55 ᠵᠢᠯ ᠡᠯᠡᠰᠦᠨ ᠴᠦᠯ ᠤ᠋ᠨ ᠬᠢᠯᠢ ᠬᠢᠵᠠᠭᠠᠷ᠎ᠢ ᠰᠠᠬᠢᠨ ᠬᠠᠮᠠᠭᠠᠯᠠᠭᠰᠠᠨ 《ᠬᠢᠯᠢ᠎ᠶᠢᠨ ᠠᠮᠢᠳᠤ ᠬᠥᠰᠢᠶ᠎ᠡ》
2026-07-03 10:43:41
ᠵᠣᠬᠢᠶᠠᠭ᠍ᠴᠢ᠄
ᠯᠢᠦ ᠬᠤᠩ ᠵᠠᠩ
ᠣᠩᠱᠢᠭ᠍ᠰᠠᠨ ᠣᠳᠠᠭ᠎ᠠ᠄
★★★☆☆

— ᠪᠦᠬᠦ ᠤᠯᠤᠰ ᠤ᠋ᠨ ᠰᠢᠯᠢᠳᠡᠭ ᠡᠪ ᠬᠠᠮᠳᠤ ᠨᠠᠮ ᠤ᠋ᠨ ᠭᠡᠰᠢᠭᠦᠨ ᠨᠢᠮ᠎ᠠ ᠵᠢ ᠲᠡᠮᠳᠡᠭᠯᠡᠪᠡ


ᠥᠷᠯᠥᠭᠡ᠎ᠶᠢᠨ ᠨᠡᠷᠡᠨ᠎ᠦ ᠭᠡᠷᠡᠯ ᠡᠯᠡᠰᠦᠨ ᠴᠥᠯ ᠢ᠋ ᠭᠡᠶ᠋ᠢᠭᠦᠯᠵᠦ᠍᠂ 80 ᠨᠠᠰᠤᠲᠠᠶ ᠨᠢᠮ᠎ᠠ ᠨᠠᠰᠤᠲᠠᠨ ᠬᠦᠦ ᠬᠠᠲᠠᠪᠦ᠋ᠬᠡ ᠵᠢᠨ ᠪᠠᠷ᠎ᠠ ᠪᠣᠯᠣᠯᠭ᠎ᠠ᠎ᠲᠠᠶ᠎ᠪᠠᠷ᠂ ᠬᠠᠭᠠᠰ ᠵᠠᠭᠤᠨ ᠭᠠᠷᠤᠢ ᠴᠠᠭᠳᠠᠨ ᠰᠠᠬᠢᠭᠰᠠᠨ ᠬᠢᠯᠢ᠎ᠶᠢᠨ ᠱᠤᠭᠤᠮ ᠵᠢᠡᠷ ᠠᠯᠬᠤᠯᠠᠵᠤ᠂ ᠳᠤᠷᠠᠨ ᠵᠢᠡᠷ ᠬᠢᠯᠢ᠎ᠶᠢᠨ ᠱᠤᠭᠤᠮ᠎ᠤᠨ ᠡᠷᠭᠢᠨ ᠲᠣᠭᠣᠷᠢᠨ᠎ᠤ ᠪᠠᠶ᠋ᠢᠳᠠᠯ᠎ᠢ ᠠᠵᠢᠵᠤ᠂ ᠴᠡᠭᠡᠵᠢᠨ ᠳᠡᠭᠡᠷᠡᠬᠢ ᠨᠠᠮ᠎ᠤᠨ ᠭᠡᠰᠢᠭᠦᠨ᠎ᠦ ᠰᠦᠯᠳᠡ ᠲᠡᠮᠳᠡᠭ ᠨᠢ ᠠᠯᠲᠠᠨ ᠨᠡᠷᠡᠨ᠎ᠦ ᠰᠠᠴᠤᠷᠠᠭ ᠲᠤ᠌ ᠬᠢᠯᠠᠯᠵᠠᠨ᠎ᠠ᠃

