᠳᠡᠭᠦᠨ ᠢ᠋ ᠳᠡᠯᠭᠡᠨ ᠦᠵᠡᠭᠦᠯᠬᠦ ᠵᠢᠨ ᠲᠠᠭᠠᠤ ᠠᠳᠠᠯᠢᠳᠬᠠᠨ ᠰᠢᠯᠭᠠᠷᠠᠭᠤᠯᠵᠤ᠂ ᠰᠠᠭᠠᠯᠢᠴᠢᠨ ᠪᠦᠰᠡᠭᠦᠢᠴᠤᠳ ᠤᠷ᠎ᠠ ᠮᠡᠷᠭᠡᠵᠢᠯ ᠤᠷᠠᠨ ᠤᠬᠠᠭᠠᠨ ᠶ᠋ᠢᠡᠨ ᠮᠦᠴᠡᠭᠡᠷᠬᠡᠯᠠ᠃
《ᠤᠷᠤᠯᠳᠤᠭᠠᠨ ᠳ᠋ᠦ ᠤᠷᠤᠯᠴᠠᠬᠤ ᠪᠡᠷ ᠭᠠᠷᠠᠭ ᠰᠢᠬᠠᠮ ᠪᠡᠯᠡᠳᠭᠡᠵᠠᠢ᠃ 15 ᠵᠦᠢᠯ ᠤ᠋ᠨ ᠤᠯᠠᠮᠵᠢᠯᠠᠯᠲᠤ ᠴᠠᠭᠠᠨ ᠢᠳᠡᠭᠡᠨ᠂ 20 ᠵᠦᠢᠯ ᠤ᠋ᠨ ᠱᠢᠨᠡᠴᠢᠯᠡᠭᠰᠡᠨ ᠴᠠᠭᠠᠨ ᠢᠳᠡᠭᠡᠨ ᠲᠠᠢ ᠨᠡᠢᠲᠡ 35 ᠵᠦᠢᠯ ᠤ᠋ᠨ ᠪᠦᠲᠦᠭᠡᠭᠳᠡᠭᠦᠨ ᠶ᠋ᠢᠡᠷ ᠶ᠋ᠢᠡᠨ ᠤᠷᠤᠯᠳᠤᠭᠠᠨ ᠳ᠋ᠦ ᠤᠷᠤᠯᠴᠠᠭᠠᠳ ᠲᠠᠷᠢᠭᠦᠨ ᠳ᠋ᠦ ᠤᠷᠤᠵᠤ᠂ ᠰᠡᠳᠬᠢᠯ ᠮᠠᠰᠢ ᠦᠨᠳᠦᠷ ᠪᠠᠢᠨ᠎ᠠ᠃ ᠤᠷᠤᠯᠳᠤᠭᠠᠨ ᠶ᠋ᠢᠡᠷ ᠳᠠᠮᠵᠢᠨ ᠮᠠᠰᠢ ᠤᠯᠠᠨ ᠵᠦᠢᠯ ᠢ᠋ ᠰᠤᠷᠤᠯ᠎ᠠ᠂ ᠠᠬᠠᠮᠠᠳ ᠲᠤᠮᠤᠭᠠᠲᠠᠳ ᠡᠴᠡ ᠰᠤᠷᠬᠤ ᠶᠠᠭᠤᠮ᠎ᠠ ᠤᠯᠠᠨ ᠪᠠᠢᠨ᠎ᠠ》 ᠬᠡᠵᠤ ᠰᠢᠯᠢ ᠶ᠋ᠢᠨ ᠭᠤᠤᠯ ᠠᠢᠮᠠᠭ ᠤ᠋ᠨ ᠰᠢᠯᠤᠭᠤᠨ ᠬᠦᠭᠡ ᠬᠤᠰᠢᠭᠤᠨ ᠤ᠋ ᠤᠷᠤᠯᠴᠠᠭᠴᠢ ᠨᠠᠷᠬᠢᠯ ᠰᠤᠷᠪᠤᠯᠵᠢᠯᠠᠭᠴᠢ ᠳ᠋ᠤ ᠬᠡᠯᠡᠨ᠎ᠠ᠃
ᠤᠯᠠᠮᠵᠢᠯᠠᠯ ᠤ᠋ᠨ ᠳᠤᠮᠳᠠ ᠰᠢᠨᠡᠴᠢᠯᠡᠵᠦ᠂ ᠰᠢᠨᠡᠴᠢᠯᠡᠯᠲᠡ ᠵᠢᠨ ᠳᠤᠮᠳᠠ ᠤᠯᠠᠮᠵᠢᠯᠠᠨ᠎ᠠ᠃ ᠰᠢᠯᠢ ᠶ᠋ᠢᠨ ᠭᠤᠤᠯ ᠠᠢᠮᠠᠭ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠰᠠᠭᠤᠷᠢᠯᠠᠠ ᠤᠯᠠᠮᠵᠢᠯᠠᠯᠲᠦ ᠴᠠᠭᠠᠨ ᠢᠳᠡᠭᠡᠨ ᠤ᠋ ᠤᠨᠴᠠᠯᠢᠭᠲᠦ ᠠᠵᠤ ᠦᠢᠯᠡᠰ ᠶ᠋ᠢᠡᠨ ᠦᠷᠭᠡᠳᠬᠡᠨ ᠬᠦᠭᠵᠢᠭᠦᠯᠵᠦ᠂ ᠲᠦᠷᠦᠯ ᠲᠠᠮᠲᠡᠭ ᠤ᠋ᠨ ᠨᠡᠷ᠎ᠡ ᠠᠯᠳᠠᠷᠰᠢᠯ ᠶ᠋ᠢᠡᠨ ᠬᠦᠴᠦᠯᠡᠨ ᠳᠡᠭᠡᠭᠰᠢᠯᠡᠭᠦᠯᠵᠦ ᠪᠤᠢ᠃ ᠢᠯᠠᠡᠭᠭᠤᠶᠠ ᠤᠢᠷ᠎ᠡ ᠶ᠋ᠢᠨ ᠵᠢᠯ ᠡᠴᠡ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠳ᠋ᠦ ᠵᠤᠬᠢᠴᠠᠭᠤᠯᠤᠨ ᠰᠢᠨᠡᠴᠢᠯᠡᠯᠲᠡ ᠬᠢᠵᠦ᠂ ᠴᠠᠭ ᠦᠶ᠎ᠡ ᠲᠠᠢ ᠬᠠᠮᠲᠤ ᠪᠡᠷ ᠤᠷᠤᠭᠰᠢᠯᠠᠨ᠂ ᠪᠤᠷᠤᠯᠠᠭᠤᠯᠭ᠎ᠠ ᠶ᠋ᠢᠨ ᠵᠠᠬ᠎ᠠ ᠳᠡᠯᠭᠡᠭᠦᠷ ᠶ᠋ᠢᠡᠨ ᠤᠯᠠᠮ ᠴᠢᠨᠠᠭᠰᠢᠳᠠ ᠦᠷᠭᠡᠳᠭᠡᠵᠦ ᠪᠠᠢᠨ᠎ᠠ᠃

