— 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠣ᠋᠎ᠶ᠋ᠢᠨ ᠭᠤᠸ᠎ᠠ ᠰᠠᠢᠬᠠᠨ᠎ᠤ ᠲᠤᠬᠠᠢ ᠦᠨᠠᠯᠠᠯᠳᠠ
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠣ᠋ ᠪᠣᠯ ᠤᠷᠴᠢᠮ᠎ᠤᠨ ᠬᠡᠳᠤᠨ ᠵᠢᠯ᠎ᠳᠤ ᠮᠠᠨ᠎ᠤ ᠤᠯᠤᠰ᠎ᠤᠨ ᠺᠢᠨᠤ᠋ ᠵᠢᠨ ᠵᠠᠬ᠎ᠠ ᠲᠡᠭᠡᠷᠡᠬᠢ ᠮᠠᠰᠢ ᠬᠠᠯᠠᠮᠱᠢᠯ ᠪᠣᠯᠤᠬᠰᠠᠨ ᠤᠳᠬ᠎ᠠ ᠤᠷᠠᠯᠢᠭ᠎ᠤᠨ ᠪᠦᠳᠤᠭᠡᠯ᠎ᠤᠨ ᠨᠢᠭᠡ᠃ 2023 ᠣᠨ᠎ᠤ 7 ᠰᠠᠷ᠎ᠠ᠎ᠶ᠋ᠢᠨ ᠰᠡᠭᠦᠯᠴᠢ᠎ᠪᠠᠷ ᠺᠢᠨᠣ᠋ ᠣᠷᠳᠣᠨ᠎ᠤ ᠴᠡᠭᠡᠨ ᠬᠥᠱᠢᠭᠡ ᠪᠡᠷ 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤ᠋ᠨ ᠨᠢᠭᠡᠳᠦᠭᠡᠷ ᠪᠦᠯᠦᠭ᠄ ᠴᠤᠤ ᠭᠧ ᠵᠢᠨ ᠦᠢᠮᠡᠭᠡᠨ》᠎ᠢ᠋ ᠨᠡᠪᠳᠡᠷᠡᠬᠦᠯᠵᠤ᠂ ᠦᠵᠡᠭᠴᠢ ᠵᠢᠨ ᠬᠠᠯᠠᠭᠤᠨ ᠬᠦᠷᠢᠶᠡᠯᠡᠯ᠎ᠢ ᠤᠯᠤᠬᠰᠠᠨ ᠪᠤᠯ 2025 ᠣᠨ᠎ᠤ ᠴᠠᠭᠠᠨ ᠰᠠᠷ᠎ᠠ ᠵᠢᠨ ᠱᠢᠨ᠎ᠡ ᠵᠢᠨ ᠨᠢᠭᠡᠨ᠎ᠳᠤ 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤᠨ ᠬᠤᠶᠠᠳᠤᠭᠠᠷ ᠪᠦᠯᠦᠭ᠄ ᠪᠠᠷᠠᠭᠤᠨ ᠴᠢ᠎ᠶ᠋ᠢᠨ ᠪᠠᠢᠯᠳᠤᠭᠠᠨ》 ᠨᠢ ᠦᠵᠡᠭ᠌ᠴᠢ ᠲᠦᠮᠡᠨ᠎ᠲᠠᠢ ᠵᠣᠯᠭᠠᠭ᠍ᠰᠠᠨ ᠪᠠᠢᠳᠠᠭ᠃ ᠡᠬᠦᠨ᠎ᠳᠤ 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤᠨ ᠨᠢᠭᠡᠳᠦᠭᠡᠷ ᠪᠦᠯᠦᠭ᠄ ᠴᠤᠤ ᠭᠧᠵᠢᠨ ᠦᠢᠮᠡᠭᠡᠨ》 ᠨᠢ ᠱᠠᠩ ᠸᠠᠩ ᠶᠢᠨ ᠱᠧᠤ ᠵᠶ᠋ᠢ ᠵᠸᠦ᠍ᠶ᠋ᠢᠨ ᠡᠵᠡᠨ ᠰᠦ᠍ ᠬᠤ᠌ ᠶ᠋ᠢᠨ ᠤᠷᠪᠠᠯᠭ᠎ᠠ᠎ᠨᠢ ᠲᠠᠷᠤᠬᠤ᠎ᠳᠠᠭᠠᠨ ᠰᠠᠨᠠᠮᠰᠠᠷ ᠦᠬᠡᠢ ᠦᠨᠡᠭᠡᠨ ᠱᠢᠮᠨᠤ᠎ᠶ᠋ᠢ ᠠᠮᠢᠯᠠᠭᠤᠯᠵᠤ᠂ ᠦᠨᠡᠭᠡᠨ ᠱᠢᠮᠨᠤ᠎ᠨᠢ ᠳ᠋ᠠ ᠵᠶ᠋ᠢ᠎ᠶ᠋ᠢᠨ ᠪᠡᠶ᠎ᠡ᠎ᠳᠤ ᠤᠷᠤᠱᠢᠵᠦ᠍᠂ ᠶᠢᠨ ᠱᠧᠤ᠎ᠶ᠋ᠢ ᠲᠠᠭᠠᠵᠤ ᠴᠤᠤ ᠭᠧᠳᠤ ᠬᠥᠷᠥᠭ᠌ᠰᠡᠨ ᠪᠠᠢᠨ᠎ᠠ᠃ ᠰᠥᠨᠢ᠎ᠶ᠋ᠢᠨ ᠳᠠᠢᠯᠠᠯᠭ᠎ᠠ᠎ᠳᠤ ᠶᠢᠨ ᠱᠧᠤ ᠡᠴᠢᠭᠡ᠎ᠪᠠᠨ ᠠᠯᠠᠵᠤ ᠬᠠᠭᠠᠨ ᠰᠠᠭᠤᠷᠢᠨ᠎ᠢ ᠪᠤᠯᠢᠶᠠᠵᠤ᠂ ᠲᠡᠭ᠌ᠷᠢ ᠲᠠᠬᠢᠬᠤ ᠨᠡᠷ᠎ᠡ᠎ᠪᠠᠷ ᠬᠠᠷᠬᠢᠰ ᠵᠠᠰᠠᠭ ᠶᠠᠪᠤᠭᠤᠯᠪᠠ᠃ ᠺᠦᠨᠯᠦᠨ ᠠᠭᠤᠯᠠᠨ᠎ᠤ ᠵᠢᠶᠠᠩ ᠽᠢ ᠶᠠ 《ᠰᠠᠬᠢᠭᠤᠯᠰᠤᠨ ᠡᠷᠭᠦᠮᠵᠢᠯᠡᠬᠦ᠌ ᠵᠠᠷᠯᠠᠯ》᠎ᠢ᠋ ᠠᠪᠴᠤ᠌ ᠠᠭᠤᠯᠠᠨ᠎ᠠᠴᠠ ᠪᠠᠭᠤᠵᠤ᠂ ᠳᠡᠯᠡᠬᠡᠢ ᠳ᠋ᠠᠬᠢᠨ᠎ᠤ ᠬᠠᠮᠲᠤ᠎ᠶ᠋ᠢᠨ ᠡᠵᠡᠨ᠎ᠢ ᠡᠷᠢᠪᠡ᠃ ᠶᠢᠨ ᠱᠠᠩ᠎ᠤᠨ ᠬᠤᠶᠠᠳᠤᠭᠠᠷ ᠬᠥᠪᠡᠭᠦᠨ ᠶᠢᠨ ᠵᠢᠶᠤᠤ ᠬᠢᠭᠡᠳ ᠵᠶ᠋ᠢ ᠹᠠ᠂ ᠶᠢᠨ ᠱᠧᠤ ᠪᠤᠯᠤᠨ ᠳ᠋ᠠ ᠵᠶ᠋ᠢ᠎ᠶ᠋ᠢᠨ ᠣᠪ ᠮᠡᠭᠡ᠎ᠶ᠋ᠢ ᠰᠡᠷᠡᠵᠤ ᠮᠡᠳᠡᠭᠰᠡᠨ᠎ᠢᠶᠠᠷ ᠭᠤᠣᠯ ᠦᠢᠯᠡ ᠶᠠᠪᠤᠳᠠᠯ᠎ᠢᠶᠠᠨ ᠬᠦᠤᠷᠨᠢᠵᠠᠢ᠃ 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤᠨ ᠬᠤᠶᠠᠳᠤᠭᠠᠷ ᠪᠦᠯᠦᠭ᠄ ᠪᠠᠷᠠᠭᠤᠨ ᠴᠢ᠎ᠶ᠋ᠢᠨ ᠪᠠᠢᠯᠳᠤᠭᠠᠨ》᠎ᠳ᠋ᠤ ᠨᠢᠭᠡᠳᠦᠭᠡᠷ ᠪᠦᠯᠦᠭ᠎ᠤᠨ ᠦᠢᠯᠡ ᠶᠠᠪᠤᠳᠠᠯ᠎ᠢᠶᠠᠨ ᠵᠠᠯᠭᠠᠵᠤ ᠵᠶ᠋ᠢ ᠹᠠ ᠰᠠᠬᠢᠭᠤᠯᠰᠤᠨ ᠡᠷᠭᠦᠮᠵᠢᠯᠡᠬᠦ᠌ ᠵᠠᠷᠯᠠᠯ᠎ᠢ ᠠᠪᠴᠤ᠌ ᠪᠠᠷᠠᠭᠤᠨ ᠴᠢ ᠤᠯᠤᠰ ᠲᠠᠭᠠᠨ ᠬᠠᠷᠢᠵᠦ᠍ ᠂ ᠴᠡᠷᠢᠭ ᠡᠯᠰᠡᠨ ᠶᠢᠨ ᠱᠧᠤ᠎ᠶ᠋ᠢ ᠡᠰᠡᠷᠭᠦᠴᠡᠪᠡ᠃ ᠶᠢᠨ ᠱᠧᠤ ᠪᠠᠷᠠᠭᠤᠨ ᠴᠢᠶ᠋ᠢ ᠲᠠᠢᠯᠠᠵᠤ᠂ ᠰᠠᠬᠢᠭᠤᠯᠰᠤᠨ ᠡᠷᠭᠦᠮᠵᠢᠯᠡᠬᠦ᠌ ᠵᠠᠷᠯᠠᠯ᠎ᠢ ᠣᠯᠬᠤ᠎ᠶ᠋ᠢᠨ ᠲᠥᠯᠥᠭᠡ ᠸᠧᠨ ᠲᠠᠢᠱ᠌ᠢ᠎ᠶ᠋ᠢ ᠲᠣᠮᠢᠯᠠᠵᠤ ᠪᠠᠷᠠᠭᠤᠨ ᠴᠢ᠎ᠲᠠᠢ ᠪᠠᠢᠯᠳᠤᠭᠠᠨ ᠬᠢᠭ᠌ᠰᠡᠨ ᠦᠢᠯᠡ ᠶᠠᠪᠤᠳᠠᠯ᠎ᠢ ᠬᠦᠦᠷᠨᠢᠭ᠌ᠰᠡᠨ ᠪᠠᠢᠨ᠎ᠠ᠃
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠣ᠋᠎ᠶ᠋ᠢᠨ ᠤᠳᠤᠷᠢᠳᠤᠭᠠᠴᠢ ᠪᠣᠯ ᠦᠪᠦᠷ ᠮᠤᠩᠭᠤᠯ᠎ᠤᠨ ᠨᠡᠷᠡᠳᠤ ᠤᠳᠤᠷᠢᠳᠤᠭᠠᠴᠢ ᠤᠷᠤᠭ᠍ᠰᠢ ᠪᠣᠯᠣᠨ᠎ᠠ᠃ ᠲᠡᠷᠡ ᠪᠡᠷ 1972 ᠤᠨ᠎ᠳᠤ ᠬᠦᠬᠡᠬᠤᠳᠠ᠎ᠳᠤ ᠲᠦᠷᠤᠵᠠᠢ᠃ ᠤᠷᠢᠳ ᠬᠤᠵᠢᠳ ᠲᠦᠪ᠎ᠤᠨ ᠤᠷᠠᠨ ᠵᠢᠷᠤᠭ᠎ᠤᠨ ᠲᠡᠭᠡᠳᠤ ᠰᠤᠷᠭᠠᠭᠤᠯᠢ ᠪᠡ ᠪᠡᠭᠡᠵᠢᠡᠭ᠎ᠤᠨ ᠺᠢᠨᠤ᠋ ᠵᠢᠨ ᠲᠡᠭᠡᠳᠤ ᠰᠤᠷᠭᠠᠭᠤᠯᠢ ᠵᠢᠨ ᠤᠳᠤᠷᠢᠳᠤᠭᠠᠴᠢ ᠵᠢᠨ ᠰᠠᠯᠪᠤᠷᠢ ᠳᠤ ᠰᠤᠷᠤᠯᠴᠠᠵᠤ ᠦᠡᠭᠭᠡᠷᠡᠪᠡ᠃ 2004 ᠤᠨ᠎ᠳᠤ ᠪᠡᠶ᠎ᠠ ᠪᠡᠨ ᠲᠠᠭᠠᠭᠠᠨ ᠤᠳᠤᠷᠢᠳᠤᠭᠠᠬᠰᠠᠨ 《ᠰᠠᠪᠤᠡᠭ ᠵᠦᠴᠤᠭᠡ》 ᠬᠡᠬᠦ ᠺᠢᠨᠤ᠋ ᠪᠡᠷ ᠵᠢᠡᠨ ᠺᠤᠷᠢᠶᠠ ᠵᠢᠨ ᠤᠯᠠᠨ ᠤᠯᠤᠰ᠎ᠤᠨ ᠺᠢᠨᠤ᠋ ᠵᠢᠨ ᠨᠠᠢᠷ ᠲᠸ᠋ ᠤᠷᠤᠯᠴᠠᠵᠤ᠂ ᠤᠯᠠᠨ ᠤᠯᠤᠰ᠎ᠤᠨ ᠺᠢᠨᠤ᠋ ᠰᠢᠬᠦᠮᠵᠢᠯᠡᠭᠴᠢ ᠵᠢᠨ ᠱᠠᠡᠭᠨᠠᠯᠢ ᠲᠤᠰᠪᠠ; 2011 ᠤᠨ᠎ᠳᠤ ᠵᠢᠷᠤᠮᠳᠤ ᠪᠠᠭᠠᠳᠤᠷ᠎ᠤᠨ ᠱᠤᠭ ᠵᠦᠴᠤᠭᠡ 《ᠬᠤᠷᠤᠢᠯᠠᠬᠰᠠᠨ ᠰᠠᠯᠠᠮ᠎ᠠ》 ᠬᠡᠳᠡᠭ ᠺᠢᠨᠤ᠋ ᠵᠢ ᠤᠳᠤᠷᠢᠳᠤᠭᠠᠵᠤ᠂ ᠲᠦᠴᠢᠨ ᠨᠢ᠋ᠮᠠᠳᠤᠭᠠᠷ ᠬᠤᠭᠤᠴᠠᠭᠠᠨ᠎ᠤ ᠲᠠᠢᠸᠠᠨ᠎ᠤ ᠺᠢᠨᠤ᠋ ᠵᠢᠨ ᠠᠯᠳᠠᠨ ᠮᠤᠷᠢᠨ ᠱᠠᠡᠭᠨᠠᠯ᠎ᠤᠨ ᠬᠠᠮᠤᠭ᠎ᠤᠨ ᠰᠢᠯᠢᠳᠡᠭ ᠰᠢᠨ᠎ᠠ ᠤᠳᠤᠷᠢᠳᠤᠭᠠᠴᠢ ᠵᠢᠨ ᠱᠠᠡᠭᠨᠠᠯᠢ ᠬᠦᠷᠳᠡᠵᠠᠢ; 2012 ᠤᠨ᠎ᠳᠤ ᠲᠡᠬᠦᠨ᠎ᠤ ᠬᠦᠢᠴᠡᠳᠭᠡᠨ ᠤᠳᠤᠷᠢᠳᠤᠭᠠᠬᠰᠠᠨ 《ᠬᠠᠭᠤᠷᠮᠠᠭ ᠪᠠᠬ 2 》 ᠺᠢᠨᠤ᠋ ᠨᠢ ᠬᠤᠷᠢᠳᠤᠭᠠᠷ ᠬᠤᠭᠤᠴᠠᠭᠠᠨ᠎ᠤ ᠪᠡᠭᠡᠵᠢᠡᠭ᠎ᠤᠨ ᠤᠶᠤᠳᠠᠳ᠎ᠤᠨ ᠺᠢᠨᠤ᠋ ᠵᠢᠨ ᠨᠠᠢᠷ ᠲᠡᠭᠡᠷ᠎ᠠ ᠬᠠᠮᠤᠭ᠎ᠤᠨ ᠰᠢᠯᠢᠳᠡᠭ ᠰᠤᠨᠢᠷᠬᠠᠯ ᠤᠨ ᠦᠷ᠎ᠠ ᠪᠦᠳᠤᠮᠵᠢ ᠵᠢᠨ ᠱᠠᠡᠭᠨᠠᠯ ᠵᠢᠡᠷ ᠮᠢᠯᠢᠶᠠᠯᠭᠠᠪᠠ᠃ ᠨᠡᠡᠭ ᠴᠸ᠋ ᠦᠢᠷ᠎ᠠ ᠵᠢᠨ ᠵᠢᠯ᠎ᠳᠤ ᠤᠳᠤᠷᠢᠳᠤᠭᠠᠬᠰᠠᠨ 