ᠡᠬᠦᠯᠡᠰ ᠪᠦᠵᠢᠨ ᠲᠡᠭ᠌ᠷᠢ᠎ᠶ᠋ᠢᠨ ᠬᠠᠶᠠᠭ᠎ᠠ ᠤᠰᠤᠷᠬᠠᠭᠠᠳ
ᠦᠷᠭᠡᠨ ᠬᠠᠩᠭᠠᠢ ᠴᠡᠴᠡᠭᠡᠰ᠎ᠤᠨ ᠮᠡᠯᠮᠡᠢ᠎ᠳᠤ ᠦᠩᠭᠡᠵᠢᠭ᠌ᠰᠡᠨ
ᠦᠩᠲᠠᠢ ᠵᠤᠨ ᠲᠡᠯᠭᠡᠷ ᠨᠠᠢᠷ᠎ᠢᠶᠠᠷ ᠪᠠᠶᠠᠰᠤᠯᠳᠤᠭᠠᠳ
ᠡᠪᠤᠭᠡᠳ᠎ᠤᠨ ᠵᠤᠭᠤᠭ ᠲᠡᠤᠬᠡ ᠲᠡᠯᠭᠡᠨ ᠬᠠᠭᠤᠴᠢᠯᠠᠬ᠍ᠰᠡᠨ
ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ
ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ
ᠪᠡᠯᠴᠢᠭᠡᠷ ᠲᠠᠭᠠᠬ᠍ᠰᠡᠨ ᠰᠦᠷᠦᠭ᠎ᠤᠨ ᠲᠡᠨᠢᠬᠦᠨ ᠪᠠᠷ᠎ᠠ
ᠨᠤᠳᠤᠭ᠎ᠢᠶᠠᠨ ᠭᠤᠶᠤᠵᠤ ᠬᠠᠷᠠᠭᠠᠨ᠎ᠤ ᠦᠵᠤᠬᠦᠷ ᠴᠡᠮᠴᠡᠭᠡᠨᠡᠭ᠌ᠰᠡᠨ
ᠪᠠᠢᠭᠠᠯᠢ ᠲᠡᠯᠡᠬᠡᠢ ᠬᠦᠮᠤᠨ ᠮᠠᠯ᠎ᠲᠠᠢ᠎ᠪᠠᠨ ᠡᠭᠡᠨᠡᠭᠰᠢᠭᠡᠳ
ᠨᠠᠭᠤᠷ᠎ᠤᠨ ᠤᠯᠠᠨ ᠱᠢᠪᠠᠭᠤᠬᠠᠢ ᠴᠡᠩᠬᠡᠯ᠎ᠢᠶᠠᠷ ᠱᠤᠮᠪᠠᠭ᠍ᠰᠡᠨ
ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ
ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ
ᠰᠦ ᠲᠤᠬᠤᠢᠯᠳᠠᠬ᠍ᠰᠡᠨ ᠰᠠᠭᠠᠯᠢᠴᠢᠨ ᠪᠦᠰᠡᠬᠦᠢ᠎ᠶ᠋ᠢᠨ ᠠᠯᠬᠤᠭ᠎ᠠ᠎ᠳᠤᠨᠢ
ᠦᠷᠯᠦᠭᠡ ᠡᠷᠳᠡ᠎ᠶ᠋ᠢᠨ ᠨᠠᠷᠠ ᠤᠷᠭᠤᠨ ᠮᠠᠨᠳᠤᠵᠤ ᠭᠡᠷᠡᠯᠳᠦᠭ᠌ᠰᠡᠨ
ᠰᠦᠷᠯᠢᠭ ᠴᠡᠩᠬᠡᠷ ᠠᠭᠤᠯᠠᠰ᠎ᠤᠨ ᠬᠢᠨᠢ ᠤᠷᠬᠢᠯ ᠵᠢᠪᠬᠤᠭ᠎ᠠ᠎ᠨᠢ
ᠦᠨᠳᠤᠷ ᠰᠠᠨᠰᠠᠷ᠎ᠤᠨ ᠬᠢᠵᠠᠭᠠᠷ᠎ᠢ ᠠᠭᠤᠵᠢᠮ ᠠᠮᠢᠰᠬᠤᠭᠰᠠᠨ
ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ
ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ
ᠬᠡᠢᠮᠤᠷᠢ᠎ᠶ᠋ᠢᠨ ᠰᠦᠯᠳᠡ ᠤᠪᠤᠭ᠎ᠠ᠎ᠪᠠᠨ ᠱᠦᠩᠱᠢᠭ᠌ᠯᠡᠨ ᠲᠠᠬᠢᠭᠠᠳ
ᠰᠦᠵᠢᠭ ᠲᠠᠭᠠᠳᠭᠠᠯ᠎ᠢᠶᠠᠨ ᠲᠦᠮᠡᠨ᠎ᠢᠶᠠᠷ ᠠᠷᠢᠭᠤᠰᠭᠠᠵᠤ ᠵᠠᠯᠪᠠᠷᠢᠬ᠍ᠰᠡᠨ
ᠭᠡᠭᠡᠨ ᠬᠦᠰᠡᠯ᠎ᠤᠨ ᠢᠳᠡᠭᠡᠯᠳᠤ ᠢᠷᠡᠭᠡᠳᠤᠢ᠎ᠪᠠᠨ ᠬᠤᠷᠤᠢᠯᠠᠭᠠᠳ
ᠰᠠᠢᠨ᠎ᠤ ᠵᠦᠩᠨᠡᠯ᠎ᠳᠤ ᠲᠡᠭ᠌ᠷᠢᠯᠢᠭ ᠤᠷᠤᠨ᠎ᠢᠶᠠᠨ ᠪᠠᠭ᠍ᠠᠳᠤᠬ᠍ᠰᠡᠨ
ᠪᠤᠷᠤᠭᠠᠨ᠎ᠲᠠᠢ ᠤᠯᠠᠷᠢᠯ᠎ᠤᠨ ᠠᠨᠢᠷ ᠶᠠᠭᠠᠬᠢᠬ᠍ᠰᠡᠨ ᠰᠠᠢᠬᠠᠨ ᠪᠤᠢ
ᠪᠤᠷᠬᠠᠨ ᠴᠤ᠌ ᠰᠠᠭᠠᠳᠠᠮᠠᠷ ᠲᠡᠯᠭᠡᠷ ᠵᠤᠨ᠎ᠤ ᠪᠠᠶᠠᠰᠭᠤᠯᠠᠩ᠎ᠲᠠᠢ ᠳ᠋ᠠ!