ᠤᠬᠠᠭᠠᠨᠳᠤ ᠪᠦᠰᠡᠭᠦᠢᠴᠤᠳ
ᠲᠠᠪᠤᠨ ᠬᠤᠰᠢᠭᠤ ᠮᠠᠯ ᠤ᠋ᠨ ᠮᠢᠨᠢ ᠰᠢᠮ᠎ᠠ
ᠲᠠᠩᠰᠤᠭ ᠰᠠᠢᠬᠠᠨ ᠴᠠᠭᠠᠨ ᠢᠳᠡᠬᠡᠨ
ᠲᠠᠯᠬᠡᠷ ᠬᠠᠩᠭᠠᠢ ᠨᠤᠳᠤᠭ ᠤ᠋ᠨ ᠮᠢᠨᠢ ᠪᠤᠶᠠᠨ
ᠲᠠᠯᠡᠬᠡᠢ ᠳ᠋ᠤ ᠬᠤᠤᠰ ᠦᠬᠡᠢ ᠠᠷᠢᠭᠤᠨ ᠢᠳᠡᠬᠡᠨ
ᠴᠠᠭᠠᠨ ᠢᠳᠡᠭᠡᠨ ᠪᠤᠯ ᠮᠤᠡᠭᠭᠤᠯᠴᠤᠳ ᠤ᠋ᠨ ᠤᠯᠠᠮᠵᠢᠯᠠᠯᠲᠤ ᠢᠳᠡᠭᠡᠨ ᠶᠤᠮ᠃ ᠨᠢ᠋ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠬᠤᠷᠤᠳ ᠬᠢᠬᠦ᠂ ᠲᠦᠳ᠋ ᠬᠢᠬᠦ ᠤᠷᠤᠯᠳᠤᠭᠠᠨ ᠲᠤᠬᠢᠷᠠᠭᠤᠯᠵᠤ᠂ ᠤᠷᠠᠨ ᠪᠦᠰᠡᠭᠦᠢᠴᠦᠳ ᠤ᠋ᠨ ᠤᠷ᠎ᠠ ᠳᠡᠮ ᠤᠬᠠᠭᠠᠨ ᠪᠢᠯᠢᠭ ᠢ᠋ ᠭᠠᠢᠬᠠᠭᠤᠯᠪᠠ᠃
ᠨᠠᠢᠷ ᠤ᠋ᠨ ᠲᠠᠯᠠᠪᠠᠢ ᠶ᠋ᠢᠨ ᠪᠠᠷᠠᠭᠤᠨ ᠲᠠᠯ᠎ᠠ ᠶ᠋ᠢᠨ ᠮᠤᠡᠭᠭᠤᠯ ᠭᠡᠷ ᠲᠦ᠍ ᠰᠦ ᠶ᠋ᠢᠨ ᠦᠨᠦᠷ ᠬᠠᠡᠭᠬᠤᠯᠤᠨ ᠬᠤᠷᠤᠳ ᠬᠢᠬᠦ᠂ ᠲᠦᠳ᠋ ᠬᠢᠬᠦ ᠤᠷᠤᠯᠳᠤᠭᠠᠨ ᠬᠤᠷᠴᠠ ᠰᠢᠷᠦᠭᠦᠨ ᠶᠠᠪᠤᠭᠳᠠᠵᠤ᠂ ᠮᠤᠡᠭᠭᠤᠯ ᠪᠦᠰᠡᠭᠦᠢᠴᠤᠳ ᠳᠤᠷᠳᠤᠡᠭ ᠠᠯᠴᠢᠭᠤᠷ ᠶ᠋ᠢᠡᠷ ᠬᠡᠵᠢᠬᠡ ᠪᠠᠨ ᠪᠤᠭᠤᠨ᠂ ᠲᠡᠷᠯᠢᠭ ᠶ᠋ᠢᠡᠨ ᠬᠡᠳᠦᠷᠴᠦ᠂ ᠭᠤᠳᠤᠯ ᠶ᠋ᠢᠡᠨ ᠡᠮᠦᠰᠦᠭᠡᠳ᠂ ᠠᠮᠠᠪᠴᠢ ᠵᠡᠭᠦᠵᠦ ᠪᠦᠷᠢᠨ ᠪᠠᠷᠢᠮᠵᠢᠶᠠᠲᠤ ᠶᠤᠰᠤᠭᠠᠷ ᠤᠷᠤᠯᠳᠤᠭᠠᠨ ᠳ᠋ᠦ ᠤᠷᠤᠯᠴᠠᠵᠤ᠂ ᠲᠤᠭᠤᠭᠠᠨ ᠳ᠋ᠡᠬᠢ ᠰᠦ ᠪᠠᠨ ᠬᠠᠯᠠᠭᠠᠬᠤ᠂ ᠰᠢᠷ᠎ᠡ ᠤᠰᠤ ᠵᠢ ᠰᠠᠯᠭᠠᠬᠤ᠂ ᠨᠤᠬᠤᠬᠤ᠂ ᠬᠡᠪᠰᠢᠭᠦᠯᠬᠦ᠂ ᠬᠡᠷᠴᠢᠬᠦ᠂ ᠳᠠᠪᠠᠭᠯᠠᠬᠤ ᠵᠡᠷᠭᠡ ᠶᠠᠪᠤᠴᠠ ᠪᠤᠯᠭᠠᠨ ᠳ᠋ᠦ ᠦᠪᠡᠷ ᠤ᠋ᠨ ᠤᠷ᠎ᠡ ᠳᠡᠮ ᠶ᠋ᠢᠡᠨ ᠭᠠᠷᠭᠠᠵᠤ ᠤᠷᠤᠯᠳᠤᠨ᠎ᠠ᠃