《ᠰᠠᠬᠢᠭᠤᠯᠰᠤᠨ ᠡᠷᠭᠦᠮᠵᠢᠯᠡᠭ᠌ᠰᠡᠨ ᠨᠢᠭᠡᠳᠦᠭᠡᠷ ᠪᠦᠯᠦᠭ ᠄ ᠴᠤᠤ ᠭᠧ ᠵᠢᠨ ᠦᠢᠮᠡᠭᠡᠨ》 ᠬᠡᠬᠦ ᠺᠢᠨ᠋ᠤ᠋ ᠨᠢ 《ᠭᠤᠴᠢᠨ ᠵᠢᠷᠭᠤᠳᠤᠭᠠᠷ ᠬᠤᠭᠤᠴᠠᠭᠠᠨ᠎ᠤ ᠲᠤᠮᠳᠠᠳᠤ ᠤᠯᠤᠰ᠎ᠤᠨ ᠺᠢᠨᠤ᠋ ᠵᠢᠨ ᠠᠯᠳᠠᠨ ᠲᠠᠬᠢᠶ᠎ᠠ ᠱᠠᠡᠭᠨᠠᠯ》᠎ᠤ᠋ᠨ ᠬᠠᠮᠤᠭ᠎ᠤᠨ ᠰᠢᠯᠢᠳᠡᠭ ᠦᠯᠢᠭᠡᠷᠳᠤ ᠺᠢᠨᠤ᠋᠂ ᠬᠠᠮᠤᠭ᠎ᠤᠨ ᠰᠢᠯᠢᠳᠡᠭ ᠡᠷᠡᠭᠳᠡᠢ ᠲᠤᠰᠠᠯᠠᠬᠤ ᠲᠦᠷᠢ᠂ ᠬᠠᠮᠤᠭ᠎ᠤᠨ ᠰᠢᠯᠢᠳᠡᠭ ᠵᠢᠷᠤᠬᠯᠠᠭᠠᠴᠢ ᠵᠡᠷᠭᠡ ᠭᠤᠷᠪᠡᠨ ᠲᠤᠮᠤ ᠱᠠᠡᠭᠨᠠᠯᠢ ᠬᠦᠷᠳᠡᠭᠰᠡᠨ ᠵᠢᠡᠷ ᠪᠠᠷᠠᠬᠤ ᠦᠬᠡᠢ ᠤᠰᠺᠠᠷ᠎ᠤᠨ 《ᠬᠠᠮᠤᠭ᠎ᠤᠨ ᠰᠢᠯᠢᠳᠡᠭ ᠺᠢᠨᠤ᠋》 ᠵᠢᠨ ᠬᠢᠷᠢ ᠬᠡᠮ᠎ᠤᠨ ᠨᠠᠷᠠᠰ ᠲᠸ᠋ ᠤᠷᠤᠵᠠᠢ᠃ ᠤᠷᠤᠭ᠍ᠰᠢ 2023 ᠣᠨ᠎ᠳᠤ ᠪᠡᠭᠡᠵᠢᠩ ᠶᠡᠭᠡ ᠰᠤᠷᠭᠠᠭᠤᠯᠢ᠎ᠶ᠋ᠢᠨ ᠤᠷᠠᠯᠢᠭ ᠬᠢᠭᠡᠳ ᠤᠯᠠᠮᠵᠢᠯᠠᠯ᠎ᠤᠨ ᠤᠬᠠᠭᠠᠨ᠎ᠤ ᠳ᠋ᠣᠺᠲ᠋ᠣᠷᠠᠨᠲ ᠯᠢ ᡁᠢ ᠢ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠬᠦ᠎ᠳᠡᠭᠡᠨ᠄《ᠪᠢ ᠺᠢᠨᠣ᠋᠎ᠶ᠋ᠢᠨ ᠦᠢᠯᠡᠰ᠎ᠢ ᠠᠩᠬᠠᠯᠠᠨ ᠬᠢᠬᠦ᠌᠎ᠳᠤ ᠥᠪᠡᠷᠲᠡᠭᠡᠨ ᠭᠤᠷᠪᠠᠨ ᠠᠵᠢᠯ᠎ᠤᠨ ᠲᠥᠯᠥᠪᠯᠡᠭᠡ ᠲᠤᠭ᠍ᠳᠠᠭᠠᠭ᠍ᠰᠠᠨ ᠶᠤᠮ᠂ ᠲᠠᠷᠤᠢ ᠬᠡᠢ ᠬᠦᠰᠡᠯ᠎ᠤᠨ ᠺᠢᠨᠣ᠋᠂ ᠲᠤᠯᠤᠯᠳᠤᠭᠠᠨ᠎ᠳᠤ ᠺᠢᠨᠣ᠋᠂ ᠲᠤᠤᠯᠢᠰᠯᠢᠭ ᠺᠢᠨᠣ᠋᠎ᠶ᠋ᠢ ᠦᠢᠯᠡᠳᠤᠨ᠎ᠠ》 ᠭᠡᠵᠦ᠍ ᠶᠠᠷᠢᠵᠤ ᠪᠠᠢᠯ᠎ᠠ᠃
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠤ᠋᠎ᠶ᠋ᠢ ᠦᠵᠡᠬᠦ᠌᠎ᠲᠠᠢ ᠵᠡᠷᠭᠡ 《ᠸᠠ᠂ ᠶᠠᠮᠠᠷ ᠦᠷᠨᠢᠬᠦᠨ ᠰᠦᠷᠯᠢᠬᠦᠨ ᠪᠣᠢ!》 ᠭᠡᠵᠦ᠍ ᠥᠪᠡᠷ᠎ᠤᠨ ᠡᠷᠬᠡ ᠦᠭᠡᠢ ᠲᠠᠭᠦᠨ᠎ᠤ ᠦᠢᠯᠡ ᠶᠠᠪᠤᠳᠠᠯ᠎ᠤᠨ ᠡᠰᠭᠡᠯᠳᠡ᠂ ᠦᠩᠭᠡ ᠪᠣᠳᠤᠭ ᠱᠢᠢᠳᠪᠦᠷᠢᠯᠡᠯᠳᠡ᠂ ᠲᠠᠭᠤᠤ ᠬᠥᠭ᠌ᠵᠢᠮ᠎ᠤᠨ ᠲᠣᠬᠢᠷᠠᠭᠤᠯᠤᠯᠳᠡ ᠁ ᠵᠡᠷᠭᠡ ᠨᠠᠷᠢᠯᠢᠭ ᠵᠦᠢᠯᠡᠰ ᠲᠸ᠋ᠰᠡᠳᠭᠢᠯ ᠬᠥᠭ᠌ᠰᠡᠨᠡ᠃ ᠲᠤᠰ ᠺᠢᠨᠤ᠋᠎ᠨᠢ ᠭᠤᠷᠪᠠᠨ ᠮᠢᠩᠭᠠᠨ ᠵᠢᠯ᠎ᠤᠨ ᠡᠮᠦᠨᠡᠬᠢ ᠶᠢᠨ ᠱᠠᠩ᠎ᠤᠨ ᠦᠶ᠎ᠡ᠎ᠶ᠋ᠢᠨ ᠪᠣᠯᠪᠠᠰᠤᠨ᠎ᠢᠶᠠᠷ ᠭᠤᠸ᠎ᠠ ᠵᠦᠢ᠎ᠶ᠋ᠢᠨ ᠡᠭᠦᠰᠦᠯ ᠪᠣᠯᠭᠠᠵᠤ᠂ ᠡᠷᠳᠡᠨ᠎ᠤ ᠲᠤᠮᠳᠠᠳᠤ᠎ᠶ᠋ᠢᠨ ᠰᠣᠶᠣᠯ᠎ᠤᠨ ᠵᠣᠷᠢᠭ ᠰᠠᠨᠠᠭ᠎ᠠ᠎ᠶ᠋ᠢ ᠣᠳᠣ ᠦᠶ᠎ᠡ᠎ᠶ᠋ᠢᠨ ᠬᠠᠮᠤᠭ᠎ᠤᠨ ᠬᠥᠭ᠌ᠵᠢᠭ᠌ᠰᠡᠨ ᠺᠢᠨᠣ᠋ ᠦᠢᠯᠡᠳᠪᠦᠷᠢ᠎ᠶ᠋ᠢᠨ ᠮᠡᠷᠭᠡᠵᠢᠯ᠎ᠯᠦᠭᠡ ᠤᠶᠠᠯᠳᠤᠭᠤᠯᠵᠤ ᠢᠳᠡᠷᠡᠭᠦᠨ ᠵᠢᠪᠬᠤᠭᠠᠯᠢᠭ᠂ ᠰᠦᠷ ᠲᠠᠯᠠᠢᠴᠡᠳᠡᠢ᠂ ᠲᠥᠪ ᠶᠡᠬᠡᠮᠰᠦᠭ ᠲᠦᠷᠦᠨᠠᠳᠠᠬᠢᠨᠤ ᠦᠩᠭᠡ ᠪᠣᠳᠤᠭ ᠪᠦᠬᠦᠢ ᠲᠤᠤᠯᠢᠰᠯᠢᠭ ᠭᠤᠸ᠎ᠠ ᠰᠠᠢᠬᠠᠨ᠎ᠢ ᠢᠯᠡᠷᠡᠬᠦᠯᠦᠭᠰᠡᠨ᠎ᠳᠤ ᠤᠷᠤᠱᠢᠨᠡ᠃
ᠲᠦᠷᠢ ᠲᠥᠷᠬᠦ᠌᠎ᠶ᠋ᠢᠨ ᠢᠳᠡᠷᠡᠭᠦᠨ ᠵᠢᠪᠬᠤᠭᠠᠯᠢᠭ ᠭᠤᠸ᠎ᠠ ᠰᠠᠢᠬᠠᠨ᠎ᠤ ᠢᠯᠡᠷᠡᠬᠦᠯᠤᠯ
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤᠨ ᠨᠢᠭᠡᠳᠦᠭᠡᠷ ᠪᠦᠯᠦᠭ᠄ ᠴᠤᠤ ᠭᠧᠵᠢᠨ ᠦᠢᠮᠡᠭᠡᠨ》 ᠺᠢᠨᠤ᠋ ᠳ᠋ᠤ᠂ ᠱᠠᠩ ᠸᠠᠩ ᠶᠢᠨ ᠱᠸᠤ ᠵᠶ᠋ᠢ ᠵᠸᠦ᠍ᠶ᠋ᠢᠨ ᠡᠵᠡᠨ ᠰᠦ᠍ ᠬᠤ᠌ᠶ᠋ᠢ ᠢᠯᠠᠭ᠍ᠰᠠᠨᠢ ᠪᠡᠯᠭᠡᠯᠡᠬᠦ᠌ ᠨᠠᠢᠷ᠎ᠲᠤ᠂ 《ᠪᠠᠷᠢᠴᠠᠭᠠᠨ᠎ᠤ ᠬᠥᠪᠡᠭᠦᠳ》 (ᠫᠷᠤᠲ᠋ᠤᠨ) ᠱᠠᠩ ᠸᠠᠩ ᠶᠢᠨ ᠱᠧᠤ ᠲᠡᠭᠡᠷ᠎ᠡ᠎ᠪᠠᠨ ᠨᠢᠴᠦᠬᠦᠨ ᠴᠤᠭ ᠲᠡᠭᠦᠯᠳᠡᠷ᠎ᠢᠶᠠᠷ 《ᠰᠤᠶᠤᠭ᠎ᠠ᠎ᠳᠤ ᠵᠡᠪᠰᠡᠭ᠎ᠤᠨ ᠪᠥᠵᠢᠭ》 ᠡᠷᠭᠦᠵᠡᠢ᠃ ᠡᠭᠦᠨ᠎ᠢᠶᠠᠷ ᠲᠠᠮᠵᠢᠵᠤ ᠡᠷᠳᠡᠨ᠎ᠤ ᠦᠶ᠎ᠡ᠎ᠶ᠋ᠢᠨ ᠪᠣᠷᠣᠭ᠍ᠵᠢᠭᠤᠨ ᠠᠮᠢᠵᠢᠷᠠᠯ᠎ᠤ᠋ᠨ ᠪᠠᠢᠳᠠᠯ᠎ᠢ ᠬᠠᠷᠠᠭᠤᠯᠤᠭ᠍ᠰᠠᠨ ᠮᠦᠷᠳᠡᠭᠡᠨ ᠡᠷ᠎ᠠ ᠬᠥᠮᠥᠨ᠎ᠤ ᠤᠮᠤᠭ᠍ᠯᠠᠩ ᠰᠦᠷᠯᠢᠭ᠂ ᠢᠳᠡᠷᠡᠭᠦᠨ ᠵᠢᠪᠬᠤᠭᠠᠯᠢᠭ ᠭᠠᠯᠪᠢᠷ ᠲᠥᠷᠬᠦ᠌᠎ᠶ᠋ᠢᠨ ᠭᠤᠸ᠎ᠠ ᠰᠠᠢᠬᠠᠨ᠎ᠢ ᠦᠵᠡᠭᠦᠯᠪᠡ᠃ ᠭᠠᠯᠪᠢᠷ᠎ᠤᠨ ᠭᠤᠸ᠎ᠠ ᠵᠦᠢ᠎ᠳᠤ ᠪᠡᠶ᠎ᠡ ᠪᠢᠯᠳᠡᠷ ᠬᠢᠭᠡᠳ ᠨᠢᠴᠦᠬᠦᠨ ᠪᠡᠶ᠎ᠡ ᠪᠣᠯ ᠠᠳᠠᠯᠢᠬᠠᠨ ᠠᠭᠤᠯᠬᠤᠨ᠎ᠲᠠᠢ᠂ ᠪᠦᠷ ᠨᠢᠭᠡ ᠵᠦᠢᠯ᠎ᠤᠨ ᠭᠤᠸ᠎ᠠ ᠲᠠᠭᠠᠱᠢᠶᠠᠬᠤᠢᠶ᠋ᠢᠨ ᠪᠤᠰᠤᠳᠴᠢ ᠴᠣᠭ᠍ᠴᠠ ᠪᠣᠯᠣᠨ ᠰᠡᠷᠡᠯᠯᠢᠭ ᠬᠥᠳᠡᠯᠭᠡᠭᠡᠨ᠎ᠤ ᠭᠠᠳᠠᠭᠠᠳᠤ᠎ᠶ᠋ᠢᠨ ᠭᠤᠸ᠎ᠠ ᠰᠠᠢᠬᠠᠨ᠂ ᠲᠠᠷᠤᠢ ᠪᠠᠶ᠎ᠠ ᠪᠢᠯᠳᠡᠷ᠎ᠤᠨ ᠬᠠᠷᠠᠭᠠᠨ ᠰᠡᠷᠡᠯ᠎ᠳᠠᠬᠢ ᠦᠷ᠎ᠡ ᠨᠥᠯᠥᠭᠡ ᠪᠢᠯᠡ᠃ ᠲᠤᠰ ᠺᠢᠨᠤ᠋ᠳ᠋ᠤ 《ᠪᠠᠷᠢᠴᠠᠭᠠᠨ᠎ᠤ ᠬᠥᠪᠡᠭᠦᠳ》 ᠪᠣᠯ ᠬᠦᠴᠦᠨ ᠴᠢᠳᠠᠯ᠎ᠤᠨ ᠪᠡᠯᠭᠡ ᠲᠡᠮᠳᠡᠭ ᠶᠤᠮ᠂ ᠲᠠᠳᠡ ᠬᠡᠭᠡᠨᠴᠢᠷ ᠸᠠᠩ᠎ᠤᠨ ᠣᠷᠳᠣᠨ᠎ᠳᠤ ᠬᠦᠳᠡᠷ ᠴᠢᠬᠢᠷᠠᠭ ᠪᠠᠶ᠎ᠠ ᠪᠢᠯᠳᠠᠷ ᠵᠢᠡᠷ ᠢᠯᠡᠷᠡᠵᠤ᠂ ᠬᠦᠴᠦᠳᠦ ᠠᠯᠬᠤᠮ᠂ ᠢᠳᠡᠷᠡᠭᠦᠨ ᠬᠥᠳᠡᠯᠦᠯ᠂ ᠴᠤᠭ᠎ᠲᠠᠢ ᠬᠠᠷᠠᠴᠠ᠎ᠪᠠᠷ ᠦᠰᠦᠷᠦᠨ ᠪᠥᠵᠢᠭ᠌ᠯᠡᠵᠦ᠍ ᠡᠷᠳᠡᠨ᠎ᠤ ᠦᠶ᠎ᠡ᠎ᠶ᠋ᠢᠨ ᠭᠠᠯᠪᠢᠷ᠎ᠤᠨ ᠭᠤᠸ᠎ᠠ᠎ᠶ᠋ᠢ ᠲᠣᠳᠣᠷᠠᠭᠤᠯᠤᠨ᠂ ᠦᠵᠡᠭᠴᠢᠳ᠎ᠤᠨ ᠬᠠᠷᠠᠭ᠎ᠠ ᠵᠢ ᠪᠠᠶᠠᠰᠭᠠᠵᠠᠢ᠃
ᠤᠶᠠᠷᠠᠭᠤᠨ ᠵᠥᠭᠡᠯᠡᠨ ᠬᠢᠭᠡᠳ ᠬᠦᠴᠤ ᠴᠢᠳᠠᠯ᠎ᠨᠢ ᠲᠤᠮᠳᠠᠳᠤ ᠵᠢᠨ ᠡᠷᠳᠡᠨ᠎ᠤ ᠭᠤᠸ᠎ᠠ ᠵᠦᠢ᠎ᠳᠠᠬᠢ ᠴᠢᠬᠤᠯᠠ ᠬᠤᠶᠠᠷ ᠠᠢ ᠪᠠᠢᠵᠤ᠂ ᠡᠷᠡᠭ᠌ᠳᠡᠢᠴᠦᠳ ᠢᠳᠡᠷᠡᠭᠦᠨ ᠬᠦᠴᠦ᠍᠎ᠲᠠᠢ ᠭᠤᠸ᠎ᠠ ᠰᠠᠢᠬᠠᠨ᠎ᠢ ᠪᠦᠷᠢᠯᠳᠦᠭᠦᠯᠪᠡᠯ ᠵᠣᠬᠢᠨ᠎ᠠ ᠭᠡᠵᠦ᠍ ᠦᠵᠡᠳᠡᠭ᠃ ᠡᠢᠮᠦ᠍᠎ᠠᠴᠠ 《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ᠎ᠤᠨ ᠨᠢᠭᠡᠳᠦᠭᠡᠷ ᠪᠦᠯᠦᠭ᠄ ᠴᠤᠤ ᠭᠧ ᠵᠢᠨ ᠦᠢᠮᠡᠭᠡᠨ》ᠳ᠋ᠠᠬᠢ ᠲᠦᠷᠢ᠎ᠶ᠋ᠢᠨ ᠢᠳᠡᠷᠡᠭᠦᠨ ᠵᠢᠪᠬᠤᠭᠠᠯᠢᠭ ᠭᠤᠸ᠎ᠠ ᠰᠠᠢᠬᠠᠨ᠎ᠤ ᠢᠯᠡᠷᠡᠭᠦᠯᠦᠯ ᠪᠣᠯ ᠲᠤᠮᠳᠠᠳᠤ᠎ᠶ᠋ᠢᠨ ᠬᠥᠮᠥᠨ᠎ᠤ ᠴᠡᠭᠡᠵᠢᠯᠡᠪᠦᠷᠢ᠎ᠶ᠋ᠢᠨ ᠭᠦᠨᠳᠤ ᠪᠠᠢᠭ᠎ᠠ ᠡᠷᠳᠡᠨ᠎ᠤ ᠭᠤᠸ᠎ᠠ ᠲᠠᠭᠠᠱᠢᠶᠠᠬᠤᠢᠶ᠋ᠢᠨ ᠦᠵᠡᠯ᠎ᠳᠠᠬᠢ ᠤᠷᠢᠶ᠎ᠠ ᠬᠠᠰᠭᠢᠷᠤᠯ ᠶᠤᠮ᠃ ᠡᠨᠡ ᠬᠦ᠌ ᠢᠳᠡᠷᠡᠭᠦᠨ ᠵᠢᠪᠬᠤᠭᠠᠯᠢᠭ ᠭᠤᠸ᠎ᠠ ᠰᠠᠢᠬᠠᠨ᠎ᠨᠢ ᠡᠰᠡᠷᠬᠦ᠌ ᠲᠠᠯ᠎ᠠ᠎ᠶ᠋ᠢᠨ ᠲᠦᠷᠢ ᠶᠢᠨ ᠱᠧᠤ ᠵᠢᠨ ᠭᠠᠯᠪᠢᠷ ᠪᠠᠶ᠎ᠠ᠎ᠶ᠋ᠢᠨ ᠪᠦᠳᠦᠭᠡᠯᠲᠡ᠎ᠪᠠᠷ ᠴᠦ᠍ ᠢᠯᠡᠷᠡᠵᠡᠢ᠃ ᠲᠤᠬᠠᠢᠯᠠᠪᠠᠯ ᠺᠢᠨᠣ᠋᠎ᠳᠤ ᠶᠢᠨ ᠱᠧᠤ᠎ᠶ᠋ᠢᠨ ᠲᠦᠷᠢ᠎ᠶ᠋ᠢ ᠪᠦᠳᠦᠭᠡᠬᠦ᠌᠎ᠳᠤ ᠺᠢᠨᠣ᠋᠎ᠶ᠋ᠢᠨ ᠪᠦᠯᠭᠦᠮ᠎ᠨᠢ ᠰᠧ ᠮᠠ ᠴᠢᠶᠠᠨ᠎ᠤ 《ᠰᠤᠳᠤᠷ ᠲᠡᠮᠳᠡᠭ᠌ᠯᠡᠯ》ᠳ᠋ᠡᠬᠢ 《ᠪᠠᠶ᠎ᠠ ᠥᠨᠳᠥᠷ ᠭᠠᠯᠪᠢᠷ ᠰᠠᠢᠬᠠᠨ᠂ ᠢᠳᠡ ᠬᠦᠴᠦ᠍᠎ᠲᠠᠢ》 ᠭᠡᠳᠡᠭ ᠲᠡᠮᠳᠡᠭ᠌ᠯᠡᠯ᠎ᠢ ᠦᠨᠳᠦᠰᠦᠯᠡᠨ ᠪᠦᠳᠦᠭᠡᠭ᠌ᠰᠡᠨ ᠪᠠᠢᠨ᠎ᠠ᠃ ᠡᠨᠡ ᠬᠦ᠌ ᠲᠦᠷᠢ ᠲᠦᠷᠬᠦ ᠵᠢᠨ ᠭᠤᠸ᠎ᠠ ᠰᠠᠢᠬᠠᠨ᠎ᠤ ᠦᠷ᠎ᠡ ᠨᠥᠯᠥᠭᠡ᠎ᠶ᠋ᠢ ᠭᠠᠷᠭᠠᠬᠤ᠎ᠶ᠋ᠢᠨ ᠲᠥᠯᠥᠭᠡ᠂ ᠤᠷᠤᠭ᠍ᠰᠢᠨᠤ ᠪᠦᠯᠬᠦᠮ ᠨᠡᠢᠳᠡ᠎ᠨᠢ ᠲᠥᠪ ᠬᠢᠨᠠᠮᠠᠭᠠᠢ᠎ᠪᠠᠷ ᠵᠠᠯᠠᠭᠤ ᠲᠣᠭ᠍ᠯᠠᠭ᠍ᠴᠢᠳᠢ ᠱᠢᠯᠢᠨ ᠰᠤᠩᠭᠤᠵᠤ᠂ ᠵᠢᠷᠭᠤᠭᠠᠨ ᠰᠠᠷ᠎ᠠ᠎ᠶ᠋ᠢᠨ ᠰᠢᠷᠭᠠᠭᠤ ᠪᠣᠯᠪᠠᠰᠤᠷᠠᠯ ᠵᠢᠡᠷ᠂ ᠮᠣᠷᠢ ᠤᠨᠤᠬᠤ᠂ ᠬᠠᠷᠪᠤᠵᠤ ᠨᠠᠮᠨᠠᠬᠤ ᠵᠡᠷᠭᠡ ᠪᠡᠶ᠎ᠡ ᠵᠢᠨ ᠲᠠᠮᠢᠷ᠎ᠤᠨ ᠪᠣᠯᠪᠠᠰᠤᠷᠠᠯ᠎ᠠᠴᠠ ᠭᠠᠳᠠᠨ᠎ᠠ 《ᠱᠢᠯᠦᠭ᠌ᠯᠡᠯᠳᠦ ᠨᠣᠮ》᠂ ᠲᠡᠤᠬᠡ ᠰᠣᠶᠣᠯ᠎ᠤᠨ ᠬᠢᠴᠢᠶᠡᠯ ᠲᠣᠬᠢᠷᠠᠭᠤᠯᠵᠤ ᠲᠣᠭ᠍ᠯᠠᠭ᠍ᠴᠢᠳ᠎ᠲᠤ ᠡᠷᠳᠡᠨ᠎ᠤ ᠬᠥᠮᠥᠨ᠎ᠤ ᠴᠤᠭ ᠵᠢᠪᠬᠤᠭ᠎ᠠ ᠬᠢᠭᠡᠳ ᠵᠣᠷᠢᠭ ᠰᠠᠨᠠᠭ᠎ᠠ᠎ᠶ᠋ᠢ ᠮᠡᠳᠡᠷᠡᠭᠦᠯᠦᠭ᠌ᠰᠡᠨ ᠪᠠᠢᠨ᠎ᠠ᠃ ᠤᠳᠤᠬᠠᠨ᠎ᠤ ᠺᠢᠨᠤ᠋ ᠵᠢᠨ ᠵᠠᠬ᠎ᠠ ᠲᠡᠯᠭᠡᠬᠦᠷ ᠲᠡᠬᠢ ᠠᠷᠠᠯᠵᠢᠶᠠᠨ᠎ᠤ ᠦᠷ᠎ᠡ ᠠᠱᠢᠭ᠂ ᠲᠣᠣᠷ ᠰᠦᠯᠵᠢᠶᠡᠨ᠎ᠤ ᠬᠠᠯᠠᠮᠱᠢᠯ᠎ᠢ ᠬᠥᠭᠡᠭᠡᠴᠡᠯᠳᠦᠬᠦ᠌ ᠦᠷᠢᠰᠤᠯᠳᠤᠭᠡᠨ᠎ᠳᠤ᠂ ᠲᠤᠰ ᠪᠦᠯᠬᠦᠮ ᠨᠡᠢᠳᠡ ᠵᠢᠨ ᠡᠨᠡ ᠬᠦ᠌ ᠵᠣᠷᠢᠭ ᠰᠠᠨᠠᠭ᠎ᠠ᠎ᠨᠢ ᠬᠦᠨᠳᠦᠳᠭᠡᠭᠦᠱᠢᠳᠡᠢ᠂ ᠪᠢᠱᠢᠷᠡᠭᠦᠱᠢᠳᠡᠢ ᠮᠦᠷᠳᠡᠭᠡᠨ ᠰᠤᠷᠤᠯᠴᠠᠭᠤᠱᠢᠳᠡᠢ ᠶᠤᠮ᠃ ᠡᠨᠡ ᠨᠢ ᠮᠥᠨ ᠴᠦ᠍ ᠲᠣᠰ ᠺᠢᠨᠣ᠋᠎ᠶ᠋ᠢᠨ ᠮᠠᠨ᠎ᠤ ᠤᠯᠤᠰ᠎ᠤᠨ ᠪᠤᠰᠤᠳ ᠺᠢᠨᠣ᠋᠎ᠠᠴᠠ ᠢᠯᠭᠠᠭ᠍ᠳᠠᠬᠤ ᠭᠠᠯᠪᠢᠷ᠎ᠤᠨ ᠣᠢᠯᠠᠭᠠᠭ᠍ᠳᠠᠬᠤᠨ ᠮᠦᠷᠳᠡᠭᠡᠨ ᠠᠮᠢ ᠨᠠᠰᠤᠨ᠎ᠤ ᠤᠬᠠᠮᠰᠠᠷ ᠪᠢᠯᠡ᠃
ᠣᠷᠣᠨ ᠵᠠᠢ ᠪᠡ ᠬᠥᠭ᠌ᠵᠢᠮ᠎ᠤᠨ ᠨᠠᠢᠷᠠᠭᠤᠯᠭ᠎ᠠ᠎ᠶ᠋ᠢᠨ ᠰᠦᠷ ᠲᠠᠯᠠᠢᠴᠡᠳᠡᠢ ᠭᠤᠸ᠎ᠠ ᠰᠠᠢᠬᠠᠨ᠎ᠤ ᠲᠤᠬᠢᠷᠠᠭᠤᠯᠤᠯ
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠤ᠋ ᠨᠢ ᠲᠤᠤᠯᠢᠯᠢᠭ ᠮᠡᠳᠡᠷᠡᠮᠵᠢ ᠪᠦᠬᠦᠢ ᠣᠷᠣᠨ ᠵᠠᠢ᠎ᠶ᠋ᠢ ᠴᠣᠭ᠍ᠴᠠᠯᠠᠵᠤ᠂ ᠦᠵᠡᠭ᠌ᠴᠢᠳ᠎ᠲᠤ ᠰᠦᠷ ᠲᠠᠯᠠᠢᠴᠡᠳᠡᠢ ᠭᠤᠸ᠎ᠠ ᠰᠠᠢᠬᠠᠨ᠎ᠤ ᠰᠡᠷᠡᠭ᠌ᠳᠡᠯ ᠣᠯᠭᠤᠨ᠎ᠠ᠃ ᠲᠠᠷᠤᠢ ᠺᠢᠨᠣ᠋ ᠪᠦᠳᠦᠭᠡᠯᠭᠡ᠎ᠶ᠋ᠢᠨ ᠣᠷᠣᠨ ᠵᠠᠢ᠂ ᠬᠥᠭ᠌ᠵᠢᠮ ᠨᠠᠢᠷᠠᠭᠤᠯᠭ᠎ᠠ ᠵᠢᠴᠢ ᠮᠤ᠌ ᠤᠪᠤᠭ᠍ᠳᠤ᠎ᠶ᠋ᠢᠨ ᠲᠦᠷᠪᠡᠨ ᠵᠠᠩᠵᠤᠨ ᠵᠡᠷᠭᠡ ᠲᠣᠮᠤᠭ᠎ᠤᠨ ᠲᠦᠷᠢ᠎ᠶ᠋ᠢᠨ ᠦᠰᠦᠳᠴᠢᠯᠡᠯᠠᠴᠠ ᠪᠦᠷᠢᠳᠦᠭ᠌ᠰᠡᠨ ᠬᠠᠷᠠᠭᠠᠨ᠎ᠤ ᠬᠢᠭᠡᠳ ᠰᠣᠨᠣᠷ᠎ᠤᠨ ᠰᠡᠷᠡᠯ᠎ᠢᠶᠠᠷ ᠬᠦᠯᠢᠶᠡᠨ ᠠᠪᠤᠭ᠍ᠰᠠᠨ ᠰᠡᠷᠡᠭ᠌ᠳᠡᠯ᠃ ᠺᠢᠨᠣ᠋᠎ᠳᠤ ᠮᠠᠰᠢ ᠤᠯᠠᠨ ᠲᠥᠯᠥᠭᠡᠯᠡᠭ᠌ᠴᠢ ᠴᠢᠨᠠᠷᠲᠠᠢ ᠸᠠᠩ᠎ᠤ᠋ᠨ ᠣᠷᠳᠣᠨ᠂ ᠰᠠᠬᠢᠭᠤᠯᠰᠤᠨ᠎ᠤ ᠣᠷᠣᠨ᠂ ᠡᠷᠳᠡᠨ᠎ᠤ ᠪᠠᠢᠭᠠᠯᠢ᠎ᠶ᠋ᠢᠨ ᠦᠡᠭᠭᠡ ᠦᠵᠡᠮᠵᠢ ᠵᠡᠷᠭᠡ ᠣᠷᠣᠨ ᠵᠠᠢ ᠲᠡᠯᠭᠡᠭ᠌ᠳᠡᠳᠡᠭ᠃ ᠴᠤᠤ ᠭᠧ ᠬᠤᠳᠠ ᠱᠠᠩ᠎ᠤᠨ ᠵᠢᠭᠦᠷ ᠬᠡᠮᠡᠷ ᠯᠤᠳᠤ ᠶᠡᠭᠡ ᠪᠠᠢᠵᠤ᠂ ᠴᠢᠯᠠᠭᠤᠨ ᠬᠡᠷᠡᠮ᠂ ᠤᠷᠳᠤ ᠬᠠᠷᠰᠢ᠂ ᠠᠭᠤᠳᠠᠮ ᠲᠠᠯᠠᠪᠠᠢ ᠬᠢᠭᠡᠳ ᠰᠦᠮ᠎ᠡ ᠬᠡᠢᠳ ᠵᠡᠷᠭᠡ᠎ᠨᠢ ᠶᠡᠷᠦᠩᠬᠡᠢ᠎ᠳᠡᠭᠡᠨ ᠬᠡᠬᠡᠨᠴᠢᠷ ᠰᠠᠢᠬᠠᠨ᠂ ᠰᠦᠷ ᠬᠦᠴᠦᠨ᠎ᠲᠠᠢ ᠪᠦᠭᠡᠳ ᠰᠦᠷ ᠲᠠᠯᠠᠢᠴᠡᠳᠡᠢ ᠰᠡᠷᠡᠭ᠌ᠳᠡᠯ ᠣᠯᠭᠤᠨ᠎ᠠ᠃ ᠰᠦᠷ ᠲᠠᠯᠠᠢᠴᠡᠳᠡᠢ ᠭᠡᠳᠡᠭ᠎ᠨᠢ ᠣᠷᠣᠨ ᠵᠠᠢ᠎ᠶ᠋ᠢᠨ ᠥᠷᠭᠡᠨ ᠠᠭᠤᠳᠠᠮ᠎ᠠᠴᠠ ᠰᠡᠷᠡᠭ᠌ᠳᠡᠳᠡᠭ ᠪᠦᠭᠡᠳ ᠣᠷᠣᠨ ᠵᠠᠢ᠎ᠳᠤ ᠬᠡᠷᠡᠭ᠌ᠯᠡᠭ᠌ᠰᠡᠨ ᠦᠩᠭᠡ ᠪᠣᠳᠤᠭᠤᠨ ᠲᠣᠬᠢᠷᠠᠭᠤᠯᠤᠯ᠎ᠢᠶᠠᠷ ᠴᠦ᠍ ᠢᠯᠡᠷᠡᠳᠡᠭ᠂ ᠨᠢᠭᠡ ᠵᠦᠢᠯ᠎ᠤᠨ ᠶᠡᠷᠦᠩᠬᠡᠢ ᠡᠯᠧᠮᠧᠨ᠋ᠲ᠎ᠠᠴᠠ ᠣᠯᠭᠤᠬᠤ ᠭᠤᠸ᠎ᠠ ᠰᠠᠢᠬᠠᠨ ᠪᠣᠯᠬᠤ ᠶᠤᠮ᠃ ᠪ·ᠪᠦᠷᠢᠨᠪᠠᠬᠢ᠎ᠪᠠᠷ ᠪᠠᠭᠠᠳᠤᠷᠯᠢᠭ ᠲᠤᠤᠯᠢ᠎ᠶ᠋ᠢᠨ ᠰᠤᠳᠤᠯᠭᠠᠨ᠎ᠳᠤ 《ᠰᠤᠯᠠ᠂ ᠵᠥᠭᠡᠯᠡᠨ᠂ ᠡᠶᠡᠯᠳᠡᠭ ᠦᠩᠭᠡ ᠲᠤᠤᠯᠢᠰ᠎ᠤᠨ ᠪᠠᠭᠠᠳᠤᠷᠯᠢᠭ ᠠᠶᠠᠰ ᠪᠣᠯᠣᠨ ᠰᠦᠷᠯᠢᠭ ᠵᠢᠪᠬᠤᠭ᠎ᠠ᠎ᠶ᠋ᠢ ᠢᠯᠡᠷᠡᠭᠦᠯᠦᠨ ᠦᠯᠦ᠍ ᠴᠢᠳᠠᠬᠤ ᠲᠤᠯᠠ ᠬᠤᠷᠴᠠ᠂ ᠬᠠᠳᠠᠭᠤ᠂ ᠬᠠᠷᠱᠢᠯᠳᠤᠩᠭᠤᠢ ᠦᠩᠭᠡ᠎ᠶ᠋ᠢ ᠴᠢᠬᠤᠯᠠᠴᠢᠯᠠᠳᠠᠭ》 ᠭᠡᠵᠦ᠍ ᠲᠤᠷᠠᠳᠤᠭ᠍ᠰᠠᠨ ᠱᠢᠭ᠋ ᠴᠤᠤ ᠭᠧ ᠬᠤᠳᠠ᠎ᠨᠢ ᠬᠠᠷ᠎ᠠ ᠪᠣᠷᠣ᠂ ᠴᠠᠭᠠᠨ᠂ ᠠᠯᠳᠠᠨ ᠱᠢᠷ᠎ᠡ ᠦᠩᠭᠡ᠎ᠪᠠᠷ ᠪᠦᠳᠦᠭᠡᠭ᠌ᠳᠡᠵᠡᠢ᠃ ᠪᠠᠭᠠᠳᠤᠷᠯᠢᠭ ᠲᠤᠤᠯᠢ᠎ᠶ᠋ᠢᠨ ᠦᠩᠭᠡ ᠪᠣᠳᠤᠭ ᠱᠢᠨᠵᠢᠯᠡᠯᠢ ᠦᠨᠳᠦᠰᠦᠯᠡᠪᠡᠯ᠂ ᠬᠠᠷ᠎ᠠ ᠪᠣᠷᠣ ᠦᠩᠭᠡ ᠪᠣᠯ 《ᠲᠤᠭ᠍ᠰᠢᠳᠤᠨ ᠦᠩᠭᠡ》᠂ ᠴᠠᠭᠠᠨ ᠪᠣᠯ ᠠᠷᠢᠭᠤᠨ ᠲᠠᠷᠬᠠᠨ᠎ᠤ ᠪᠡᠯᠭᠡᠳᠡᠯ᠂ ᠠᠯᠳᠠᠨ ᠱᠢᠷ᠎ᠡ ᠦᠩᠭᠡ ᠪᠣᠯ ᠡᠷᠬᠡ ᠰᠦᠷᠤᠨ ᠲᠡᠮᠳᠡᠭ ᠪᠢᠯᠡ᠃