ᠨᠢᠮ᠎ᠠ ᠨᠠᠰᠤᠲᠠᠨ ᠪᠣᠯ ᠠᠯᠠᠱᠠ ᠠᠶ᠋ᠢᠮᠠᠭ᠎ᠤᠨ ᠠᠯᠠᠱᠠ ᠪᠠᠷᠠᠭᠤᠨ ᠬᠣᠰᠢᠭᠤᠨ᠎ᠤ ᠲᠠᠩᠰᠤᠭ ᠪᠤᠯᠠᠭ ᠰᠤᠮᠤ᠎ᠶᠢᠨ ᠡᠩᠭᠡᠷ ᠤᠰᠤ ᠭᠠᠴᠠᠭᠠᠨ᠎ᠤ ᠮᠠᠯᠴᠢᠨ ᠪᠣᠯᠤᠨ᠎ᠠ᠂ ᠲᠡᠷᠡ ᠨᠢᠭᠡᠨᠲᠡ ᠬᠢᠯᠢ ᠬᠢᠵᠠᠭᠠᠷ᠎ᠢ 55 ᠵᠢᠯ ᠰᠠᠬᠢᠨ ᠬᠠᠮᠠᠭᠠᠯᠠᠪᠠ᠃ 55 ᠬᠠᠪᠤᠷ ᠨᠠᠮᠤᠷ ᠤ᠋ᠨ 2 ᠲᠦᠮᠡ ᠭᠠᠷᠤᠢ ᠡᠳᠦᠷ ᠰᠥᠨᠢ᠎ᠳᠦ᠂ ᠲᠡᠷᠡ 《ᠡᠪ ᠬᠠᠮᠲᠤ᠌ ᠨᠠᠮ᠎ᠤᠨ ᠭᠡᠰᠢᠭᠦᠨ》 ᠤ᠋ ᠤᠭ ᠰᠠᠨᠠᠭ᠎ᠠ᠎ᠶᠢ ᠭᠣᠪᠢ ᠨᠤᠳᠤᠬ᠎ᠤᠨ ᠬᠢᠯᠢ᠎ᠶᠢᠨ ᠪᠣᠭᠣᠮᠲᠠ᠎ᠵᠢᠨ ᠦᠷᠦᠴᠡᠨ ᠳ᠋ᠦ ᠰᠡᠶ᠋ᠢᠯᠵᠦ᠍᠂ ᠲᠤᠬᠠᠢ᠎ᠶᠢᠨ ᠭᠠᠵᠠᠷ᠎ᠤᠨ ᠮᠠᠯᠴᠢᠨ ᠲᠠᠷᠢᠶᠠᠴᠢᠨ᠎ᠳᠤ ᠳᠤᠮᠳᠠᠳᠤ ᠮᠣᠩᠭᠣᠯ᠎ᠤᠨ ᠬᠢᠯᠢ᠎ᠶᠢᠨ ᠱᠤᠭᠤᠮ ᠳᠡᠭᠡᠷᠡᠬᠢ ᠨᠡᠭᠦᠳᠡᠯ 《ᠬᠢᠯᠢ᠎ᠶᠢᠨ ᠠᠮᠢᠳᠦ ᠬᠥᠰᠢᠶ᠎ᠠ》 ᠬᠡᠮᠡᠭᠳᠡᠪᠡ᠃

1971 ᠣᠨ᠎ᠳᠤ᠂ 25 ᠨᠠᠰᠤᠲᠠᠶ ᠨᠢᠮ᠎ᠠ ᠡᠭᠦᠷᠭᠡ ᠬᠦᠯᠢᠶᠡᠵᠦ᠍᠂ ᠳᠤᠮᠳᠠᠳᠤ ᠮᠣᠩᠭᠣᠯ᠎ᠤᠨ ᠬᠢᠯᠢ᠎ᠶᠢᠨ ᠱᠤᠭᠤᠮ᠎ᠤᠨ 《8 ᠳ᠋ᠤᠭᠠᠷ ᠴᠡᠭ》 ᠲᠤ᠌ ᠬᠦᠷᠴᠦ᠍ ᠡᠷᠦᠬᠡ᠎ᠶᠢᠨ ᠴᠡᠷᠢᠭ᠎ᠦᠨ ᠬᠢᠯᠢ ᠬᠠᠮᠠᠭᠠᠯᠠᠭᠴᠢ ᠪᠤᠯᠪᠠ᠂ ᠲᠡᠷᠡ ᠥᠴᠦᠬᠡᠨ ᠴᠦ᠍ ᠲᠠᠲᠠᠭᠠᠯᠵᠠᠯ ᠥᠬᠡᠶ᠎ᠪᠡᠷ᠂ 3 ᠨᠠᠰᠤᠲᠠᠶ ᠬᠦᠦ ᠬᠠᠲᠠᠪᠦ᠋ᠬᠡ᠎ᠪᠡᠨ ᠡᠭᠦᠷᠴᠦ᠍᠂ ᠡᠵᠢ ᠪᠣᠯᠤᠨ ᠳᠡᠭᠦᠦ᠎ᠪᠡᠨ ᠳᠠᠭᠠᠭᠤᠯᠤᠨ ᠲᠡᠮᠡᠭᠡᠨ ᠨᠢᠷᠤᠭᠤᠨ ᠳᠡᠭᠡᠷ᠎ᠡ ᠰᠢᠬᠠᠯᠳᠤᠨ ᠡᠯᠡᠰᠦ ᠭᠤᠪᠢ ᠵᠢ ᠳᠠᠪᠠᠵᠤ᠂ ᠲᠤᠯᠤᠭᠠᠨ ᠡᠳᠦᠷ ᠠᠶᠠᠯᠠᠵᠤ᠂ ᠡᠨᠡ ᠬᠦ᠌ ᠬᠥᠪᠡᠭᠡ ᠬᠢᠵᠠᠭᠠᠷ ᠥᠬᠡᠶ ᠬᠦᠮᠦᠨ ᠬᠠᠷ᠎ᠠ ᠦᠵᠡᠭᠳᠡᠬᠦ ᠦᠭᠡᠢ ᠡᠯᠡᠰᠦᠨ ᠴᠥᠯ᠎ᠳᠦ ᠢᠷᠡᠵᠡᠶ᠂ ᠢᠩᠭᠢᠵᠤ ᠢᠷᠡᠭᠡᠳ ᠨᠢᠭᠡ ᠨᠠᠰᠤ ᠪᠡᠷ ᠵᠢᠡᠨ ᠰᠠᠭᠤᠭᠰᠠᠨ ᠪᠠᠢᠨ᠎ᠠ᠃ ᠭᠡᠷ ᠦᠭᠡᠢ ᠪᠠᠢᠯ᠎ᠠ᠂ ᠲᠡᠷᠡ ᠳᠡᠭᠦᠦ᠎ᠲᠡᠶ᠎ᠪᠡᠨ ᠴᠢᠯᠠᠭᠤ ᠰᠢᠪᠠᠷ ᠵᠢᠡᠷ ᠰᠢᠷᠣᠶ᠎ᠶᠢᠨ ᠭᠡᠷ ᠪᠠᠷᠢᠪᠠ; ᠤᠰᠤ ᠦᠭᠡᠢ ᠪᠠᠢᠯ᠎ᠠ᠂ ᠡᠯᠡᠰᠦᠨ ᠳᠤᠤᠷ᠎ᠠ ᠡᠴᠡ ᠬᠤᠳᠳᠤᠭ ᠮᠠᠯᠲᠠᠵᠤ ᠭᠠᠷᠭᠠᠪᠠ; ᠴᠠᠬᠢᠯᠭᠠᠨ ᠦᠭᠡᠢ ᠪᠠᠢᠯ᠎ᠠ᠂ ᠨᠡᠭᠦᠷᠡᠰᠦᠨ ᠲᠣᠰᠣᠨ ᠳ᠋ᠧᠩ ᠠᠰᠠᠭᠠᠵᠤ᠂ ᠡᠷᠭᠢᠨ ᠲᠣᠭᠣᠷᠢᠨ ᠤ᠋ ᠬᠡᠳᠦᠨ ᠠᠷᠪᠠᠨ ᠺᠢᠯᠣᠮᠧᠲ᠋ᠷ᠎ᠲᠦ᠍ ᠳᠡᠳᠡᠨ ᠤ᠋ ᠬᠢᠨ ᠨᠢᠭᠡ ᠯᠡ ᠡᠷᠦᠬᠡ ᠪᠠᠢᠵᠠᠢ᠃ ᠡᠳᠦᠷ᠎ᠲᠡᠬᠡᠨ ᠲᠡᠷᠡ ᠬᠠᠯᠠᠭᠤᠨ ᠨᠡᠷᠡᠨ ᠰᠠᠯᠬᠢ ᠰᠢᠭᠤᠷᠭᠠᠨ ᠳᠤᠮᠳᠠ ᠲᠠᠮᠢᠷ ᠲᠡᠩᠬᠡᠭᠡ᠎ᠪᠡᠨ ᠪᠣᠯᠪᠠᠰᠤᠷᠠᠵᠤ᠂ ᠰᠥᠨᠢ ᠨᠠᠮ ᠵᠢᠮ ᠬᠠᠷᠠᠩᠭᠤᠢ ᠳᠤᠮᠳᠠ ᠵᠢᠵᠢᠭᠦᠷᠯᠡᠨ ᠬᠠᠷᠠᠭᠤᠯ ᠵᠣᠭᠰᠣᠨ᠎ᠠ᠃

1975 ᠣᠨ᠎ᠳᠤ᠂ ᠴᠤᠭ ᠲᠠᠭᠠᠨ ᠬᠢᠯᠢ ᠬᠠᠮᠠᠭᠠᠯᠠᠵᠤ ᠪᠠᠢᠭᠰᠠᠨ ᠮᠠᠯᠴᠢᠳ ᠬᠣᠶ᠋ᠢᠨ᠎ᠠ ᠬᠣᠶ᠋ᠢᠨ᠎ᠠ ᠡᠴᠡ᠎ᠪᠠᠨ ᠨᠡᠭᠦᠵᠦ᠍ ᠶᠠᠪᠤᠵᠠᠢ᠂ ᠰᠡᠭᠦᠯᠡᠷ ᠨᠢ ᠬᠢᠯᠢ᠎ᠶᠢᠨ ᠬᠠᠮᠠᠭᠠᠯᠠᠯᠲᠠ᠎ᠶᠢᠨ ᠪᠠᠶ᠋ᠢᠯᠳᠤᠭᠴᠢᠳ ᠤᠯᠠᠨᠳᠠ ᠰᠣᠯᠢᠭᠳᠠᠪᠠ᠃ ᠵᠠᠷᠢᠮ ᠬᠥᠮᠦᠨ ᠲᠡᠭᠦᠨ᠎ᠢ᠄ 《ᠪᠤᠰᠤᠳ ᠬᠥᠮᠦᠨ ᠪᠦᠷ ᠶᠠᠪᠤᠴᠢᠬᠠᠯ᠎ᠠ᠂ ᠲᠠ ᠪᠠᠰᠠ ᠶᠠᠪᠤᠴᠢᠬ᠎ᠠ》 ᠭᠡᠵᠦ᠍ ᠢᠳᠬᠠᠪᠠ᠃ ᠨᠢᠮ᠎ᠠ ᠶᠠᠪᠤᠭᠰᠠᠨ ᠦᠭᠡᠢ᠂ ᠲᠡᠷᠡ ᠨᠠᠮ᠎ᠤᠨ ᠵᠣᠬᠢᠶᠠᠨ ᠪᠠᠶ᠋ᠢᠭᠤᠯᠤᠯᠲᠠ᠎ᠳᠤ ᠨᠠᠮ᠎ᠳᠤ ᠣᠷᠣᠬᠤ ᠡᠷᠡᠮᠡᠯᠵᠡᠯ᠎ᠦᠨ ᠪᠢᠴᠢᠭ ᠲᠤᠰᠢᠶᠠᠵᠤ᠄ 《ᠪᠢ ᠡᠨᠳᠡ ᠢᠷᠡᠭᠰᠡᠨ ᠨᠢ ᠳᠠᠷᠤᠢ ᠬᠢᠯᠢ ᠰᠠᠬᠢᠬᠤ ᠵᠢᠨ ᠲᠦᠯᠦᠭᠡ᠂ ᠶᠠᠮᠠᠷᠪᠠ ᠬᠦᠴᠢᠷ ᠪᠡᠷᠬᠡᠰᠢᠶᠡᠯ ᠭᠡᠳ ᠨᠠᠮ᠎ᠠ ᠵᠢ ᠬᠤᠷᠢᠬᠯᠠᠵᠦ ᠳᠡᠶ᠋ᠢᠯᠬᠦ᠌ ᠦᠭᠡᠢ᠂ ᠪᠢ ᠬᠢᠯᠢ᠎ᠶᠢᠨ ᠱᠤᠭᠤᠮ᠎ᠢ ᠨᠠᠰᠤᠨ ᠲᠤᠷᠰᠢᠳᠠ ᠰᠠᠬᠢᠨ ᠬᠠᠮᠠᠭᠠᠯᠠᠬᠤ ᠰᠠᠨᠠᠭ᠎ᠠ᠎ᠲᠠᠶ》 ᠭᠡᠪᠡ᠃

ᠴᠠᠬᠳᠠᠨ ᠲᠤᠭᠤᠷᠢᠬᠤ ᠪᠣᠯ ᠨᠢᠮ᠎ᠠ᠎ᠶᠢᠨ ᠡᠳᠦᠷ ᠪᠦᠷᠢ᠎ᠶᠢᠨ ᠵᠠᠪᠠᠯ ᠪᠠᠶᠠᠯᠡᠬᠦᠯᠬᠦ ᠶᠤᠰᠤᠳᠠᠢ ᠠᠵᠢᠯ ᠪᠠᠢᠵᠤ᠂ ᠭᠡᠷ᠎ᠦᠨ ᠡᠭᠦᠳᠡᠨ᠎ᠡᠴᠡ ᠬᠢᠯᠢ᠎ᠶᠢᠨ ᠱᠤᠭᠤᠮ ᠬᠦᠷᠲᠡᠯᠡᠬᠢ 11 ᠺᠢᠯᠣᠮᠧᠲ᠋ᠷ ᠤ᠋ᠨ ᠵᠠᠮ ᠢ᠋ ᠲᠡᠷᠡ ᠪᠦᠬᠦᠯᠢ 55 ᠵᠢᠯ ᠴᠠᠬᠳᠠᠨ ᠶᠠᠪᠤᠵᠠᠢ᠃ ᠭᠠᠵᠠᠷ᠎ᠤᠨ ᠭᠠᠳᠠᠷᠭᠤ ᠵᠢᠨ ᠳᠤᠯᠠᠭᠠᠨ᠎ᠤ ᠬᠡᠮᠵᠢᠶ᠎ᠡ 50 ᠭᠷᠠᠳᠦ᠋ᠰ᠎ᠢ ᠳᠠᠪᠠᠬᠰᠠᠨ ᠠᠭᠠᠬᠢᠮ᠎ᠠ ᠵᠤᠨ ᠤ᠋ ᠬᠠᠯᠠᠭᠤᠨ ᠳ᠋ᠤ ᠨᠡᠷᠡᠨ᠎ᠳᠦ ᠪᠤᠷᠤᠯᠠᠳᠠᠯ᠎ᠠ ᠰᠢᠷᠠᠭᠳᠠᠭᠠᠳ᠂ ᠤᠷᠤᠭᠤᠯ ᠨᠢ ᠬᠠᠭᠠᠷᠠᠨ ᠴᠢᠰᠤ ᠭᠠᠷᠬᠤ ᠳ᠋ᠤ ᠲᠡᠷᠡ ᠠᠳᠬᠤ ᠡᠯᠡᠰᠦ ᠪᠡᠷ ᠰᠢᠷᠬ᠎ᠠ᠎ᠪᠠᠨ ᠳᠠᠷᠤᠵᠤ ᠦᠷᠭᠦᠯᠵᠢᠯᠡᠨ ᠤᠷᠤᠭᠰᠢᠯᠠᠳᠠᠭ᠃ ᠲᠡᠭ ᠡᠴᠡ ᠳᠣᠷᠣᠭᠰᠢ 30 