《8 ᠵᠢᠯ ᠠᠯᠤᠰᠯᠠᠨ ᠳᠠᠬᠢᠨᠳᠠ ᠬᠤᠷᠤᠳ ᠬᠢᠬᠦ ᠤᠷᠤᠯᠳᠤᠭᠠᠨ ᠳ᠋ᠦ ᠤᠷᠤᠯᠴᠠᠭᠠᠳ ᠰᠡᠳᠬᠢᠯ ᠮᠠᠰᠢ ᠦᠨᠳᠦᠷ ᠪᠠᠢᠨ᠎ᠠ᠃ ᠡᠨᠡ ᠤᠳᠠᠭ᠎ᠠ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠭᠴᠢ ᠶ᠋ᠢᠨ ᠬᠤᠪᠢ ᠪᠡᠷ ᠤᠷᠤᠯᠳᠤᠭᠠᠨ ᠳ᠋ᠦ ᠤᠷᠤᠯᠴᠠᠵᠠᠢ᠃ ᠠᠬᠤᠢ ᠲᠠᠯᠠᠪᠠᠢ ᠶ᠋ᠢᠨ ᠪᠠᠢᠳᠠᠯ ᠡᠴᠡ ᠬᠠᠷᠠᠬᠤ ᠳ᠋ᠦ ᠵᠠᠯᠠᠭᠤᠴᠤᠳ ᠮᠠᠨᠢ ᠬᠤᠷᠤᠳ ᠤ᠋ᠨ ᠬᠡᠪ ᠶᠠᠡᠭᠵᠤ ᠡᠴᠡ ᠦᠨᠦᠷ ᠠᠮᠲᠠ ᠬᠦᠷᠲᠡᠯ᠎ᠡ ᠤᠯᠠᠨ ᠰᠠᠢᠬᠠᠨ ᠰᠢᠨᠡᠴᠢᠯᠡᠯᠲᠡ ᠬᠢᠵᠦ᠂ ᠤᠷᠤᠯᠳᠤᠭᠠᠨ ᠳ᠋ᠦ ᠪᠠᠰᠠ ᠬᠡᠨ ᠬᠡᠨ ᠡᠴᠡ ᠪᠠᠨ ᠬᠤᠵᠢᠭᠳᠠᠬᠤ ᠦᠭᠡᠷ ᠵᠢᠡᠷ ᠮᠦᠴᠡᠭᠡᠷᠬᠡᠨ ᠴᠢᠷᠮᠠᠢᠵᠤ᠂ ᠤᠷ᠎ᠡ ᠳᠡᠮ ᠶ᠋ᠢᠡᠨ ᠭᠠᠷᠭᠠᠯ᠎ᠠ᠃ ᠤᠳᠤ ᠨᠠᠮ ᠵᠠᠰᠠᠭ ᠡᠴᠡ ᠴᠠᠭᠠᠨ ᠢᠳᠡᠭᠡᠨ ᠤ᠋ ᠦᠢᠯᠡᠰ ᠢ᠋ ᠶᠡᠬᠡ ᠪᠡᠷ ᠳᠡᠮᠵᠢᠵᠦ᠂ ᠵᠠᠯᠠᠭᠤᠴᠤᠳ ᠪᠠᠰᠠ ᠤᠷᠮ᠎ᠠ ᠲᠠᠢ ᠰᠠᠢᠬᠠᠨ ᠵᠠᠯᠭᠠᠮᠵᠢᠯᠠᠵᠤ ᠪᠠᠢᠬᠤ ᠵᠢ ᠬᠠᠷᠠᠭᠠᠳ ᠮᠠᠰᠢ ᠪᠠᠶᠠᠷᠲᠠᠢ ᠪᠠᠢᠨ᠎ᠠ》 ᠬᠡᠵᠤ ᠰᠢᠯᠢ ᠶ᠋ᠢᠨ ᠭᠤᠤᠯ ᠠᠢᠮᠠᠭ ᠤ᠋ᠨ ᠰᠢᠯᠤᠭᠤᠨ ᠬᠦᠬᠡ ᠬᠤᠰᠢᠭᠤᠨ ᠳ᠋ᠤ ᠨᠤᠳᠤᠭᠳᠠᠢ ᠤᠯᠤᠰ ᠤ᠋ᠨ ᠳᠡᠰ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ(ᠴᠠᠭᠠᠨ ᠢᠳᠡᠬᠡᠨ ᠬᠢᠬᠦ ᠤᠷ᠎ᠠ ᠮᠡᠷᠬᠡᠵᠢᠯ)ᠤ᠋ᠨ ᠤᠯᠠᠮᠵᠢᠯᠠᠭᠴᠢ ᠲᠤᠭᠤᠭ᠎ᠠ ᠰᠤᠷᠪᠤᠯᠵᠢᠯᠠᠭᠴᠢ ᠳ᠋ᠤ ᠶᠠᠷᠢᠨ᠎ᠠ᠃

ᠭᠠᠪᠰᠢᠭᠠᠢ ᠵᠠᠯᠠᠭᠤᠴᠤᠳ
ᠠᠭᠰᠤᠮ ᠬᠦᠯᠦᠭ ᠤᠬᠤᠰᠬᠢᠨ ᠳᠠᠪᠬᠢᠵᠦ᠂ ᠨᠠᠭᠠᠳᠤᠮ ᠤ᠋ᠨ ᠲᠤᠭᠤᠰᠤ ᠡᠷᠬᠦᠨ᠎ᠠ᠃ ᠭᠠᠪᠰᠢᠭᠠᠢ ᠵᠠᠯᠠᠭᠤᠴᠤᠳ ᠡᠷᠡᠯᠬᠡᠭ ᠪᠦᠷᠬᠦᠳ ᠲᠡᠬᠦᠯᠢᠬᠦ ᠮᠡᠳᠦ ᠭᠠᠷ ᠰᠤᠩᠭᠠᠨ ᠬᠠᠳᠠᠭ ᠰᠢᠬᠦᠷᠴᠦ᠂ ᠤᠯᠠᠨ ᠤ᠋ ᠤᠤᠬᠠᠢ ᠤᠷᠮ᠎ᠠ ᠨᠡᠮᠡᠨ᠎ᠠ᠃
ᠠᠳᠤᠭᠤ ᠲᠠᠢ ᠪᠠᠨ ᠢᠵᠢᠯᠢᠰᠢᠨ᠂ ᠮᠤᠷᠢ ᠲᠠᠢ ᠪᠠᠨ ᠬᠠᠨᠢᠰᠠᠵᠤ ᠶᠠᠪᠤᠳᠠᠭ ᠮᠤᠷᠢᠳᠠᠨ ᠤᠭᠰᠠᠭᠠᠨ ᠤ᠋ ᠲᠦᠷᠦᠯᠬᠢ ᠠᠷᠠᠨᠰᠢᠨ᠂ ᠲᠦᠮᠡᠨ ᠡᠴᠡ ᠤᠨᠴᠠᠯᠠᠭᠳᠠᠬᠤ ᠰᠡᠷᠬᠦᠯᠡᠩ ᠠᠪᠬᠠᠯᠵᠢ᠂ ᠰᠤᠷᠮᠠᠭᠠᠢ ᠦᠢᠯᠡ ᠬᠡᠮᠡᠭᠴᠢ ᠡᠨᠡ ᠪᠤᠶᠤ᠃