ᠬᠥᠭ᠌ᠵᠢᠮ᠎ᠤᠨ ᠨᠠᠢᠷᠠᠭᠤᠯᠭ᠎ᠠ᠎ᠶ᠋ᠢᠨ ᠲᠠᠯ᠎ᠠ᠎ᠪᠠᠷ᠂ ᠲᠣᠰ ᠺᠢᠨᠣ᠋᠎ᠳᠤ ᠸᠠᠭ᠌ᠨ᠋ᠸᠷᠤᠨ ᠲᠠᠭᠤᠯᠠᠯᠳᠤ ᠵᠦᠴᠤᠭᠡ ᠵᠢᠨ ᠪᠦᠯᠬᠦᠮ᠎ᠤᠨ ᠵᠣᠬᠢᠶᠠᠨ ᠪᠦᠳᠦᠭᠡᠯᠭᠡ᠎ᠶ᠋ᠢᠨ ᠬᠡᠪ ᠨᠠᠮᠪᠠ᠎ᠶ᠋ᠢ ᠠᠱᠢᠭ᠍ᠯᠠᠵᠤ᠂ ᠰᠦᠷ ᠲᠠᠯᠠᠢᠴᠡᠳᠡᠢ ᠲᠤᠤᠯᠢᠰ᠎ᠤᠨ ᠬᠡᠪ ᠨᠠᠮᠪᠠ᠎ᠶ᠋ᠢ ᠢᠯᠡᠷᠡᠭᠦᠯᠦᠭ᠌ᠰᠡᠨ ᠪᠠᠢᠨ᠎ᠠ᠃ 《ᠵᠶ᠋ᠢ ᠵᠸᠦ᠍ᠶ᠋ᠢ ᠲᠦᠪᠱᠢᠳᠭᠡᠬᠦ᠌ᠨᠢ》 ᠭᠡᠬᠦ᠌ ᠲᠠᠭᠤᠤ᠎ᠨᠢ ᠭᠠᠤᠯᠢᠨ ᠦᠯᠢᠶᠡᠪᠦᠷᠢ ᠵᠢ ᠬᠡᠷᠡᠭ᠌ᠯᠡᠭ᠌ᠰᠡᠨ᠎ᠠᠴᠠ ᠡᠭᠡᠰᠢᠭ ᠲᠠᠭᠤᠨ᠎ᠢ ᠬᠦᠩᠬᠢᠨᠡᠬᠦᠨ᠂ ᠤᠷᠮ᠎ᠠ ᠰᠡᠳᠬᠢᠯᠭᠡ ᠵᠢ ᠬᠦᠭᠵᠢᠭᠡᠬᠦ ᠰᠢᠨᠵᠢ᠎ᠲᠠᠢ ᠶᠤᠮ᠃ ᠣᠷᠣᠨ ᠵᠠᠢ ᠬᠢᠭᠡᠳ ᠬᠥᠭ᠌ᠵᠢᠮ᠎ᠤᠨ ᠨᠠᠢᠷᠠᠭᠤᠯᠭ᠎ᠠ᠎ᠠᠴᠠ ᠭᠠᠳᠠᠨ᠎ᠠ ᠮᠤ᠌ ᠤᠪᠤᠭ᠍ᠳᠤ᠎ᠶ᠋ᠢᠨ ᠲᠦᠷᠪᠡᠨ ᠵᠠᠩᠵᠤᠨ ᠵᠡᠷᠭᠡ ᠲᠣᠮᠤᠭ᠎ᠤᠨ ᠲᠦᠷᠢ᠎ᠶ᠋ᠢᠨ ᠦᠰᠦᠳᠴᠢᠯᠡᠯᠠᠴᠠ ᠰᠦᠷ ᠲᠠᠯᠠᠢᠴᠡᠳᠡᠢ ᠭᠤᠸ᠎ᠠ ᠰᠠᠢᠬᠠᠨ ᠲᠥᠷᠥᠭ᠌ᠳᠡᠨᠡ᠃ ᠺᠢᠨᠣ᠋᠎ᠳᠠᠬᠢ ᠮᠤ᠌ ᠤᠪᠤᠭ᠍ᠳᠤ᠎ᠶ᠋ᠢᠨ ᠲᠦᠷᠪᠡᠨ ᠵᠠᠩᠵᠤᠨ ᠪᠣᠯ ᠲᠡᠭ᠌ᠷᠢ᠎ᠶ᠋ᠢᠨ ᠲᠦᠷᠪᠡᠨ ᠶᠡᠭᠡ ᠵᠠᠩᠵᠤᠨ ᠪᠣᠯᠣᠨ᠎ᠠ᠃ ᠲᠡᠭ᠌ᠷᠢ᠎ᠶ᠋ᠢᠨ ᠲᠦᠷᠪᠡᠨ ᠶᠡᠭᠡ ᠵᠠᠩᠵᠤᠨᠤ᠋ ᠰᠣᠶᠣᠯ᠎ᠤᠨ ᠰᠤᠷᠪᠤᠯᠵᠢ ᠤᠷᠳᠤ᠂ ᠨᠥᠯᠥᠭᠡ ᠭᠦᠨ ᠪᠠᠢᠳᠠᠭ᠃ ᠤᠷᠤᠭ᠍ᠰᠢᠨᠤ ᠲᠤᠤᠯᠢᠰᠯᠢᠭ ᠺᠢᠨᠣ᠋᠎ᠶ᠋ᠢᠨ ᠬᠥᠭᠡᠭᠡᠴᠡᠯᠳᠦᠯ᠎ᠨᠢ ᠮᠤ᠌ ᠤᠪᠤᠭ᠍ᠳᠤ᠎ᠶ᠋ᠢᠨ ᠲᠦᠷᠪᠡᠨ ᠵᠠᠩᠵᠤᠨ᠎ᠤ ᠲᠦᠷᠢ ᠪᠦᠳᠦᠭᠡᠯᠭᠡ ᠶᠠᠮᠠᠷ ᠪᠣᠯᠬᠤ᠎ᠶ᠋ᠢ ᠱᠢᠭᠤᠳ ᠲᠤᠭ᠍ᠳᠠᠭᠠᠵᠢ᠃ ᠲᠤᠬᠠᠢᠯᠠᠪᠠᠯ᠂ ᠪᠠᠭᠠᠳᠤᠷᠯᠢᠭ ᠲᠤᠤᠯᠢᠰ᠎ᠤᠨ ᠰᠦᠷᠯᠢᠭ ᠲᠡᠭᠡᠳᠦ ᠬᠡᠪ ᠨᠠᠮᠪᠠ᠎ᠨᠢ ᠲᠦᠷᠢ᠎ᠶ᠋ᠢᠨ ᠬᠦᠴᠦ᠍᠂ ᠬᠡᠮᠵᠢᠶ᠎ᠡ᠂ ᠦᠩᠭᠡ ᠭᠤᠷᠪᠠ᠎ᠳᠤ ᠲᠤᠯᠭᠠᠭᠤᠷᠢᠯᠠᠳᠠᠭ ᠭᠡᠭ᠌ᠴᠢ ᠪᠡᠷ ᠲᠡᠭ᠌ᠷᠢ᠎ᠶ᠋ᠢᠨ ᠲᠦᠷᠪᠡᠨ ᠶᠡᠭᠡ ᠵᠠᠩᠵᠤᠨ᠎ᠢ ᠵᠠᠭᠤᠴᠢᠯᠠᠭᠤᠷ ᠠᠯᠤᠰᠯᠠᠨ ᠬᠦᠦᠷᠨᠢᠬᠦ᠌ᠳᠡᠭᠡᠨ ᠠᠪᠤᠷᠭᠤ ᠬᠥᠮᠥᠨ ᠱᠢᠭ ᠲᠣᠮᠣ ᠪᠡᠶ᠎ᠡ᠎ᠲᠠᠢ ᠪᠣᠯᠭᠠᠵᠤ ᠪᠦᠳᠦᠭᠡᠭ᠌ᠰᠡᠨ ᠪᠠᠢᠨ᠎ᠠ᠃ ᠡᠢᠮᠦ᠍᠎ᠠᠴᠠ ᠡᠨᠡ ᠬᠦ᠌ ᠲᠦᠷᠢ᠎ᠶ᠋ᠢᠨ ᠠᠪᠤᠷᠭᠤ ᠪᠠᠶ᠎ᠠ᠂ ᠬᠦᠴᠦᠳᠦ ᠴᠣᠬᠢᠯᠲᠠ᠂ ᠲᠣᠭ᠍ᠰᠢᠨ ᠬᠠᠰᠭᠢᠷᠤᠯ ᠵᠡᠷᠭᠡ᠎ᠠᠴᠠ ᠺᠢᠨᠣ᠋ ᠰᠦᠷ ᠲᠠᠯᠠᠢᠴᠡᠳᠡᠢ ᠪᠣᠯᠵᠤ ᠲᠤᠤᠯᠢᠰᠯᠢᠭ ᠬᠡᠪ ᠨᠠᠮᠪᠠ ᠴᠢᠩᠭᠠᠷᠠᠵᠠᠢ᠃
ᠡᠷᠳᠡᠨ᠎ᠤ ᠶᠣᠰᠣᠯᠠᠯ ᠴᠢᠮᠡᠭ᠌ᠯᠡᠯ᠎ᠤᠨ ᠲᠥᠪ ᠶᠡᠬᠡᠮᠰᠦᠭ ᠭᠤᠸ᠎ᠠ ᠰᠠᠢᠬᠠᠨ᠎ᠤ ᠬᠦᠭᠡᠭᠡᠴᠡᠯᠳᠤᠯ