ᠭᠷᠠᠳᠦ᠋ᠰ᠎ᠢ᠋ ᠲᠠᠪᠠᠬᠰᠡᠨ ᠬᠠᠬᠢᠷ ᠬᠦᠢᠳᠡᠨ ᠳ᠋ᠤ ᠤᠰᠤᠨ ᠯᠤᠨᠭᠬᠤ ᠨᠢ ᠬᠦᠯᠳᠡᠬᠦ ᠳ᠋ᠤ ᠲᠡᠷᠡ ᠪᠡᠶ᠎ᠡ᠎ᠶᠢᠨ ᠢᠯᠴᠢ ᠪᠡᠷ ᠵᠢᠡᠨ ᠭᠡᠰᠭᠡᠳᠡᠭ; ᠡᠪᠤᠷᠳᠦᠯᠡᠭᠰᠡᠨ ᠭᠡᠰᠡᠭ ᠪᠤᠭᠤᠷᠰᠤᠭ ᠨᠢ ᠲᠡᠬᠦᠨ ᠤ᠋ ᠪᠦᠲᠦᠨ ᠡᠳᠦᠷ ᠤ᠋ᠨ ᠠᠮᠤ ᠬᠦᠨᠡᠰᠤ ᠪᠤᠯᠳᠠᠭ᠃

ᠭᠣᠪᠢ᠎ᠶᠢᠨ ᠴᠠᠬ ᠠᠭᠤᠷ ᠭᠡᠵᠦ ᠬᠤᠪᠢᠷᠠᠯᠲᠠ ᠶᠡᠭᠡᠳᠠᠢ᠂ ᠨᠢᠭᠡ ᠤᠳᠠᠭ᠎ᠠ ᠨᠢᠮ᠎ᠠ ᠬᠦᠦ᠎ᠪᠡᠨ ᠲᠠᠭᠠᠭᠤᠯᠤᠨ ᠬᠢᠯᠢ ᠴᠠᠭᠳᠠᠬᠤ ᠦᠶ᠎ᠡ᠎ᠳᠦ ᠭᠡᠨᠡᠳᠲᠡ ᠡᠯᠡᠰᠦᠨ ᠰᠢᠭᠤᠷᠭ᠎ᠠ᠎ᠳᠤ ᠳᠠᠭᠠᠷᠢᠭᠳᠠᠵᠤ᠂ ᠳᠣᠭᠰᠢᠨ ᠰᠠᠯᠬᠢ ᠰᠢᠷ᠎ᠠ ᠡᠯᠡᠰᠦ᠎ᠬᠤᠢᠯᠠᠷᠠᠨ ᠲᠩᠷᠢ ᠭᠠᠵᠠᠷ᠎ᠢ ᠪᠦᠷᠬᠦᠵᠤ᠂ ᠡᠬᠡ ᠬᠦᠦ ᠬᠣᠶᠠᠷ ᠲᠡᠮᠡᠭᠡ᠎ᠲᠡᠶ ᠪᠡᠨ ᠬᠠᠮᠲᠤ᠌ ᠬᠣᠲᠣᠭᠣᠷ ᠲᠤ᠌ ᠬᠤᠷᠢᠬᠳᠠᠵᠤ᠂ ᠬᠦᠦ ᠨᠢ ᠠᠶᠤᠭᠠᠳ ᠤᠬᠢᠯᠠᠬᠤ ᠳ᠋ᠤ ᠨᠢᠮ᠎ᠠ ᠬᠦᠤ ᠪᠡᠨ ᠡᠪᠦᠷ᠎ᠲᠡᠬᠡᠨ ᠴᠢᠩᠭ᠎ᠠ ᠲᠡᠪᠡᠷᠢᠵᠦ᠍ ᠲᠠᠶ᠋ᠢᠳᠬᠤᠷᠠᠭᠤᠯᠤᠨ᠎ᠠ᠃ 3 ᠴᠠᠭ ᠭᠠᠷᠤᠶ᠎ᠶᠢᠨ ᠳᠠᠷᠠᠭ᠎ᠠ᠂ ᠰᠠᠯᠬᠢ ᠵᠣᠭᠰᠣᠭᠰᠠᠨ᠎ᠤ ᠳᠠᠷᠠᠭ᠎ᠠ᠂ ᠡᠬᠡ ᠬᠦᠦ ᠬᠣᠶᠠᠭᠤᠯᠠ ᠡᠯᠡᠰᠦᠨ ᠣᠪᠣᠭ᠎ᠠ᠎ᠡᠴᠡ ᠮᠥᠯᠬᠥᠨ ᠭᠠᠷᠴᠤ᠌ ᠢᠷᠡᠪᠠ᠂ ᠨᠢᠮ᠎ᠠ ᠪᠡᠶ᠎ᠠ ᠲᠡᠭᠡᠷᠡᠬᠢ ᠡᠯᠡᠰᠦ᠎ᠪᠡᠨ ᠭᠦᠪᠢᠭᠡᠳ ᠲᠡᠮᠡᠭᠡᠨ ᠳ᠋ᠡᠭᠡᠨ ᠮᠤᠷᠳᠠᠵᠤ᠄ 《ᠵᠠᠯᠭᠠᠭᠠᠳ ᠶᠠᠪᠤᠶ᠎ᠠ᠂ ᠴᠠᠭᠳᠠᠨ ᠲᠣᠭᠣᠷᠢᠬᠤ ᠠᠵᠢᠯ ᠪᠠᠰᠠ ᠲᠠᠭᠤᠰᠤᠭ᠎ᠠ ᠥᠬᠡᠶ ᠰᠢᠤ》 ᠭᠡᠪᠡ᠃ ᠲᠡᠷᠡ ᠡᠳᠦᠷ ᠲᠡᠷᠡ ᠴᠠᠭᠳᠠᠨ ᠲᠣᠭᠣᠷᠢᠬᠤ ᠡᠳᠦᠷ᠎ᠦᠨ ᠲᠡᠮᠳᠡᠭᠯᠡᠯ ᠳᠡᠭᠡᠷ᠎ᠡ ᠪᠡᠨ᠄ 《ᠰᠠᠯᠬᠢ ᠶᠡᠬᠡ᠂ ᠶᠡᠷᠦ᠍ ᠪᠤᠰᠤ᠎ᠶᠢᠨ ᠪᠠᠢᠳᠠᠯ ᠬᠠᠷᠠᠭᠳᠠᠬᠰᠡᠨ ᠦᠭᠡᠢ》 ᠭᠡᠵᠦ᠍ ᠪᠢᠴᠢᠪᠠ᠃ 50 ᠭᠠᠷᠤᠢ ᠵᠢᠯ᠎ᠦᠨ ᠲᠤᠷᠰᠢ᠂ ᠡᠶ᠋ᠢᠮᠦᠷᠬᠦᠦ 《ᠬᠡᠪ᠎ᠦᠨ ᠪᠤᠰᠤ ᠪᠠᠶ᠋ᠢᠳᠠᠯ ᠬᠠᠷᠠᠬᠳᠠᠬᠰᠡᠨ ᠦᠭᠡᠢ》 ᠭᠡᠬᠦ ᠲᠡᠮᠳᠡᠭᠳᠡᠯ ᠨᠢ ᠬᠡᠳᠦᠨ ᠠᠷᠪᠠᠨ ᠲᠡᠮᠳᠡᠭᠯᠡᠯ᠎ᠦᠨ ᠳᠡᠪᠲᠡᠷ᠎ᠢ ᠳᠦᠭᠦᠷᠭᠡᠵᠦ᠍᠂ ᠭᠠᠳᠠᠭᠠᠳᠤ᠎ᠳᠤ ᠬᠣᠯᠪᠣᠭᠳᠠᠭᠰᠠᠨ ᠬᠡᠷᠡᠭ ᠨᠢᠭᠡ ᠴᠦ᠍ ᠭᠠᠷᠤᠭᠰᠠᠨ ᠦᠭᠡᠢ ᠪᠠᠢᠯ᠎ᠠ᠃