ᠨᠢ᠋ᠮᠠᠳᠡᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠮᠤᠷᠢᠨ ᠳᠡᠭᠡᠷ᠎ᠠ ᠡᠴᠡ ᠬᠠᠳᠠᠭ ᠰᠢᠭᠦᠷᠬᠦ ᠤᠷᠤᠯᠳᠤᠭᠠᠨ ᠤᠯᠠᠨ ᠤ᠋ ᠬᠠᠷᠠᠭ᠎ᠠ ᠵᠢ ᠪᠤᠯᠢᠶᠠᠯ᠎ᠠ᠃ ᠢᠮᠠᠬᠤᠶᠢᠨ ᠵᠠᠢ ᠳ᠋ᠤ ᠭᠠᠵᠠᠷ ᠤ᠋ᠨ ᠬᠦᠷᠦᠰᠦᠨ ᠡᠴᠡ ᠬᠠᠳᠠᠭ ᠰᠢᠭᠦᠷᠦᠨ ᠰᠤᠮᠤᠳᠠᠨ ᠲᠠᠪᠬᠢᠬᠤ ᠭᠡᠭᠴᠢ ᠶᠠᠭ ᠯᠡ ᠦᠴᠦᠭᠡᠳᠦᠷ ᠤ᠋ᠨ ᠦᠢᠯᠡ ᠤᠴᠢᠷ ᠢ᠋ ᠦᠨᠦᠳᠦᠷ ᠦᠵᠡᠬᠦᠯᠦᠨ᠂ ᠢᠷᠡᠵᠦ ᠪᠠᠢᠭ᠎ᠠ ᠴᠠᠭ ᠢ᠋ ᠲᠤᠰᠤᠨ ᠳᠠᠪᠬᠢᠬᠤ ᠮᠡᠳᠦ ᠦᠪᠦᠷ ᠮᠤᠡᠭᠭᠤᠯ ᠤ᠋ᠨ ᠠᠷᠠᠳ ᠲᠦᠮᠡᠨ ᠤ᠋ ᠡᠷᠴᠢ ᠵᠤᠷᠢᠭ ᠰᠢᠨᠳᠠᠰᠤ ᠬᠤᠷᠳᠤ ᠵᠢ ᠬᠠᠷᠠᠭᠤᠯᠤᠨ᠎ᠠ᠃
ᠮᠤᠷᠢᠨ ᠳᠡᠭᠡᠷ᠎ᠠ ᠡᠴᠡ ᠬᠠᠳᠠᠭ ᠰᠢᠭᠦᠷᠬᠦ ᠨᠢ ᠤᠨᠤᠭᠠᠴᠢ ᠶ᠋ᠢᠨ ᠡᠷ᠎ᠠ ᠵᠤᠷᠢᠭ᠂ ᠤᠬᠠᠭᠠᠨ ᠰᠠᠮᠪᠠᠭ᠎ᠠ ᠵᠢ ᠰᠢᠯᠭᠠᠬᠤ ᠦᠷᠢᠰᠦᠯᠳᠦᠬᠡᠨᠳᠦ ᠤᠷᠤᠯᠳᠤᠭᠠᠨ ᠪᠠᠢᠵᠤ᠂ ᠨᠠᠢᠷ ᠨᠠᠭᠠᠳᠤᠮ ᠵᠢᠡᠷ ᠨᠠᠭᠠᠳᠤᠮᠴᠢᠨ ᠤᠯᠠᠨ ᠢ᠋ ᠱᠠᠭᠰᠢᠭᠤᠯᠵᠦ᠂ ᠦᠪᠦᠷ ᠮᠤᠨᠭᠭᠤᠯ ᠤ᠋ᠨ ᠰᠤᠶᠤᠯ ᠢᠷᠭᠡᠨᠰᠢᠯ᠂ ᠵᠠᠩ ᠦᠢᠯᠡ᠂ ᠠᠬᠤᠢ ᠠᠮᠢᠳᠤᠷᠠᠯ ᠢ᠋ ᠨᠢᠭᠡᠨ ᠬᠡᠮᠵᠢᠶᠡᠨ ᠳ᠋ᠤ ᠬᠠᠷᠠᠭᠤᠯᠵᠦ ᠴᠢᠳᠠᠬᠤᠢᠴᠠ ᠬᠦᠮᠦᠨ ᠬᠢᠭᠡᠳ ᠬᠦᠯᠦᠭ᠂ ᠮᠤᠷᠢ ᠬᠢᠭᠡᠳ ᠡᠵᠡᠨ ᠤ᠋ ᠰᠠᠨᠠᠭ᠎ᠠ ᠤᠨᠤᠭ᠎ᠠ ᠪᠠᠨ ᠤᠯᠤᠭᠰᠠᠨ ᠬᠡᠢᠮᠦᠷᠢᠯᠢᠭ ᠨᠠᠭᠠᠳᠤᠮ ᠲᠠᠮᠢᠷ ᠤ᠋ᠨ ᠬᠦᠳᠡᠯᠬᠡᠬᠡᠨ ᠪᠤᠯᠬᠤ ᠶᠤᠮ᠃

ᠵᠢᠷᠭᠠᠯᠳᠤ ᠨᠠᠭᠠᠳᠤᠮᠴᠢᠳ
《ᠨᠠᠭᠠᠳᠤᠮ ᠤ᠋ᠨ ᠰᠠᠢᠬᠠᠨ ᠱᠠᠭ᠎ᠠ ᠰᠢᠲᠠᠷ᠎ᠠ᠂ ᠨᠠᠢᠷ ᠤ᠋ᠨ ᠰᠠᠢᠬᠠᠨ ᠳᠠᠭᠤᠤ ᠬᠤᠭᠤᠷ》ᠬᠡᠳᠡᠭ᠂ ᠨᠢ᠋ᠮᠠᠳᠡᠬᠢ《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠲᠤᠰᠬᠠᠢ ᠱᠠᠭ᠎ᠠ ᠲᠤᠭᠯᠠᠭᠠᠮ ᠤ᠋ᠨ ᠤᠷᠤᠯᠳᠤᠭᠠᠨ ᠲᠤᠬᠢᠷᠠᠭᠤᠯᠵᠤ᠂ ᠡᠯ᠎ᠡ ᠭᠠᠵᠠᠷ ᠤᠷᠤᠨ ᠡᠴᠡ ᠬᠦᠷᠦᠯᠴᠡᠨ ᠢᠷᠡᠭᠰᠡᠨ 3000 ᠰᠢᠬᠠᠮ ᠨᠠᠭᠠᠳᠤᠮᠴᠢᠨ ᠦᠪᠡᠷ ᠦᠪᠡᠷ ᠤ᠋ᠨ ᠤᠷ᠎ᠠ ᠮᠡᠷᠭᠡᠵᠢᠯ᠂ ᠠᠪᠢᠶᠠᠰ ᠴᠢᠳᠠᠪᠤᠷᠢ ᠪᠠᠨ ᠭᠠᠷᠭᠠᠵᠤ᠂ ᠬᠤᠷᠴᠠ ᠰᠢᠷᠦᠭᠦᠨ ᠦᠷᠢᠰᠦᠯᠳᠦᠭᠡᠨ ᠶ᠋ᠢᠡᠷ ᠳᠠᠮᠵᠢᠨ ᠦᠵᠦᠭᠦᠷ ᠮᠠᠡᠭᠯᠠᠢ ᠪᠤᠯᠢᠶᠠᠯᠳᠤᠨ ᠬᠦᠭᠡᠷᠦᠯᠳᠦᠯᠡ᠃
《ᠲᠤᠰ ᠤᠳᠠᠭ᠎ᠠ ᠵᠢᠨ ᠱᠠᠭ᠎ᠠ ᠲᠤᠭᠯᠠᠭᠠᠮ ᠤ᠋ᠨ ᠤᠷᠤᠯᠳᠤᠭᠠᠨ ᠢ᠋ ᠬᠤᠶᠠᠷ ᠨᠤᠭᠤᠯᠤᠭ᠎ᠠ ᠬᠤᠪᠢᠶᠠᠨ ᠶᠠᠪᠤᠭᠳᠠᠭᠤᠯᠵᠤ᠂ ᠠᠡᠭᠬᠠᠨ ᠤ᠋ ᠨᠤᠭᠤᠯᠤᠭ᠎ᠠ ᠶ᠋ᠢᠨ ᠬᠡᠢ ᠮᠤᠷᠢ ᠶ᠋ᠢᠨ ᠠᠷᠪᠠᠨ ᠭᠤᠷᠪᠠ ᠤᠷᠬᠢᠬᠤ᠂ ᠳᠦᠷᠪᠡᠨ ᠪᠡᠷᠭᠡ ᠤᠷᠬᠢᠬᠤ ᠭᠡᠬᠦ ᠬᠤᠶᠠᠷ ᠠᠵᠠ ᠬᠡᠢ ᠮᠤᠷᠢ ᠶ᠋ᠢᠨ ᠤᠷᠤᠯᠳᠤᠭᠠᠨ ᠤ᠋ ᠬᠢᠷᠢ ᠪᠦᠲᠦᠮᠵᠢ ᠪᠡᠷ ᠬᠤᠶᠠᠳᠤᠭᠠᠷ ᠨᠤᠭᠤᠯᠤᠭ᠎ᠠ ᠵᠢᠨ 64 ᠲᠠᠮᠢᠷᠴᠢᠨ ᠢ᠋ ᠰᠢᠭᠰᠢᠨ ᠦᠯᠡᠳᠡᠭᠡᠵᠦ᠂ ᠠᠷᠤ ᠤᠨᠳᠤᠤ ᠤᠷᠬᠢᠬᠤ ᠪᠤᠯᠤᠨ ᠱᠠᠭ᠎ᠠ ᠨᠢᠰᠠᠯᠬᠤ ᠤᠷ᠎ᠠ ᠮᠡᠷᠭᠡᠵᠢᠯ ᠤ᠋ᠨ ᠤᠷᠤᠯᠳᠤᠭᠠᠨ ᠶ᠋ᠢᠡᠷ ᠡᠮᠦᠨ᠎ᠡ ᠭᠤᠷᠪᠠ ᠵᠢ ᠰᠢᠯᠭᠠᠷᠠᠭᠤᠯᠪᠠ》 ᠬᠡᠵᠤ ᠱᠠᠭ᠎ᠠ ᠲᠤᠭᠯᠠᠭᠠᠮ ᠤ᠋ᠨ ᠤᠷᠤᠯᠳᠤᠭᠠᠨ ᠤ᠋ ᠶᠠᠷᠦᠡᠭᠬᠡᠢ ᠬᠢᠨᠠᠭᠴᠢ ᠪᠠᠲᠤᠭᠡᠷᠡᠯ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
《ᠲᠤᠰ ᠤᠳᠠᠭ᠎ᠠ ᠵᠢᠨ ᠤᠷᠤᠯᠳᠤᠭᠠᠨ ᠤ᠋ ᠲᠠᠷᠢᠭᠦᠨ ᠳ᠋ᠦ ᠤᠷᠤᠭᠰᠠᠨ ᠳ᠋ᠠᠭᠠᠨ ᠰᠡᠳᠬᠢᠯ ᠶᠡᠬᠡ ᠲᠤᠭᠳᠤᠯᠵᠤ ᠪᠠᠢᠨ᠎ᠠ᠃ ᠱᠠᠭ᠎ᠠ ᠲᠤᠭᠯᠠᠭᠠᠮ ᠪᠤᠯ ᠮᠠᠨ ᠤ᠋ ᠡᠷᠲᠡ ᠳᠡᠭᠡᠳᠦ ᠡᠴᠡ ᠪᠠᠨ ᠨᠠᠭᠠᠳᠴᠤ ᠢᠷᠡᠭᠰᠡᠨ ᠰᠠᠢᠬᠠᠨ ᠤᠯᠠᠮᠵᠢᠯᠠᠯᠲᠤ ᠨᠠᠭᠠᠳᠤᠮ ᠶᠤᠮᠰᠠᠨ᠃ ᠨᠠᠮ ᠵᠠᠰᠠᠭ ᠡᠴᠡ ᠬᠦᠨᠳᠦᠳᠬᠡᠨ ᠦᠵᠡᠵᠦ ᠶᠡᠬᠡ ᠬᠡᠪᠴᠢᠶᠡᠨ ᠤ᠋ ᠤᠷᠤᠯᠳᠤᠭᠠᠨ ᠢ᠋ ᠵᠤᠬᠢᠶᠠᠨ ᠪᠠᠢᠭᠤᠯᠵᠤ᠂ ᠨᠡᠩ ᠤᠯᠠᠨ ᠬᠦᠮᠦᠨ ᠳ᠋ᠤ ᠦᠪ ᠰᠤᠶᠤᠯ ᠶ᠋ᠢᠡᠨ ᠤᠯᠠᠮᠵᠢᠯᠠᠬᠤ ᠲᠠᠪᠴᠠᠡᠭ ᠬᠠᠡᠭᠭᠠᠭᠰᠠᠨ ᠳ᠋ᠦ ᠮᠠᠰᠢ ᠪᠠᠶᠠᠷᠯᠠᠵᠤ ᠪᠠᠢᠨ᠎ᠠ》ᠬᠡᠵᠤ ᠰᠢᠯᠢ ᠶ᠋ᠢᠨ ᠭᠤᠤᠯ ᠠᠢᠮᠠᠭ ᠤ᠋ᠨ ᠰᠦᠨᠢᠳ ᠪᠠᠷᠠᠭᠤᠨ ᠬᠤᠰᠢᠭᠤᠨ ᠤ᠋ ᠮᠠᠯᠴᠢᠨ ᠤᠶᠤᠨᠯᠢᠡᠭᠬᠤᠠ ᠤᠴᠢᠷᠳᠠᠢᠬᠠᠨ ᠶᠠᠷᠢᠵᠤ ᠪᠠᠢᠯ᠎ᠠ᠃
ᠱᠠᠭ᠎ᠠ ᠲᠤᠭᠯᠠᠭᠠᠮ ᠪᠤᠯ ᠮᠤᠡᠭᠭᠤᠯ ᠦᠨᠳᠦᠰᠦᠲᠡᠨ ᠤ᠋ ᠢᠵᠠᠭᠤᠷ ᠲᠤᠭᠯᠠᠭᠠᠮ ᠤ᠋ᠨ ᠨᠢᠭᠡ ᠵᠦᠢᠯ ᠪᠠᠢᠵᠤ᠂ ᠠᠪᠠ ᠠᠡᠭᠨᠠᠯ ᠪᠠ ᠮᠠᠯ ᠮᠠᠯᠵᠢᠯ ᠤ᠋ᠨ ᠪᠤᠳᠠᠲᠤ ᠠᠮᠢᠳᠤᠷᠠᠯ ᠤ᠋ᠨ ᠶᠡᠪᠤᠴᠠ ᠳ᠋ᠦ ᠪᠤᠢ ᠪᠤᠯᠤᠭᠰᠠᠨ ᠠᠷᠠᠳ ᠤ᠋ᠨ ᠤᠶᠤᠨ ᠤᠬᠠᠭᠠᠨ᠂ ᠪᠦᠲᠦᠭᠡᠯᠴᠢ ᠬᠦᠳᠡᠯᠮᠦᠷᠢ ᠶ᠋ᠢᠨ ᠰᠤᠳᠤᠨ ᠪᠦᠲᠦᠭᠡᠭᠳᠡᠭᠦᠨ ᠪᠤᠯᠤᠨ᠎ᠠ᠃ ᠲᠡᠷᠨ ᠨᠢ ᠰᠤᠶᠤᠯ᠂ ᠲᠠᠮᠢᠷ᠂ ᠤᠷᠠᠯᠢᠭ ᠤ᠋ᠨ ᠠᠵᠢᠯᠯᠠᠭ᠎ᠠ ᠪᠤᠯᠬᠤ ᠪᠡᠷ ᠪᠠᠷᠠᠬᠤ ᠦᠬᠡᠢ ᠪᠠᠰᠠ ᠮᠤᠡᠭᠭᠤᠯᠴᠤᠳ ᠤ᠋ᠨ ᠠᠵᠤ ᠠᠮᠢᠳᠤᠷᠠᠯ᠂ ᠦᠢᠯᠡᠳᠪᠦᠷᠢᠯᠡᠯ ᠤ᠋ᠨ ᠠᠷᠭ᠎ᠠ ᠪᠠᠷᠢᠯ᠂ ᠤᠷᠠᠨ ᠰᠡᠳᠬᠢᠮᠵᠢ᠂ ᠤᠶᠤᠨ ᠪᠢᠯᠢᠭ᠂ ᠭᠤᠤ᠎ᠠ ᠵᠦᠢ᠂ ᠶᠤᠰᠤ ᠮᠤᠷᠠᠯ᠂ ᠵᠠᠡᠭ ᠳᠠᠳᠬᠠᠯ᠂ ᠤᠯᠠᠮᠵᠢᠯᠠᠯ ᠬᠡᠪᠰᠢᠯ ᠢ᠋ ᠲᠦᠪᠯᠡᠷᠡᠭᠦᠯᠦᠨ ᠲᠤᠰᠬᠠᠵᠤ ᠪᠠᠢᠳᠠᠭ᠃ ᠱᠠᠭ᠎ᠠ ᠲᠤᠭᠯᠠᠭᠠᠮ ᠨᠢ ᠬᠡᠤᠬᠡᠳ ᠢ᠋ ᠬᠠᠷᠠᠬᠠᠨ ᠪᠠᠭ᠎ᠠ ᠡᠴᠡ ᠨᠢ ᠮᠠᠯᠵᠢᠬᠤ ᠦᠢᠯᠡᠳᠪᠦᠷᠢᠯᠡᠯ ᠳ᠋ᠦ ᠳᠤᠷ᠎ᠠ ᠪᠠᠬ᠎ᠠ ᠲᠠᠢ᠂ ᠮᠠᠯ ᠤᠨᠤᠭ᠎ᠠ ᠪᠠᠨ ᠬᠠᠢᠷᠠᠯᠠᠬᠤ ᠳᠠᠳᠬᠠᠯ ᠲᠠᠢ ᠪᠤᠯᠭᠠᠨ᠂ ᠬᠦᠮᠦᠰ ᠤ᠋ᠨ ᠭᠠᠷ ᠬᠦᠳᠡᠯᠭᠡᠭᠡᠨ ᠤ᠋ ᠬᠤᠷᠳᠤᠴᠠ ᠵᠢ ᠠᠬᠢᠭᠤᠯᠤᠨ ᠪᠤᠰᠢᠭᠤ ᠱᠠᠯᠠᠮᠠᠭᠠᠢ ᠪᠤᠯᠭᠠᠵᠤ ᠂ ᠨᠢᠳᠦᠨ ᠬᠠᠷᠠᠭ᠎ᠠ ᠵᠢ ᠬᠤᠷᠴᠠᠳᠬᠠᠨ ᠭᠠᠷ ᠤ᠋ᠨ ᠳᠡᠮ ᠳᠡᠮᠲᠡᠭᠡ ᠵᠢ ᠪᠤᠯᠪᠠᠰᠤᠷᠠᠭᠤᠯᠳᠠᠭ ᠦᠢᠯᠡᠳᠦᠯ ᠲᠠᠢ ᠶᠤᠮ᠃

ᠪᠠᠶᠠᠰᠤᠯᠳᠤ ᠬᠠᠳᠤᠯᠠᠩᠴᠢᠳ