《ᠰᠠᠬᠢᠭᠤᠯᠰᠤᠨ ᠡᠷᠭᠦᠮᠵᠢᠯᠡᠭ᠌ᠰᠡᠨ ᠦᠯᠢᠭᠡᠷ》 ᠺᠢᠨᠣ᠋᠎ᠨᠢ ᠶᠢᠨ ᠱᠠᠩ᠎ᠤᠨ ᠲᠡᠤᠬᠡ ᠰᠣᠶᠣᠯ᠎ᠳᠤ ᠰᠠᠭᠤᠷᠢᠯᠠᠵᠤ ᠬᠦᠷᠡᠯ ᠵᠡᠪᠰᠡᠭ᠎ᠤᠨ ᠪᠣᠯᠪᠠᠰᠤᠨ᠂ ᠪᠣᠮᠪᠤ᠎ᠶ᠋ᠢᠨ ᠱᠠᠱᠢᠨ᠎ᠤ ᠲᠣᠮᠤᠭ᠂ ᠡᠷᠳᠡᠡᠤ ᠦᠶ᠎ᠡ᠎ᠶ᠋ᠢᠨ ᠶᠣᠰᠣᠯᠠᠯ ᠲᠦᠷᠢᠮ᠎ᠤᠨ ᠭᠤᠸ᠎ᠠ ᠰᠠᠢᠬᠠᠨ᠎ᠢ ᠠᠬᠤᠭᠤᠯᠵᠤ᠂ ᠣᠳᠣ ᠦᠶ᠎ᠡ᠎ᠶ᠋ᠢᠨ ᠺᠢᠨᠣ᠋ ᠦᠢᠯᠡᠳᠪᠦᠷᠢ᠎ᠶ᠋ᠢᠨ ᠠᠷᠭ᠎ᠠ ᠪᠠᠷᠢᠯ᠎ᠢᠶᠠᠷ ᠡᠷᠳᠡᠡᠤ ᠦᠶ᠎ᠡ᠎ᠶ᠋ᠢᠨ ᠠᠷᠢᠭᠤᠨ ᠲᠠᠷᠬᠠᠨ ᠬᠢᠭᠡᠳ ᠰᠦᠷ ᠵᠢᠪᠬᠤᠯᠠᠩᠢ ᠰᠡᠷᠭᠦᠭᠡᠵᠦ᠍ ᠨᠢᠭᠡ ᠵᠦᠢᠯ᠎ᠤᠨ ᠲᠥᠪ ᠶᠡᠬᠡᠮᠰᠦᠭ ᠭᠤᠸ᠎ᠠ ᠰᠠᠢᠬᠠᠨ᠎ᠢ ᠪᠦᠷᠢᠳᠦᠭᠦᠯᠦᠭ᠌ᠰᠡᠨ ᠪᠠᠢᠨ᠎ᠠ᠃ ᠲᠥᠪ ᠶᠡᠬᠡᠮᠰᠦᠭ ᠪᠣᠯ ᠲᠤᠮᠳᠠᠳᠤ ᠵᠢᠨ ᠤᠯᠠᠮᠵᠢᠯᠠᠯᠳᠤ ᠭᠤᠸ᠎ᠠ ᠵᠦᠢ᠎ᠶ᠋ᠢᠨ ᠴᠢᠬᠤᠯᠠ ᠠᠢ ᠪᠠᠢᠵᠤ᠂ ᠲᠥᠪ ᠬᠢᠴᠢᠶᠡᠩᠭᠦᠢ᠂ ᠠᠷᠢᠭᠤᠨ ᠲᠠᠷᠬᠠᠨ᠂ ᠠᠤᠭ᠎ᠠ ᠰᠦᠷᠯᠢᠭ ᠭᠤᠸ᠎ᠠ ᠲᠠᠭᠠᠱᠢᠶᠠᠯ᠎ᠤᠨ ᠣᠨᠴᠠᠯᠢᠭ ᠱᠢᠨᠵᠢ᠎ᠲᠠᠢ᠃ ᠺᠢᠨᠣ᠋᠎ᠳᠤ ᠶᠢᠨ ᠱᠠᠩ᠎ᠤᠨ ᠦᠶ᠎ᠡ᠎ᠶ᠋ᠢᠨ ᠶᠣᠰᠣᠯᠠᠯ ᠲᠦᠷᠢᠮ ᠦᠵᠡᠭ᠌ᠳᠡᠯ ᠲᠠᠯᠠᠪᠠᠢ ᠤᠯᠠᠨ ᠢᠯᠡᠷᠡᠪᠡ᠃ ᠵᠢᠱ᠌ᠢᠶᠡᠯᠡᠪᠡᠯ᠂ ᠶᠢᠨ ᠱᠧᠤ ᠬᠠᠭᠠᠨ ᠰᠠᠭᠤᠷᠢᠨ᠎ᠳᠤ ᠰᠠᠭᠤᠬᠤ᠎ᠳᠤ 《ᠪᠠᠷᠢᠴᠠᠭᠠᠨ᠎ᠤ ᠬᠥᠪᠡᠭᠦᠳ》 ᠲᠡᠷᠢ ᠲᠡᠭ᠌ᠰᠢ ᠵᠢᠭ᠌ᠳᠡ ᠵᠢᠭ᠍ᠰᠠᠵᠤ᠂ ᠠᠯᠬᠤᠭ᠎ᠠ ᠢᠳᠡᠷᠡᠭᠦᠨ᠂ ᠶᠢᠨ ᠱᠧᠤ ᠲᠢᠳᠢᠮ᠎ᠤᠨ ᠬᠤᠪᠴᠠᠰᠤ᠎ᠪᠠᠨ ᠡᠮᠦᠰᠴᠦ᠍ ᠶᠡᠭᠡ ᠣᠷᠳᠣᠨ᠎ᠳᠤ ᠵᠣᠭ᠍ᠰᠣᠵᠤ᠂ ᠶᠣᠰᠣᠯᠠᠯ᠎ᠤᠨ ᠬᠥᠭ᠌ᠵᠢᠮ ᠬᠥᠭ᠌ᠵᠢᠮᠳᠡᠵᠦ᠍᠂ ᠱᠢᠪᠠᠭᠤᠨ ᠲᠤᠲ᠋ᠧᠮ ᠢᠯᠡᠷᠡᠬᠦ ᠪᠥᠬᠦ᠌ ᠶᠠᠪᠤᠴᠠ᠎ᠨᠢ ᠮᠠᠰᠢ ᠲᠥᠪ ᠴᠢᠩᠭ᠎ᠠ ᠡᠮᠬᠢ ᠴᠡᠭ᠌ᠴᠡ᠎ᠲᠠᠢ ᠪᠠᠢᠵᠤ᠂ ᠡᠷᠳᠡᠨ᠎ᠤ ᠦᠶ᠎ᠡ᠎ᠶ᠋ᠢᠨ ᠬᠠᠭᠠᠳ᠎ᠤᠨ ᠰᠠᠭᠤᠷᠢᠨ ᠵᠠᠯᠭᠠᠮᠵᠢᠯᠠᠬᠤ ᠶᠣᠰᠣᠯᠠᠯ ᠲᠦᠷᠢᠮ᠎ᠢ ᠪᠦᠷᠢᠨ ᠢᠯᠡᠷᠡᠭᠦᠯᠦᠭ᠌ᠰᠡᠨ᠎ᠢᠶᠠᠷ ᠸᠠᠩ᠎ᠤᠨ ᠡᠷᠬᠡ ᠰᠦᠷ ᠬᠢᠭᠡᠳ ᠡᠷᠳᠡᠨ᠎ᠤ ᠶᠣᠰᠣᠯᠠᠯ᠎ᠤᠨ ᠲᠥᠪ ᠶᠡᠬᠡᠮᠰᠦᠭ ᠭᠤᠸ᠎ᠠ ᠰᠠᠢᠬᠠᠨ ᠲᠥᠷᠥᠭ᠌ᠳᠡᠨᠡ᠃ ᠪᠠᠰᠠ ᠬᠥᠮᠥᠨ᠎ᠤ ᠶᠣᠰᠣ ᠲᠦᠷᠢᠮᠵᠢᠭ᠌ᠰᠡᠨ ᠦᠢᠯᠡ ᠬᠥᠳᠡᠯᠦᠯ᠂ ᠲᠤᠬᠠᠢᠯᠠᠪᠠᠯ ᠲᠥᠷᠥ᠎ᠶ᠋ᠢᠨ ᠶᠣᠰᠣᠯᠠᠯ᠂ ᠲᠠᠬᠢᠯᠭ᠎ᠠ᠎ᠶ᠋ᠢᠨ ᠶᠣᠰᠣᠯᠠᠯ᠎ᠳᠤ ᠢᠵᠠᠭᠤᠷᠳᠠᠨᠤ ᠬᠡᠪ ᠨᠠᠮᠪᠠ᠂ ᠡᠷᠳᠡᠨ᠎ᠤ ᠶᠣᠰᠣ ᠵᠢᠷᠦᠮ᠎ᠢ ᠴᠢᠩᠭ᠎ᠠ ᠰᠠᠬᠢᠵᠤ᠂ ᠬᠥᠳᠡᠯᠦᠯ ᠪᠠᠷᠢᠯ ᠡᠮᠬᠢ ᠴᠡᠭ᠌ᠴᠡᠳᠡᠢ᠂ ᠣᠪᠣᠷ ᠪᠠᠢᠳᠠᠯ ᠲᠥᠪ ᠶᠡᠬᠡᠮᠰᠦᠭ ᠪᠠᠢᠳᠠᠭ᠃ ᠡᠭᠦᠨ᠎ᠠᠴᠠ ᠭᠠᠳᠠᠨ᠎ᠠ ᠺᠢᠨᠣ᠋᠎ᠶ᠋ᠢᠨ ᠴᠢᠮᠡᠭ᠌ᠯᠡᠯ᠎ᠤᠨ ᠲᠠᠯ᠎ᠠ᠎ᠪᠠᠷ᠂ ᠶᠢᠨ ᠱᠠᠩ᠎ᠤᠨ ᠬᠦᠷᠡᠯ ᠰᠣᠶᠣᠯ᠎ᠨᠢ ᠲᠥᠪ ᠶᠡᠬᠡᠮᠰᠦᠭ ᠭᠤᠸ᠎ᠠ ᠰᠠᠢᠬᠠᠨ᠎ᠤ ᠲᠤᠯᠭᠠᠭᠤᠷᠢ ᠪᠣᠯᠵᠤ᠂ ᠪᠢᠷᠢᠳ᠎ᠤᠨ ᠬᠡ᠂ ᠱᠢᠪᠠᠭᠤᠨ ᠲᠤᠲ᠋ᠧᠮ᠂ ᠯᠤᠤ᠎ᠶ᠋ᠢᠨ ᠬᠡ ᠵᠡᠷᠭᠡ ᠬᠦᠷᠡᠯ ᠬᠡ ᠴᠢᠮᠡᠭ᠌ᠯᠡᠯ ᠪᠥᠬᠦ᠌ ᠺᠢᠨᠣ᠋᠎ᠳᠤ ᠨᠡᠪᠳᠡᠷᠡᠵᠦ᠍᠂ ᠲᠥᠪ ᠶᠡᠬᠡᠮᠰᠦᠭ ᠭᠤᠸ᠎ᠠ ᠰᠠᠢᠬᠠᠨ᠎ᠤ ᠪᠡᠯᠭᠡ ᠲᠡᠮᠳᠡᠭ ᠪᠣᠯᠣᠭ᠍ᠰᠠᠨ ᠪᠠᠢᠨ᠎ᠠ᠃