ᠲᠤᠨᠤᠭᠯᠠᠭᠠᠰᠤ ᠪᠤᠯᠭᠠᠨ᠎ᠢ ᠴᠢᠨᠡᠷ ᠰᠠᠢᠲᠠᠢ ᠦᠢᠯᠡᠳᠦᠨ᠎ᠡ
2026-07-04 13:33:37
ᠵᠣᠬᠢᠶᠠᠭ᠍ᠴᠢ᠄
ᠼᠠᠢ ᠳ᠋ᠦᠩ ᠮᠧᠢ ᠴᠢᠮᠡᠭᠡᠯᠡᠭᠴᠢ ᠯᠢᠦ ᠵᠢᠶᠠ ᠬᠤᠢ
ᠣᠩᠱᠢᠭ᠍ᠰᠠᠨ ᠣᠳᠠᠭ᠎ᠠ᠄
★★★☆☆

 — ᠪᠥᠬᠥ᠌ ᠤᠯᠤᠰ᠎ᠤᠨ ᠰᠢᠯᠢᠳᠡᠭ ᠡᠪ ᠬᠠᠮᠲᠤ᠌ ᠨᠠᠮ᠎ᠤᠨ ᠭᠡᠰᠢᠭᠦᠨ ᠵᠣᠣ ᠵᠢᠩ ᠢ᠋ ᠲᠡᠮᠳᠡᠭᠯᠡᠪᠡ

              

ᠥᠪᠥᠷ ᠮᠣᠩᠭᠣᠯ ᠎ᠤᠨ ᠨᠢᠭᠡᠳᠦᠭᠡᠷ ᠮᠠᠰᠢᠨ ᠮᠧᠬᠠᠨᠢᠭ᠎ᠤᠨ ᠪᠦᠯᠦᠭᠯᠡᠯ ᠬᠢᠵᠠᠭᠠᠷᠲᠤ᠌ ᠺᠣᠮᠫᠠᠨᠢ᠎ᠶᠢᠨ ᠳᠥᠷᠪᠡᠳᠦᠭᠡᠷ ᠬᠤᠪᠢᠶᠠᠷᠢ ᠺᠣᠮᠫᠠᠨᠢ᠎ᠶᠢᠨ ᠳ᠋ᠢᠵᠢᠲ᠋ᠠᠯ ᠡᠵᠡᠮᠰᠢᠯᠳᠤ ᠦᠢᠯᠡᠳᠪᠦᠷᠢ᠎ᠶᠢᠨ ᠲᠠᠰᠤᠭ᠎ᠲᠤ᠌᠂ ᠵᠤᠤ ᠵᠢᠩ ᠠᠵᠢᠯᠯᠠᠬᠤ ᠲᠠᠪᠴᠠᠩ᠎ᠤᠨ ᠡᠮᠦᠨ᠎ᠡ ᠪᠡᠶ᠎ᠡ ᠪᠥᠬᠥᠶ᠋ᠢᠨ᠂ ᠮᠢᠩᠭᠠᠨ ᠬᠤᠪᠢ᠎ᠶᠢᠨ ᠲᠤᠬᠤᠢ ᠪᠡᠷ ᠪᠣᠯᠵᠣᠯᠲᠤ᠌ ᠲᠣᠭ᠎ᠠ᠎ᠳᠤ ᠠᠯᠭᠤᠷᠬᠠᠨ᠎ᠢᠶᠡᠷ ᠲᠣᠬᠢᠷᠠᠭᠤᠯᠤᠯᠲᠠ ᠬᠢᠨ᠎ᠡ᠃ ᠱᠠᠪᠢ ᠨᠢ ᠬᠦᠷᠴᠦ᠍ ᠢᠷᠡᠭᠡᠳ᠄ 《ᠪᠠᠭᠰᠢ ᠡ᠂ ᠪᠣᠯᠵᠣᠯᠲᠤ᠌ ᠲᠣᠭ᠎ᠠ᠎ᠵᠢ ᠳᠠᠬᠢᠨ 0.1 ᠎ᠪᠡᠷ ᠲᠣᠬᠢᠷᠠᠭᠤᠯᠵᠤ ᠪᠣᠯᠤᠨ᠎ᠠ ᠦᠦ?》 ᠭᠡᠵᠦ ᠠᠰᠠᠭᠤᠬᠤ᠎ᠳᠤ᠂ 《ᠪᠣᠯᠬᠤ ᠥᠬᠡᠶ ᠰᠢᠦ᠂ 0.01 ᠮᠢᠯᠢᠮᠧᠲ᠋ᠷ᠎ᠦᠨ ᠵᠥᠷᠢᠶ᠎ᠡ ᠨᠢ ᠪᠠᠶ᠋ᠢᠯᠳᠤᠭᠠᠨ᠎ᠤ ᠲᠠᠯᠠᠪᠤᠷ᠎ᠲᠠᠬᠢ ᠪᠠᠶ᠋ᠢᠯᠳᠤᠭᠴᠢᠳ᠎ᠤᠨ ᠥᠭᠦᠵᠦ᠍ ᠰᠡᠭᠡᠬᠦ᠌᠎ᠶᠢ ᠲᠣᠭᠲᠠᠭᠠᠵᠤ ᠮᠡᠳᠡᠨ᠎ᠡ》 ᠭᠡᠵᠦ ᠲᠡᠷᠡ ᠨᠠᠮᠵᠢᠭᠤᠨ ᠶᠠᠷᠢᠨ᠎ᠠ᠃

ᠡᠨᠡ ᠪᠣᠯ ᠰᠤᠷᠪᠤᠯᠵᠢᠯᠠᠭᠴᠢ ᠨᠢᠭᠡᠳᠦᠭᠡᠷ ᠮᠠᠰᠢᠨ ᠮᠧᠬᠠᠨᠢᠭ᠎ᠤᠨ ᠪᠦᠯᠦᠭᠯᠡᠯ ᠬᠢᠵᠠᠭᠠᠷᠲᠤ᠌ ᠺᠣᠮᠫᠠᠨᠢ᠎ᠶᠢᠨ ᠳᠥᠷᠪᠡᠳᠦᠭᠡᠷ ᠬᠤᠪᠢᠶᠠᠷᠢ ᠺᠣᠮᠫᠠᠨᠢ᠎ᠳᠤ ᠵᠣᠣ ᠵᠢᠩ᠎ᠲᠡᠶ ᠠᠭᠤᠯᠵᠠᠬᠤ ᠦᠶ᠎ᠡ᠎ᠶᠢᠨ ᠦᠵᠡᠭᠳᠡᠯ ᠪᠣᠯᠤᠨ᠎ᠠ᠃ 20 ᠨᠠᠰᠤᠲᠠᠢ ᠠᠵᠢᠯ᠎ᠤᠨ ᠭᠠᠷᠤᠭ᠎ᠠ ᠠᠪᠤᠭᠰᠠᠨ ᠵᠤᠤ ᠵᠢᠩ ᠡᠨᠡ ᠬᠦ᠌ ᠦᠢᠯᠡᠳᠪᠦᠷᠢᠯᠡᠯ᠎ᠦᠨ ᠱᠤᠭᠤᠮ ᠳᠡᠭᠡᠷ᠎ᠡ 23 ᠵᠢᠯ ᠠᠵᠢᠯᠯᠠᠵᠠᠢ᠃ ᠡᠩ᠎ᠦᠨ ᠠᠵᠢᠯᠴᠢᠨ ᠡᠴᠡ᠎ᠪᠠᠨ ᠵᠢᠩᠬᠢᠨᠢ ᠳᠡᠭᠡᠳᠦ ᠵᠡᠷᠭᠡ᠎ᠶᠢᠨ ᠢᠨᠵᠧᠨᠧᠷ᠂ ᠳᠤᠮᠳᠠᠳᠤ ᠤᠯᠤᠰ᠎ᠤᠨ ᠴᠡᠷᠢᠭ᠎ᠦᠨ ᠵᠡᠪᠰᠡᠭ᠎ᠦᠨ ᠠᠵᠤ ᠦᠢᠯᠡᠳᠪᠦᠷᠢ ᠎ᠶᠢᠨ ᠪᠦᠯᠦᠭᠯᠡᠯ ᠎ᠦᠨ ᠲᠡᠷᠢᠭᠦᠨ ᠮᠠᠰᠲ᠋ᠧᠷ ᠪᠤᠯᠵᠤ᠂《ᠳᠤᠮᠳᠠᠳᠤ ᠎ᠶᠢᠨ ᠤᠷ᠎ᠠ ᠴᠢᠳᠠᠪᠤᠷᠢ᠎ᠶᠢᠨ ᠲᠤᠮᠤ ᠱᠠᠩᠨᠠᠯ》 ᠎ᠢ᠋ ᠬᠦᠷᠳᠡᠵᠤ᠂ ᠬᠣᠶᠠᠷ ᠬᠤᠭᠤᠴᠠᠭᠠᠨ᠎ᠤ ᠨᠠᠮ ᠎ᠤᠨ ᠲᠦᠯᠦᠭᠡᠯᠡᠭᠴᠢᠳ᠎ᠤᠨ ᠶᠡᠬᠡ ᠬᠤᠷᠠᠯ ᠎ᠤᠨ ᠲᠥᠯᠥᠭᠡᠯᠡᠭᠴᠢ᠎ᠪᠡᠷ ᠰᠣᠩᠭᠣᠭᠳᠠᠪᠠ  —  ᠨᠠᠷᠢᠯᠢᠭ ᠦᠢᠯᠡᠳᠦᠭᠰᠡᠨ ᠲᠤᠨᠤᠭᠯᠠᠭᠠᠰᠤ ᠪᠤᠯᠭᠠᠨ ᠲᠡᠭᠦᠨ᠎ᠦ ᠦᠯᠢᠬᠡᠷ᠎ᠢ ᠬᠦᠤᠷᠨᠢᠨ᠎ᠡ᠃

2003 ᠣᠨ᠎ᠳᠤ᠂ ᠵᠤᠤ ᠵᠢᠩ ᠰᠠᠶᠢᠬᠠᠨ ᠰᠤᠷᠭᠠᠭᠤᠯᠢ ᠲᠡᠭᠦᠰᠴᠦ᠍ ᠨᠢᠭᠡᠳᠦᠭᠡᠷ ᠮᠠᠰᠢᠨ ᠮᠧᠬᠠᠨᠢᠭ᠎ᠤᠨ ᠪᠦᠯᠦᠭᠯᠡᠯ᠎ᠳᠦ ᠠᠵᠢᠯᠯᠠᠪᠠ᠃ ᠠᠵᠢᠯ᠎ᠳᠤ ᠣᠷᠣᠯᠴᠠᠭᠠᠳ ᠭᠤᠷᠪᠠᠨ ᠵᠢᠯ ᠪᠣᠯᠤᠮᠠᠭᠴᠠ᠂ ᠲᠡᠷᠡ ᠲᠠᠷᠤᠢ ᠺᠣᠮᠫᠠᠨᠢ᠎ᠪᠠᠨ ᠲᠥᠯᠥᠭᠡᠯᠡᠨ ᠪᠦᠬᠦ᠌ ᠤᠯᠤᠰ᠎ᠤᠨ ᠲᠣᠭᠠᠴᠢᠯᠠᠭᠰᠠᠨ ᠡᠵᠡᠮᠰᠢᠯᠳᠤ ᠤᠷ᠎ᠠ ᠴᠢᠳᠠᠪᠤᠷᠢ᠎ᠶᠢᠨ ᠶᠡᠬᠡ ᠤᠷᠤᠯᠳᠤᠭᠠᠨ᠎ᠳᠤ ᠣᠷᠣᠯᠴᠠᠬᠤ᠎ᠶᠢᠨ ᠬᠠᠮᠲᠤ᠌ ᠱᠠᠩᠨᠠᠯ ᠲᠤᠰᠴᠠᠢ ; ᠵᠢᠷᠭᠤᠭᠠᠨ ᠵᠢᠯ᠎ᠦᠨ ᠳᠠᠷᠠᠭ᠎ᠠ ᠳᠡᠭᠡᠳᠦ ᠵᠡᠷᠭᠡ ᠵᠢᠨ ᠮᠠᠰᠲ᠋ᠧᠷ ᠪᠤᠯᠤᠨ ᠲᠡᠪᠰᠢᠪᠡ; 2011 ᠣᠨ᠎ᠳᠤ ᠨᠠᠮ᠎ᠳᠤ ᠤᠷᠤᠭᠰᠠᠨ᠎ᠤ ᠳᠠᠷᠠᠭ᠎ᠠ ᠪᠠᠴᠢᠮ ᠬᠦᠴᠢᠷ ᠠᠶᠤᠯᠲᠠᠶ ᠬᠦᠨᠳᠦ ᠡᠭᠦᠷᠭᠡ᠎ᠶᠢ ᠰᠠᠨᠠᠭᠠᠴᠢᠯᠠᠭ᠎ᠠ᠎ᠡᠴᠡ᠎ᠪᠠᠨ ᠡᠭᠦᠷᠭᠡᠯᠡᠪᠡ ; 2013 ᠣᠨ᠎ᠳᠤ ᠳᠤᠮᠳᠠᠳᠤ ᠤᠯᠤᠰ᠎ᠤᠨ ᠴᠡᠷᠢᠭ᠎ᠦᠨ ᠵᠡᠪᠰᠡᠭ᠎ᠦᠨ ᠠᠵᠤ ᠦᠢᠯᠡᠳᠪᠦᠷᠢ᠎ᠶᠢᠨ ᠪᠦᠯᠦᠭᠯᠡᠯ᠎ᠦᠨ ᠵᠠᠩᠭᠢᠯᠠᠭ᠎ᠠ᠎ᠶᠢᠨ ᠤᠷ᠎ᠠ ᠴᠢᠳᠠᠪᠤᠷᠢ᠎ᠶᠢᠨ ᠳᠠᠭᠠᠭᠤᠯᠤᠭᠴᠢ᠎ᠪᠠᠷ ᠤᠷᠢᠭᠳᠠᠪᠠ᠃

2019 ᠣᠨ ᠎ᠤ  ᠤᠯᠤᠰ᠎ᠪᠠᠢᠭᠤᠯᠤᠭᠳᠠᠭᠰᠠᠨ 70 ᠵᠢᠯ᠎ᠦᠨ ᠣᠶ᠎ᠶᠢ ᠪᠡᠯᠭᠡᠯᠡᠬᠦ ᠴᠡᠷᠢᠭ᠎ᠦᠨ ᠵᠢᠭᠰᠠᠭᠠᠯ ᠰᠢᠯᠭᠠᠨ ᠦᠵᠡᠬᠦ᠌ ᠶᠣᠰᠣᠯᠠᠯ᠂ 2025 ᠣᠨ᠎ᠤ ᠶᠠᠫᠣᠨ᠎ᠢ ᠡᠰᠡᠷᠭᠦᠴᠡᠬᠦ᠌ ᠲᠡᠶ᠋ᠢᠨ ᠢᠯᠠᠯᠲᠠ ᠣᠯᠤᠭᠰᠠᠨ 80 ᠵᠢᠯ ᠎ᠦᠨ ᠣᠶ᠎ᠶᠢᠨ ᠴᠡᠷᠢᠭ᠎ᠦᠨ ᠵᠢᠭᠰᠠᠭᠠᠯ ᠰᠢᠯᠭᠠᠨ ᠦᠵᠡᠬᠦ᠌ ᠶᠣᠰᠣᠯᠠᠯ᠂ ᠲᠢᠶᠠᠨ ᠠᠨ ᠮᠧᠨ ᠎ᠤ ᠶᠣᠰᠣᠯᠠᠯ᠎ᠰᠤᠨᠢᠷᠬᠠᠬᠤ ᠲᠠᠢᠰᠠᠨ᠎ᠳᠤ ᠲᠡᠷᠡ ᠪᠡᠷ ᠬᠣᠶᠠᠷᠲᠠ᠎ᠰᠠᠭᠠᠲᠠᠪᠠ᠃ 《ᠥᠪᠡᠷ ᠎ᠦᠨ ᠰᠤᠳᠤᠯᠤᠨ ᠦᠢᠯᠡᠳᠦᠭᠰᠡᠨ ᠲᠣᠨᠣᠭᠯᠠᠯ ᠲᠢᠶᠠᠨ ᠠᠨ ᠮᠸᠨ ᠲᠠᠯᠠᠪᠠᠢ᠎ᠪᠠᠷ ᠥᠩᠭᠡᠷᠡᠬᠦ᠌᠎ᠵᠢ ᠦᠵᠡᠭᠡᠳ ᠨᠢᠯᠪᠤᠰᠤ ᠠᠰᠬᠠᠷᠠᠭᠤᠯᠤᠯ᠎ᠠ》 ᠭᠡᠵᠦ ᠵᠤᠤ ᠵᠢᠩ᠎ᠲᠤᠭᠳᠤᠯᠤᠩᠬᠠᠨ ᠬᠡᠯᠡᠯ᠎ᠡ᠃

ᠬᠦᠨᠳᠦ ᠬᠡᠯᠪᠡᠷᠢ᠎ᠶᠢᠨ ᠬᠤᠶᠠᠭᠲᠤ ᠲᠡᠷᠭᠡᠨ᠎ᠦ ᠰᠢᠩᠭᠡᠨ ᠳᠠᠷᠤᠴᠠᠲᠤ ᠳᠠᠮᠵᠢᠭᠤᠯᠭ᠎ᠠ᠎ᠶᠢᠨ ᠲᠣᠨᠣᠭᠯᠠᠯ᠎ᠢ ᠨᠠᠷᠢᠯᠢᠭ᠋ ᠪᠣᠯᠪᠠᠰᠤᠷᠠᠭᠤᠯᠬᠤ ᠪᠣᠯ ᠠᠵᠢᠯ ᠲᠥᠷᠥᠯ᠎ᠦᠨ ᠬᠢᠨ ᠳ᠋ᠤ ᠨᠡᠢᠳᠡᠮ ᠮᠡᠳᠡᠷᠡᠭᠳᠡᠭᠰᠡᠨ  ᠬᠦᠴᠢᠷ ᠠᠰᠠᠭᠤᠳᠠᠯ ᠪᠣᠯᠣᠨ᠎ᠠ — ᠢᠯᠳᠠᠰᠤ ᠨᠢ ᠨᠢᠮᠬᠡᠨ ᠪᠠᠢᠵᠤ᠂ ᠠᠮᠠᠷᠬᠠᠨ ᠬᠡᠪ᠎ᠢᠶᠡᠨ ᠠᠯᠳᠠᠳᠠᠭ ᠪᠤᠯᠬᠤᠷ ᠮᠠᠰᠢ ᠦᠨᠳᠦᠷ ᠨᠠᠷᠢᠯᠢᠭ᠎ᠤᠨ ᠬᠡᠮ᠎ᠢ ᠱᠠᠭᠠᠷᠳᠠᠨ᠎ᠠ᠃ 《ᠨᠢᠭᠡᠨ ᠤᠳᠠᠭ᠎ᠠ ᠴᠡᠷᠢᠭ ᠎ᠦᠨ ᠵᠢᠭ᠍ᠰᠠᠭᠠᠯ ᠎ᠢ ᠰᠢᠯᠭᠠᠨ ᠦᠵᠡᠬᠦ ᠶᠣᠰᠣᠯᠠᠯ᠎ᠤᠨ ᠭᠣᠣᠯᠳᠠᠯᠭ᠎ᠠ᠎ᠲᠠᠢ ᠲᠣᠨᠣᠭᠯᠠᠯ᠎ᠤᠨ ᠰᠢᠩᠭᠡᠨ ᠳᠠᠷᠤᠴᠠᠲᠤ ᠲᠤᠨᠤᠭ᠎ᠢ ᠱᠠᠯᠠᠪᠳᠠᠭᠤᠯᠤᠨ ᠦᠢᠯᠡᠳᠬᠦ᠎ᠳᠦ ᠪᠡᠨ ᠲᠡᠷᠡ ᠪᠡᠷ ᠲᠠᠪᠤᠨ ᠡᠳᠦᠷ ᠲᠦᠷᠪᠡᠨ ᠰᠥᠨᠢ ᠦᠷᠭᠦᠯᠵᠢᠯᠡᠨ ᠲᠡᠮᠡᠴᠡᠵᠦ᠂  ᠨᠠᠷᠢᠯᠢᠭ᠋᠎ᠤᠨ ᠬᠡᠮ᠎ᠢ 0.005 ᠮᠢᠯᠢᠮᠧᠲᠷ᠎ᠲᠦ ᠬᠢᠵᠠᠭᠠᠷᠯᠠᠵᠤ᠂ ᠬᠢᠷᠢ ᠲᠡᠩᠴᠡᠭᠰᠡᠨ ᠨᠤᠷᠮ᠎ᠠ ᠨᠢ 100 % ᠳ᠋ᠤ᠌ ᠬᠦᠷᠴᠡᠢ》 ᠭᠡᠵᠦ ᠬᠠᠮᠲᠤ ᠠᠵᠢᠯᠯᠠᠭᠰᠠᠳ ᠨᠢ ᠡᠷᠬᠢᠴᠡᠬᠦᠯᠵᠦ ᠪᠠᠢᠯ᠎ᠠ᠃

ᠣᠯᠠᠨ ᠵᠢᠯ ᠎ᠤᠨ ᠳᠠᠪᠳᠠᠯᠳᠠ ᠪᠡᠷ ᠳᠠᠮᠵᠢᠨ ᠵᠣᠣ ᠵᠢᠩ ᠨᠢᠮᠭᠡᠨ ᠢᠯᠳᠠᠰᠤ᠎ᠶᠢ ᠪᠣᠯᠪᠠᠰᠤᠷᠠᠭᠤᠯᠬᠤ ᠪᠠ ᠳᠤᠭᠳᠤᠢ᠎ᠶᠢᠨ ᠳᠦᠷᠦᠯ᠎ᠤᠨ ᠰᠡᠯᠪᠢᠭ ᠲᠣᠨᠣᠭᠯᠠᠭᠠᠰᠤ ᠵᠢ ᠤᠨᠴᠠ ᠨᠠᠷᠢᠯᠢᠭ  ᠪᠣᠯᠪᠠᠰᠤᠷᠠᠭᠤᠯᠬᠤ 《 ᠡᠷᠳᠡᠮ》 ᠲᠠᠢ ᠪᠤᠯᠵᠤ᠂  ᠨᠠᠷᠢᠯᠢᠭ᠋᠎ᠤᠨ ᠬᠡᠮ᠎ᠢ ᠮᠢᠯᠢᠮᠧᠲᠷ᠎ᠦᠨ ᠲᠠᠰ ᠡᠴᠡ ᠮᠢᠺᠷᠦᠮᠧᠲᠷ᠎ᠦᠨ ᠲᠠᠰ — ᠳᠠᠷᠤᠢ ᠭᠡᠵᠢᠭᠡᠨ᠎ᠦ ᠳ᠋ᠢᠶᠠᠮᠧᠲᠷ᠎ᠦᠨ ᠭᠤᠴᠢᠨ᠎ᠤ ᠨᠢᠭᠡ᠎ᠲᠠᠢ ᠲᠡᠩᠴᠡᠬᠦ ᠬᠡᠮᠵᠢᠶ᠎ᠡ᠎ᠳᠦ ᠬᠦᠷᠬᠡᠪᠡ᠃ ᠲᠡᠭᠦᠨ᠎ᠦ ᠡᠭᠦᠳᠦᠨ ᠪᠦᠲᠦᠭᠡᠭᠰᠡᠨ 《ᠬᠢᠲᠤᠭ᠎ᠠ ᠵᠢᠨ ᠬᠠᠪᠴᠢᠭᠤᠷ᠎ᠤᠨ ᠬᠤᠷᠠᠮᠠᠯ ᠤᠷᠠᠯᠠᠯ᠎ᠢᠶᠡᠷ ᠪᠣᠯᠣᠳ ᠡᠷᠭᠢᠭᠦᠯᠭᠡᠨ ᠬᠤᠪᠢᠯᠳᠤ ᠳᠤᠭᠲᠤᠢ᠎ᠵᠢᠨ ᠰᠡᠯᠪᠢᠭ ᠲᠤᠨᠤᠭ᠎ᠢ ᠬᠡᠪᠰᠢᠭᠦᠯᠦᠨ ᠪᠣᠯᠪᠠᠰᠤᠷᠠᠭᠤᠯᠬᠤ ᠠᠵᠢᠯᠯᠠᠬᠤ ᠠᠷᠭ᠎ᠠ》 ᠨᠢ 《ᠳᠤᠮᠳᠠᠳᠤ ᠤᠯᠤᠰ᠎ᠤᠨ ᠴᠡᠷᠢᠭ᠎ᠦᠨ ᠵᠡᠪᠰᠡᠭ᠎ᠦᠨ ᠠᠵᠤ ᠦᠢᠯᠡᠳᠪᠦᠷᠢ᠎ᠶᠢᠨ ᠪᠦᠯᠦᠭᠯᠡᠯ᠎ᠦᠨ ᠣᠨᠴᠠᠯᠢᠭ᠍ᠲᠤ ᠠᠵᠢᠯᠯᠠᠬᠤ ᠠᠷᠭ᠎ᠠ》ᠪ ᠠᠷ ᠦᠨᠡᠯᠡᠭᠳᠡᠵᠦ᠂ ᠦᠢᠯᠡᠳᠬᠦᠨ᠎ᠦ ᠬᠢᠷᠢ ᠲᠡᠩᠴᠡᠭᠰᠡᠨ ᠨᠣᠷᠮ᠎ᠠ᠎ᠶᠢ 99.7 % ᠪᠣᠯᠲᠠᠯ᠎ᠠ ᠳᠡᠭᠡᠭᠰᠢᠯᠡᠭᠦᠯᠪᠡ᠃ 23 ᠵᠢᠯ᠎ᠦᠨ ᠲᠤᠷᠰᠢ᠂ ᠲᠡᠷᠡ ᠤᠷᠢᠳ ᠬᠣᠵᠢᠳ 30 ᠭᠠᠷᠤᠢ ᠵᠠᠭᠪᠤᠷ᠂ ᠬᠡᠳᠦᠨ ᠵᠠᠭᠤᠨ ᠵᠦᠢᠯ᠎ᠦᠨ ᠲᠤᠨᠤᠭᠯᠠᠭᠠᠰᠤ ᠵᠢ ᠡᠳ᠋ᠰᠢᠭᠦᠯᠬᠦ ᠬᠦᠴᠢᠷ ᠠᠰᠠᠭᠤᠳᠠᠯ᠎ᠢ ᠰᠢᠢᠳᠪᠦᠷᠢᠯᠡᠵᠦ᠂ ᠤᠯᠤᠰ᠎ᠤᠨ ᠲᠤᠰᠬᠠᠢ ᠠᠰᠢᠭ᠋᠎ᠤᠨ ᠡᠷᠬᠡ   ᠵᠢ ᠤᠯᠠᠨᠳᠠ ᠬᠦᠷᠳᠡᠵᠦ᠂ ᠪᠡᠶ᠎ᠡ᠎ᠪᠡᠨ ᠳᠠᠭᠠᠭᠠᠵᠤ ᠰᠤᠳᠤᠯᠤᠨ ᠦᠢᠯᠡᠳᠦᠭᠰᠡᠨ ᠥᠨᠳᠥᠷ ᠴᠢᠳᠠᠪᠬᠢᠲᠤ ᠬᠥᠭᠡᠷᠭᠡᠨ ᠨᠡᠭᠡᠯᠡᠭᠡᠢ ᠎ᠶᠢ ᠡᠵᠡᠮᠳᠡᠬᠦ ᠮᠡᠷᠭᠡᠵᠢᠯ ᠨᠢ ᠤᠯᠤᠰ᠎ᠤᠨ ᠳᠣᠲᠣᠭᠠᠳᠤ ᠎ᠶᠢᠨ ᠬᠣᠭᠣᠰᠤᠨ᠎ᠢ ᠨᠥᠬᠥᠪᠦᠷᠢᠯᠡᠵᠡᠢ᠃

ᠨᠠᠷᠢᠨ ᠪᠤᠳᠤᠯᠢᠶᠠᠨᠲᠠᠢ ᠣᠷᠣᠨ ᠵᠠᠢ᠎ᠳᠡᠬᠢ ᠣᠨᠳᠣᠣ ᠬᠡᠯᠪᠡᠷᠢ᠎ᠶᠢᠨ ᠮᠤᠷᠤᠢ ᠭᠠᠳᠠᠷᠭᠤ ᠲᠠᠢ ᠲᠣᠨᠣᠭᠯᠠᠭᠠᠰᠤ ᠵᠢ ᠪᠣᠯᠪᠠᠰᠤᠷᠠᠭᠤᠯᠬᠤ ᠬᠦᠴᠢᠷ ᠠᠰᠠᠭᠤᠳᠠᠯ᠎ᠳᠤ ᠴᠢᠭᠯᠡᠭᠦᠯᠦᠨ᠂ ᠲᠡᠷᠡ ᠨᠠᠮ᠎ᠤᠨ ᠭᠡᠰᠢᠭᠦᠨ᠎ᠦ ᠭᠠᠪᠰᠢᠭᠠᠢ ᠠᠩᠭᠢ᠎ᠶᠢ ᠳᠠᠭᠠᠭᠤᠯᠤᠨ ᠬᠦᠴᠢᠷ᠎ᠢ ᠰᠥᠷᠦᠨ ᠤᠷᠤᠭᠰᠢᠯᠠᠵᠤ᠂ ᠬᠠᠭᠠᠰ ᠰᠠᠷ᠎ᠠ ᠭᠠᠷᠤᠢ᠎ᠶᠢᠨ ᠬᠤᠭᠤᠴᠠᠭᠠᠨ᠎ᠳᠤ ᠡᠳᠦᠷ ᠪᠦᠷᠢ ᠰᠥᠨᠢ ᠳᠦᠯᠢ ᠪᠣᠯᠲᠠᠯ᠎ᠠ ᠶᠠᠷᠢᠯᠴᠠᠵᠤ᠂ ᠵᠢᠷᠤᠭ ᠲᠥᠯᠥᠪᠯᠡᠭᠡ᠎ᠶᠢᠨ ᠠᠵᠢᠯᠲᠠᠳ᠎ᠲᠠᠢ ᠶᠣᠰᠣ᠌ ᠤᠴᠢᠷ᠎ᠢ ᠲᠤᠭᠤᠷᠠᠲᠠᠯ᠎ᠠ ᠣᠢᠯᠠᠭᠠᠭᠰᠠᠨ᠎ᠤ ᠳᠠᠷᠠᠭ᠎ᠠ ᠪᠣᠯᠪᠠᠰᠤᠷᠠᠭᠤᠯᠬᠤ ᠶᠠᠪᠤᠴᠠ ᠵᠢ ᠳᠠᠬᠢᠨ ᠨᠠᠢᠷᠠᠭᠤᠯᠤᠨ ᠪᠢᠴᠢᠵᠦ᠂ ᠠᠮᠵᠢᠯᠲᠠ᠎ᠲᠠᠢ᠎ᠪᠠᠷ ᠬᠦᠴᠢᠷ᠎ᠢ ᠳᠤᠭᠤᠯᠪᠠ᠃ ᠡᠨᠡ ᠬᠦ᠌ ᠦᠷ᠎ᠡ ᠪᠦᠲᠦᠭᠡᠯ ᠨᠢ ᠺᠣᠮᠫᠠᠨᠢ᠎ᠳᠤ ᠪᠤᠳᠤᠯᠢᠶᠠᠨᠲᠠᠢ ᠮᠤᠷᠤᠢ ᠭᠠᠳᠠᠷᠭᠤ᠎ᠶᠢ ᠪᠣᠯᠪᠠᠰᠤᠷᠠᠭᠤᠯᠬᠤ ᠴᠣ ᠰᠢᠨ᠎ᠡ ᠠᠷᠭ᠎ᠠ ᠵᠠᠮ᠎ᠢ ᠨᠡᠭᠡᠭᠡᠵᠦ ᠥᠭᠴᠡᠢ᠃