ᠨᠢ᠋ᠮᠠᠳᠡᠬᠢ 《 ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠲᠠ ᠶ᠋ᠢᠨ ᠪᠠᠶᠠᠷ》 ᠢ᠋ ᠪᠡᠯᠭᠡᠯᠡᠬᠦ ᠦᠪᠦᠷ ᠮᠤᠡᠭᠭᠤᠯ ᠤ᠋ᠨ ᠭᠤᠤᠯ ᠲᠠᠯᠠᠪᠠᠢ ᠶ᠋ᠢᠨ ᠠᠵᠢᠯᠯᠠᠭ᠎ᠠ ᠳ᠋ᠦ ᠰᠠᠨᠳᠤᠤ ᠪᠡᠷ ᠡᠪᠡᠰᠦ ᠬᠠᠳᠤᠬᠤ ᠤᠷᠤᠯᠳᠤᠭᠠᠨ ᠢ᠋ ᠲᠤᠰᠬᠠᠢ ᠲᠤᠬᠢᠷᠠᠭᠤᠯᠵᠤ᠂ ᠮᠠᠯᠴᠢᠳ ᠤ᠋ᠨ ᠡᠷᠴᠢ ᠬᠦᠴᠦ᠂ ᠤᠷ᠎ᠠ ᠮᠡᠷᠭᠡᠵᠢᠯ ᠢ᠋ ᠰᠢᠯᠭᠠᠨ᠂ ᠬᠠᠳᠤᠭᠤᠷ ᠰᠠᠨᠳᠤᠤ ᠪᠡᠷ ᠡᠪᠡᠰᠤ ᠬᠠᠳᠤᠵᠤ ᠪᠠᠢᠭᠰᠠᠨ ᠦᠡᠭᠭᠡᠷᠡᠭᠰᠡᠨ ᠤᠨ ᠵᠢᠯ ᠢ᠋ ᠡᠷᠭᠢᠴᠡᠭᠦᠯᠵᠦ ᠂ ᠦᠷ᠎ᠡ ᠬᠤᠢᠴᠢᠰ ᠲᠠᠭᠠᠨ ᠦᠪᠯᠡᠵᠦ ᠦᠯᠡᠳᠡᠭᠡᠨ ᠦᠨᠡᠮᠰᠢᠭᠦᠯᠦᠨ ᠤᠢᠯᠠᠭᠠᠭᠤᠯᠬᠤ ᠵᠢ ᠵᠤᠷᠢᠵᠠᠢ᠃
ᠨᠠᠢᠷ ᠤ᠋ᠨ ᠲᠠᠯᠠᠪᠠᠢ ᠶ᠋ᠢᠨ ᠡᠮᠦᠨ᠎ᠡ ᠵᠠᠬ᠎ᠠ ᠶ᠋ᠢᠨ ᠡᠪᠡᠰᠦ ᠬᠠᠳᠤᠬᠤ ᠤᠷᠤᠯᠳᠤᠭᠠᠨ ᠤ᠋ ᠲᠠᠯᠠᠪᠠᠢ ᠶ᠋ᠢᠨ ᠬᠦᠪᠡᠭᠡ ᠪᠡᠷ ᠦᠡᠭᠭᠡᠲᠦ ᠶᠠᠨᠳᠠᠷ ᠡᠪᠡᠰᠦᠨ ᠲᠤᠯᠤᠭᠠᠢ ᠰᠢᠭᠦᠷᠦᠨ ᠰᠠᠯᠬᠢᠨ ᠤ᠋ ᠠᠶ᠎ᠠ ᠪᠡᠷ ᠨᠠᠮᠢᠷᠠᠵᠤ᠂ ᠡᠪᠡᠰᠤᠨ ᠤ᠋ ᠦᠨᠦᠷ ᠰᠡᠡᠭᠬᠢᠨᠡᠨ᠂ ᠡᠪᠦᠭᠡᠳ ᠨᠠᠰᠤᠳᠠᠳ ᠬᠠᠳᠤᠯᠠᠡᠭ ᠤ᠋ᠨ ᠦᠵᠦᠭᠦᠷ ᠰᠠᠨᠳᠤᠤ ᠪᠢᠯᠡᠭᠦᠳᠡᠵᠦ ᠬᠠᠭᠤᠴᠢ ᠳᠡᠯᠭᠡᠨ ᠬᠦᠭᠡᠷᠦᠯᠳᠦᠬᠦ ᠳ᠋ᠦ ᠬᠠᠳᠤᠯᠠᠡᠭ ᠤ᠋ᠨ ᠳᠤᠮᠳᠠᠭᠤᠷ ᠬᠠᠰᠢᠷ ᠬᠠᠳᠤᠯᠠᠡᠭᠴᠢᠳ ᠬᠤᠷᠴᠠ ᠰᠠᠨᠳᠤᠤ ᠪᠠᠨ ᠱᠤᠤᠬᠢᠭᠤᠯᠵᠤ᠂ ᠬᠤᠯᠠ ᠶ᠋ᠢᠨ ᠦᠵᠦᠭᠦᠷ ᠲᠦ᠍ ᠬᠡᠨ ᠠᠯᠢᠨ ᠡᠴᠡ ᠪᠠᠨ ᠤᠷᠢᠳ ᠶ᠋ᠢᠡᠷ ᠬᠦᠷᠬᠦ ᠪᠡᠷ ᠰᠢᠭᠤᠷᠬᠠᠢᠯᠠᠨᠠ᠃
《ᠰᠠᠨᠳᠤᠤ ᠪᠡᠷ ᠡᠪᠡᠰᠦ ᠬᠠᠳᠤᠬᠤ ᠪᠠᠨ ᠪᠤᠯᠢᠭᠠᠳ ᠬᠡᠳᠦᠨ ᠠᠷᠪᠠᠨ ᠵᠢᠯ ᠪᠤᠯᠵᠤ ᠪᠠᠢᠨ᠎ᠠ᠂ ᠤᠳᠤ ᠨᠡᠢᠭᠡᠮ ᠤ᠋ᠨ ᠬᠦᠭᠵᠢᠯᠲᠡ ᠵᠢ ᠳᠠᠭᠠᠯᠳᠤᠨ ᠬᠠᠳᠤᠯᠠᠡᠭ ᠵᠢᠡᠨ ᠪᠦᠷ ᠮᠠᠰᠢᠨ ᠶ᠋ᠢᠡᠷ ᠬᠠᠳᠤᠵᠤ ᠬᠤᠷᠢᠶᠠᠬᠤ ᠪᠤᠯᠤᠭᠰᠠᠨ ᠶ᠋ᠢᠡᠷ ᠵᠠᠯᠠᠭᠤᠴᠤᠳ ᠰᠠᠨᠳᠤᠤ ᠪᠡᠷ ᠡᠪᠡᠰᠦ ᠬᠠᠳᠤᠬᠤ ᠵᠢ ᠰᠠᠢᠨ ᠮᠡᠳᠡᠬᠦ ᠦᠭᠡᠢ ᠪᠤᠯᠵᠠᠢ᠃ ᠡᠨᠡ ᠤᠳᠠᠭ᠎ᠠ ᠵᠢᠨ ᠠᠵᠢᠯᠯᠠᠭ᠎ᠠ ᠪᠡᠷ ᠵᠠᠯᠠᠭᠤᠴᠤᠳ ᠬᠡᠤᠬᠡᠳ ᠤ᠋ᠳ ᠲᠦ᠍ ᠰᠠᠨᠳᠤᠤ ᠵᠢ ᠶᠠᠭᠠᠬᠢᠵᠤ ᠬᠡᠷᠡᠭᠯᠡᠬᠦ ᠡᠴᠡ ᠶᠠᠭᠠᠬᠢᠵᠤ ᠡᠪᠡᠰᠦ ᠬᠠᠳᠤᠬᠤ ᠬᠦᠷᠲᠡᠯᠡᠬᠢ ᠪᠦᠬᠦ ᠶᠠᠪᠤᠴᠠ ᠵᠢ ᠤᠢᠯᠠᠭᠠᠭᠤᠯᠬᠤ ᠵᠢ ᠵᠤᠷᠢᠯ᠎ᠠ》 ᠬᠡᠵᠤ ᠰᠢᠯᠢ ᠶ᠋ᠢᠨ ᠭᠤᠤᠯ ᠠᠢᠮᠠᠭ ᠤ᠋ᠨ ᠬᠦᠪᠡᠭᠡᠲᠦ ᠰᠢᠷ᠎ᠡ ᠬᠤᠰᠢᠭᠤᠨ ᠤ᠋ ᠤᠡᠭᠭᠤᠨ ᠠᠭᠤᠯᠠ ᠰᠤᠮᠤ ᠵᠢᠨ ᠴᠠᠭᠠᠨᠨᠠᠭᠤᠷ ᠭᠠᠴᠠᠭᠠᠨ ᠤ᠋ ᠠᠬᠠᠮᠠᠳ ᠱᠦᠵᠢ ᠪᠠᠶᠠᠷᠪᠠᠭᠠᠲᠤᠷ ᠰᠤᠷᠪᠤᠯᠵᠢᠯᠠᠭᠴᠢ ᠳ᠋ᠤ ᠶᠠᠷᠢᠬᠤ ᠳ᠋ᠤ ᠬᠠᠵᠠᠭᠤ ᠳ᠋ᠤᠨᠢ ᠪᠠᠢᠭᠰᠠᠨ ᠴᠠᠭᠠᠨᠨᠠᠭᠤᠷ ᠭᠠᠴᠠᠭᠠᠨ ᠤ᠋ ᠠᠬᠠᠮᠠᠳ ᠮᠠᠯᠴᠢᠨ ᠮᠦᠡᠭᠬᠡᠰᠦ᠋ᠬᠡ ᠭᠤᠸᠠᠢ᠄《ᠰᠠᠨᠳᠤᠤ ᠪᠡᠷ ᠬᠠᠳᠤᠯᠠᠡᠭ ᠠᠪᠬᠤ ᠰᠠᠢᠬᠠᠨ ᠰᠢᠦ! ᠦᠩᠬᠡᠷᠡᠭᠰᠡᠨ ᠳ᠋ᠤ ᠪᠢᠳᠡ ᠰᠠᠨᠳᠤᠤ ᠪᠠᠨ ᠡᠭᠦᠷᠦᠭᠡᠳ ᠪᠢᠯᠡᠭᠦᠦ ᠪᠠᠨ ᠡᠪᠦᠷᠯᠡᠵᠦ᠂ ᠮᠤᠷᠢ ᠪᠠᠨ ᠤᠨᠤᠭᠠᠳ ᠬᠠᠭᠤᠷᠠᠢ ᠬᠦᠨᠡᠰᠦ ᠪᠠᠨ ᠲᠡᠭᠦᠵᠢᠯᠡᠨ ᠬᠠᠳᠤᠯᠠᠡᠭ ᠳ᠋ᠠᠭᠠᠨ ᠭᠠᠷᠳᠠᠭ᠃ ᠦᠳᠡ ᠳ᠋ᠡᠭᠡᠨ ᠬᠡᠭᠡᠷ᠎ᠡ ᠦᠳᠡᠯᠡᠵᠦ᠂ ᠬᠠᠭᠤᠷᠠᠢ ᠬᠦᠨᠡᠰᠦ ᠪᠠᠨ ᠢᠳᠡᠭᠡᠳ ᠴᠠᠢ ᠪᠠᠨ ᠤᠤᠭᠤᠴᠢᠬᠠᠭᠠᠳ᠂ ᠰᠠᠨᠳᠤᠤ ᠪᠠᠨ ᠪᠢᠯᠡᠭᠦᠳᠡᠬᠡᠳ ᠡᠪᠡᠰᠤ ᠪᠠᠨ ᠬᠠᠳᠤᠨ᠎ᠠ᠂ ᠨᠢᠭᠡ ᠨᠢᠭᠡᠨ ᠲᠠᠢ ᠪᠠᠨ ᠤᠷᠤᠯᠳᠤᠭᠠᠳ ᠮᠠᠰᠢ ᠬᠦᠭᠵᠢᠶᠡᠨᠲᠡᠢ ᠶᠤᠮ ᠡ᠃ ᠬᠤᠷᠢᠭᠠᠳ ᠡᠳᠦᠷ ᠰᠠᠷ᠎ᠠ ᠰᠢᠬᠠᠮ ᠶ᠋ᠢᠡᠷ ᠬᠠᠳᠤᠯᠠᠡᠭ ᠳ᠋ᠠᠭᠠᠨ ᠶᠠᠭᠠᠷᠠᠵᠤ᠂ ᠮᠤᠷᠢᠨ ᠲᠡᠷᠭᠡ ᠪᠡᠷ ᠶ᠋ᠢᠡᠨ ᠲᠡᠭᠡᠭᠡᠵᠦ ᠤᠷᠤᠭᠤᠯᠳᠠᠭ ᠪᠠᠢᠵᠠᠢ᠃ ᠤᠳᠤ ᠮᠠᠰᠢᠨᠴᠢᠯᠠᠯᠲᠠ ᠵᠢ ᠲᠦᠭᠡᠮᠡᠯᠵᠢᠭᠦᠯᠵᠦ᠂ ᠮᠠᠨᠤᠰ ᠤ᠋ᠨ ᠤᠤᠯ ᠤ᠋ᠨ ᠬᠠᠳᠤᠯᠠᠡᠭ ᠢ᠋ ᠬᠤᠶᠠᠷ ᠭᠤᠷᠪᠠᠬᠠᠨ ᠡᠳᠦᠷ ᠲᠦ᠍ ᠬᠠᠳᠤᠭᠠᠳ ᠳᠠᠭᠤᠰᠴᠢᠬᠠᠳᠠᠭ ᠪᠤᠯᠵᠤ᠂ ᠦᠷ᠎ᠡ ᠪᠦᠲᠦᠮᠵᠢ ᠶᠡᠬᠡ ᠪᠡᠷ ᠳᠡᠭᠡᠭᠰᠢᠯᠡᠭᠰᠡᠨ》 ᠬᠡᠵᠤ ᠦᠩᠬᠡᠷᠡᠭᠰᠡᠨ ᠤᠳᠤ ᠵᠢ ᠬᠠᠷᠢᠴᠠᠭᠤᠯᠤᠨ ᠶᠠᠷᠢᠨ᠎ᠠ᠃