2013 ᠣᠨ᠎ᠳᠤ᠂ ᠵᠤᠤ ᠵᠢᠩ ᠲᠦᠷᠦᠭᠦᠯᠡᠨ ᠲᠤᠭᠠᠴᠢᠯᠠᠭᠰᠠᠨ ᠡᠵᠡᠮᠰᠢᠯᠳᠤ ᠮᠡᠷᠭᠡᠵᠢᠯ ᠴᠢᠳᠠᠪᠤᠷᠢ᠎ᠶᠢᠨ ᠶᠡᠬᠡ ᠮᠠᠰᠲᠧᠷ᠎ᠦᠨ ᠠᠵᠢᠯᠯᠠᠬᠤ ᠦᠷᠦᠭᠡ᠎ᠶᠢ ᠪᠠᠢᠭᠤᠯᠪᠠ᠃ ᠬᠡᠳᠦᠨ ᠰᠢᠷᠡᠭᠡ᠂ ᠬᠡᠳᠦᠨ ᠰᠠᠭᠤᠷᠢ ᠲᠥᠬᠦᠭᠡᠷᠦᠮᠵᠢ᠎ᠡᠴᠡ ᠡᠬᠢᠯᠡᠵᠦ᠂ ᠪᠣᠭᠣᠮᠲᠠ ᠰᠢᠪᠲᠤᠯᠬᠤ᠂ ᠰᠢᠨ᠎ᠡ᠎ᠶᠢ ᠡᠭᠦᠳᠬᠦ᠂ ᠴᠢᠳᠠᠪᠤᠷᠢᠲᠠᠨ᠎ᠢ ᠬᠥᠮᠥᠵᠢᠭᠦᠯᠬᠦ᠎ᠶᠢ ᠨᠢᠭᠡ ᠴᠣᠭᠴᠠᠵᠢᠭᠤᠯᠤᠭᠰᠠᠨ ᠳᠠᠳᠤᠯᠭ᠎ᠠ ᠪᠣᠯᠪᠠᠰᠤᠷᠠᠯ᠎ᠤᠨ ᠰᠠᠭᠤᠷᠢᠨ ᠪᠣᠯᠤᠭᠰᠠᠨ ᠪᠠᠢᠨ᠎ᠠ᠃ 23 ᠵᠢᠯ᠎ᠦᠨ ᠪᠣᠳᠠᠲᠤ ᠪᠣᠯᠪᠠᠰᠤᠷᠠᠯ᠎ᠤᠨ ᠲᠤᠷᠰᠢᠯᠭ᠎ᠠ᠂ ᠮᠢᠩᠭ᠎ᠠ ᠭᠠᠷᠤᠢ ᠤᠳᠠᠭᠠᠨ᠎ᠤ ᠲᠤᠷᠰᠢᠯᠲᠠ᠎ᠶᠢᠨ ᠲᠣᠭ᠎ᠠ ᠪᠠᠷᠢᠮᠲᠠ᠎ᠶᠢ ᠲᠡᠷᠡ ᠪᠣᠯᠪᠠᠰᠤᠷᠠᠯ᠎ᠤᠨ ᠵᠢᠭᠠᠬᠤ ᠮᠠᠲᠧᠷᠢᠶᠠᠯ ᠪᠤᠯᠭᠠᠨ ᠨᠠᠢᠷᠠᠭᠤᠯᠤᠨ ᠵᠣᠬᠢᠶᠠᠵᠤ᠂ ᠥᠪᠡᠷ᠎ᠦᠨ ᠭᠠᠷ᠎ᠢᠶᠠᠷ᠎ᠢᠶᠠᠨ ᠤᠷ᠎ᠠ ᠮᠡᠷᠭᠡᠵᠢᠯ᠎ᠢ ᠵᠢᠭᠠᠵᠤ᠂ ᠲᠥᠭᠡᠷᠢᠭᠳᠡᠯ᠎ᠢ ᠨᠢᠭᠤᠷᠲᠠᠨ ᠲᠠᠢ᠍ᠢᠯᠪᠠ᠃ ᠠᠵᠢᠯᠯᠠᠬᠤ ᠦᠷᠦᠭᠡ᠎ᠳᠦ ᠨᠡᠶ᠋ᠢᠲᠡ 400 ᠰᠢᠬᠠᠮ ᠬᠢᠴᠢᠶᠡᠯ᠎ᠦᠨ ᠴᠠᠭ᠎ᠤᠨ ᠪᠣᠯᠪᠠᠰᠤᠷᠠᠯ ᠥᠷᠨᠢᠭᠦᠯᠵᠦ᠂ 3000 ᠭᠠᠷᠤᠢ ᠬᠥᠮᠥᠨ ᠤᠳᠠᠭ᠎ᠠ᠎ᠶᠢ ᠬᠠᠮᠤᠷᠤᠨ᠂ 1387 ᠵᠦᠢᠯ᠎ᠦᠨ ᠮᠡᠷᠭᠡᠵᠢᠯ᠎ᠦᠨ ᠪᠡᠷᠬᠡ ᠠᠰᠠᠭᠤᠳᠠᠯ᠎ᠢ ᠰᠢᠢᠳᠪᠦᠷᠢᠯᠡᠵᠦ᠂ 7 ᠵᠦᠢᠯ᠎ᠦᠨ ᠤᠯᠤᠰ᠎ᠤᠨ ᠲᠤᠰᠬᠠᠢ ᠠᠰᠢᠭ᠋᠎ᠤᠨ ᠡᠷᠬᠡ᠎ᠶᠢ ᠬᠦᠷᠲᠡᠵᠦ᠂ ᠵᠢᠯ᠎ᠳᠦ 3800 ᠭᠠᠷᠤᠢ ᠲᠦᠮᠡᠨ ᠲᠥᠭᠥᠷᠢᠭ᠎ᠦᠨ ᠠᠵᠤ ᠠᠬᠤᠢ᠎ᠶᠢᠨ ᠦᠷ᠎ᠡ ᠠᠰᠢᠭ᠋᠎ᠢ ᠡᠭᠦᠳᠪᠡ᠃

ᠲᠡᠭᠦᠨ᠎ᠦ ᠳᠠᠭᠠᠭᠤᠯᠭ᠎ᠠ᠎ᠪᠠᠷ᠂ 500 ᠭᠠᠷᠤᠢ ᠲᠤᠭᠠᠴᠢᠯᠠᠭᠰᠠᠨ ᠡᠵᠡᠮᠰᠢᠯᠲᠦ ᠰᠠᠭᠤᠷᠢ ᠮᠠᠰᠢᠨ᠎ᠤ ᠠᠵᠢᠯᠯᠠᠭ᠍ᠴᠢ ᠦᠳᠲᠡᠷ ᠲᠦᠷᠭᠡᠨ ᠦᠰᠦᠨ ᠪᠣᠢᠵᠢᠵᠤ᠂ ᠤᠷᠢᠳ ᠬᠣᠵᠢᠳ ᠪᠦᠭᠦ ᠤᠯᠤᠰ᠎ᠤᠨ ᠮᠡᠷᠭᠡᠵᠢᠯ᠎ᠦᠨ ᠴᠢᠳᠠᠪᠤᠷᠢᠲᠠᠨ 3 ᠬᠥᠮᠥᠨ᠂ ᠪᠦᠭᠦ ᠤᠯᠤᠰ᠎ᠤᠨ ᠵᠠᠯᠠᠭᠤ ᠠᠵᠢᠯ᠎ᠤᠨ ᠪᠠᠢᠷᠢ᠎ᠶᠢᠨ ᠴᠢᠳᠠᠪᠤᠷᠢᠲᠠᠨ 2 ᠬᠥᠮᠥᠨ᠂ ᠥᠪᠡᠷᠲᠡᠭᠡᠨ ᠵᠠᠰᠠᠬᠤ ᠣᠷᠣᠨ᠎ᠤ 《5·1》 ᠎ᠤ᠋ ᠭᠦᠳᠡᠯᠮᠦᠷᠢ᠎ᠶᠢᠨ ᠱᠠᠩᠨᠠᠯ᠎ᠤᠨ ᠮᠧᠳᠠᠯ ᠭᠦᠷᠲᠡᠭᠴᠢ 5 ᠬᠥᠮᠥᠨ ᠴᠣᠯᠭᠣᠷᠠᠨ ᠭᠠᠷᠴᠠᠢ᠃ 《ᠪᠢ ᠮᠡᠳᠡᠬᠦ ᠵᠦᠢᠯ᠎ᠢᠶᠡᠨ ᠪᠦᠭᠦᠳᠡ᠎ᠶᠢ ᠲᠡᠳᠡᠨ᠎ᠳᠦ ᠵᠢᠭᠠᠵᠤ ᠥᠭᠪᠠ᠂ ᠲᠡᠳᠡ ᠨᠠᠳᠠ᠎ᠠᠴᠠ ᠲᠠᠪᠠᠪᠠᠯ᠂ ᠪᠢ ᠰᠠᠶᠢ ᠦᠨᠡᠨᠬᠦ ᠪᠠᠶᠠᠷᠯᠠᠨ᠎ᠠ》 ᠭᠡᠵᠦ ᠵᠣᠣ ᠵᠢᠩ ᠮᠦᠰᠢᠶᠡᠨ ᠶᠠᠷᠢᠬᠤ ᠳ᠋ᠤ  ᠨᠢᠳᠤ ᠨᠢ ᠴᠤᠭᠳᠠᠢ ᠬᠢᠯᠠᠯᠵᠠᠵᠤ ᠪᠠᠢᠯ᠎ᠠ᠃

ᠬᠣᠶᠠᠷ ᠬᠤᠭᠤᠴᠠᠭᠠᠨ ᠎ᠤ ᠨᠠᠮ ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ ᠪᠣᠯᠤᠭᠰᠠᠨ᠎ᠤ ᠬᠤᠪᠢ᠎ᠳᠤ᠂ ᠲᠡᠷᠡ ᠡᠳᠦᠷ᠎ᠲᠡᠬᠡᠨ ᠰᠠᠭᠤᠷᠢ ᠮᠠᠰᠢᠨ ᠳᠡᠭᠡᠷ᠎ᠡ ᠫᠷᠣᠭ᠌ᠷᠠᠮ ᠨᠠᠢᠷᠠᠭᠤᠯᠬᠤ᠎ᠪᠠᠷ ᠲᠤᠷᠰᠢᠵᠤ᠂ ᠭᠢᠳᠤᠭ᠎ᠠ ᠬᠡᠷᠡᠭᠰᠡᠯ᠎ᠢ ᠰᠣᠩᠭᠣᠵᠤ᠂ ᠪᠣᠯᠵᠣᠯᠲᠤ ᠲᠣᠭ᠎ᠠ᠎ᠶᠢ ᠲᠣᠭᠢᠷᠠᠭᠤᠯᠤᠨ᠎ᠠ; ᠰᠥᠨᠢ᠎ᠳᠡᠭᠡᠨ ᠺᠤᠮᠫᠢᠦ᠋ᠲᠧᠷ᠎ᠦᠨ ᠡᠮᠦᠨ᠎ᠡ ᠳᠠᠭᠢᠨ ᠳᠠᠪᠲᠠᠨ ᠳᠠᠭᠤᠷᠢᠶᠠᠮᠠᠯ ᠰᠢᠯᠭᠠᠨ ᠪᠠᠲᠤᠯᠠᠯᠲᠠ ᠬᠢᠨ᠎ᠡ᠃ ᠪᠣᠭᠣᠮᠲᠠ ᠰᠢᠪᠲᠤᠯᠬᠤ ᠵᠠᠪᠰᠠᠷ᠎ᠲᠠᠬᠢ ᠲᠥᠪᠯᠡᠷᠡᠩᠭᠦᠢ ᠰᠤᠷᠤᠯᠴᠠᠯᠭ᠎ᠠ᠂ ᠰᠥᠨᠢ ᠳᠦᠯᠢ ᠎ᠶᠢᠨ ᠰᠦᠯᠵᠢᠶᠡᠨ ᠳᠡᠭᠡᠷᠡᠬᠢ ᠪᠡᠶ᠎ᠡ᠎ᠪᠡᠨ ᠳᠠᠭᠠᠭᠠᠬᠰᠠᠨ ᠰᠤᠳᠤᠯᠤᠨ ᠰᠤᠷᠤᠯᠴᠠᠯᠭ᠎ᠠ᠂ ᠨᠢᠭᠡᠳᠦᠭᠡᠷ ᠹᠷᠣᠨᠲ ᠎ᠤᠨ ᠡᠭᠡᠯᠵᠢ ᠳᠤᠭᠤᠢᠯᠠᠩ᠎ᠤᠨ ᠬᠢᠯᠪᠠᠷᠴᠢᠯᠠᠭᠰᠠᠨ ᠤᠬᠠᠭᠤᠯᠤᠨ ᠲᠠᠢᠯᠪᠤᠷᠢᠯᠠᠯᠲᠠ ︱ ᠲᠡᠷᠡ ᠨᠢᠭᠡ᠎ᠶᠢ ᠴᠦ᠍ ᠤᠷᠬᠢᠬᠳᠠᠭᠤᠯᠤᠬᠰᠠᠨ ᠦᠭᠡᠢ᠃

《ᠲᠠ ᠥᠪᠡᠷ᠎ᠢ᠎ᠪᠡᠨ ᠠᠮᠵᠢᠯᠲᠠ ᠳ᠋ᠦ ᠬᠦᠷᠦᠭᠰᠡᠨ᠎ᠢᠶᠡᠷ ᠲᠦᠰᠦᠭᠡᠯᠡᠳᠡᠭ ᠤᠤ? 》 ᠭᠡᠵᠦ ᠰᠤᠷᠪᠤᠯᠵᠢᠯᠠᠬ᠍ᠴᠢ ᠠᠰᠠᠭᠤᠪᠠ᠃ ᠲᠡᠷᠡ ᠪᠤᠳᠤᠵᠤ ᠪᠤᠳᠤᠭᠠᠳ᠄ 《ᠲᠡᠢᠮᠦ ᠡᠷᠡᠯᠬᠡᠭ ᠲᠠᠢᠴᠢᠨ ᠦᠭᠡ ᠭᠡᠵᠦ ᠪᠠᠢᠬᠤ ᠦᠭᠡᠢ᠃ ᠰᠡᠯᠪᠢᠭ ᠲᠤᠨᠤᠭ ᠨᠢᠭᠡᠪᠦᠷᠢ᠎ᠶᠢ ᠬᠠᠮᠤᠭ᠎ᠤᠨ ᠰᠠᠢᠨ ᠬᠢᠬᠦ ᠨᠢ ᠮᠢᠨᠤ ᠨᠠᠮ᠎ᠳᠠᠭᠠᠨ ᠥᠭᠭᠦᠭᠰᠡᠨ ᠬᠠᠮᠤᠭ᠎ᠤᠨ ᠦᠨᠡᠨ ᠪᠣᠳᠠᠲᠠᠢ ᠬᠠᠷᠢᠭᠤᠯᠲᠠ ᠪᠣᠯᠣᠨ᠎ᠠ》 ᠭᠡᠵᠦ ᠬᠡᠯᠡᠭᠰᠡᠨ ᠪᠠᠢᠨ᠎ᠠ᠃

ᠰᠣᠷᠪᠤᠯᠵᠢᠯᠠᠭ᠎ᠠ ᠲᠡᠭᠦᠰᠦᠭᠰᠡᠨ᠎ᠦ ᠳᠠᠷᠠᠭ᠎ᠠ᠂ ᠵᠣᠣ ᠵᠢᠩ ᠳᠠᠭᠢᠨ ᠰᠠᠭᠤᠷᠢ ᠮᠠᠰᠢᠨ᠎ᠤ ᠪᠠᠨ ᠡᠮᠦᠨ᠎ᠡ ᠪᠤᠴᠠᠵᠤ ᠠᠵᠢᠯᠯᠠᠪᠠ᠃ ᠦᠢᠯᠡᠳᠪᠦᠷᠢ᠎ᠶᠢᠨ ᠲᠠᠰᠤᠭ᠎ᠤᠨ ᠳ᠋ᠧᠩ᠎ᠦᠨ ᠴᠡᠭᠡᠨ ᠭᠡᠷᠡᠯ ᠳ᠋ᠤ ᠨᠢᠳᠦ ᠬᠢᠯᠠᠰᠤᠮ᠎ᠠ᠂ ᠪᠠᠭᠠᠵᠢ ᠬᠡᠷᠡᠭᠰᠡᠯ ᠪᠣᠯᠣᠨ ᠪᠣᠯᠣᠳ ᠲᠡᠮᠦᠷ᠎ᠦᠨ ᠮᠥᠷᠭᠥᠯᠳᠦᠬᠦ ᠳᠠᠭᠤᠨ ᠨᠢ ᠴᠡᠭᠡᠯᠬᠡᠨ ᠪᠥᠭᠡᠳ ᠠᠢᠵᠠᠮ ᠴᠣᠬᠢᠯᠭ᠎ᠠ᠎ᠲᠠᠢ᠃ 23 ᠵᠢᠯ᠂ ᠲᠡᠷᠡ ᠪᠡᠷ 0.005 ᠮᠢᠯᠢᠮᠧᠲᠷ᠎ᠦᠨ ᠬᠡᠮᠵᠢᠬᠦᠷ ᠎ᠢ ᠪᠠᠷᠢᠮᠳᠠᠯᠠᠭᠰᠠᠭᠠᠷ ᠢᠷᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号