ᠨᠢᠮ᠎ᠠ᠎ᠶᠢᠨ ᠬᠡᠷ ᠨᠢ ᠬᠢᠯᠢ᠎ᠶᠢᠨ ᠬᠠᠮᠠᠭᠠᠯᠠᠯᠲᠠ᠎ᠶᠢᠨ ᠰᠤᠮᠤ᠎ᠡᠴᠡ ᠳᠡᠮᠡᠶ ᠬᠣᠯᠠ ᠥᠬᠡᠶ ᠪᠠᠢᠷᠢᠯᠠᠳᠠᠭ᠂ ᠲᠡᠷᠡ ᠨᠢ ᠬᠢᠯᠢ ᠴᠠᠭᠳᠠᠬᠤ ᠪᠠᠶ᠋ᠢᠯᠳᠤᠭᠴᠢᠳ᠎ᠤᠨ 《ᠬᠠᠯᠠᠭᠤᠨ ᠳᠤᠯᠠᠭᠠᠨ ᠥᠷᠲᠡᠭᠡ》 ᠬᠡᠮᠡᠭᠳᠡᠵᠠᠢ᠃ ᠰᠢᠨ᠎ᠡ ᠴᠡᠷᠢᠭ ᠬᠢᠯᠢ ᠬᠢᠵᠠᠭᠠᠷ᠎ᠤᠨ ᠵᠣᠪᠠᠭᠤᠷᠢ ᠵᠦᠳᠡᠭᠦᠷᠢ᠎ᠳᠦ ᠵᠣᠬᠢᠴᠠᠬᠤ ᠦᠭᠡᠢ᠂ ᠢᠳᠡᠵᠤ ᠤᠤᠭᠤᠬᠤ ᠨᠢ ᠳᠠᠳᠬᠤ ᠦᠭᠡᠢ᠂ ᠠᠷᠤ ᠭᠡᠷ᠎ᠢᠶᠡᠨ ᠰᠠᠨᠠᠭᠠᠳ ᠨᠢᠯᠪᠤᠰᠤ ᠤᠨᠠᠭᠠᠳᠠᠭ᠃ ᠨᠢᠮ᠎ᠠ ᠬᠦᠦ᠎ᠪᠡᠷ᠎ᠢᠶᠡᠨ ᠪᠠᠶ᠋ᠢᠯᠳᠤᠭᠴᠢᠳ᠎ᠢ ᠬᠡᠷ᠎ᠲᠡᠭᠡᠨ ᠲᠠᠭᠤᠳᠠᠨ ᠠᠪᠴᠢᠷᠠᠵᠤ᠂ ᠮᠢᠬ᠎ᠠ ᠴᠢᠨᠠᠵᠤ᠂ ᠪᠢᠰᠢᠯᠠᠭ᠂ ᠥᠷᠥᠮ᠎ᠡ ᠬᠢᠵᠤ ᠢᠳᠡᠬᠦᠯᠤᠨ᠂ ᠤᠷᠠᠭᠳᠠᠭᠰᠠᠨ ᠬᠤᠪᠴᠠᠰᠤ᠎ᠶᠢ ᠨᠢ ᠨᠦᠬᠦᠵᠤ ᠦᠭᠳᠡᠭ ᠪᠠᠢᠯ᠎ᠠ᠃ ᠪᠠᠢᠯᠳᠤᠬᠴᠢᠳ ᠨᠢᠮ᠎ᠠ ᠵᠢᠨ ᠬᠢᠭᠰᠡᠨ ᠬᠠᠯᠠᠭᠤᠨ ᠪᠦᠯᠢᠶᠠᠨ ᠬᠣᠭᠣᠯᠠ ᠵᠢ ᠢᠳᠡᠵᠦ᠍᠂ ᠲᠡᠬᠦᠨ ᠢ᠋ 《ᠡᠵᠢ》 ᠭᠡᠵᠦ᠍ ᠲᠤᠳᠤᠨᠤᠴᠢᠯᠡᠨ ᠲᠠᠭᠤᠳᠠᠬᠤ ᠳ᠋ᠦ ᠨᠢᠳᠦ ᠨᠢ ᠵᠠᠢᠷᠳᠤᠳᠠᠭ ᠪᠠᠢᠯ᠎ᠠ᠃ ᠲᠡᠳᠡᠭᠡᠷ ᠵᠢᠯ ᠤ᠋ᠳ ᠲᠤ᠌ ᠡᠳ᠋ ᠪᠣᠳᠠᠰ ᠬᠣᠪᠤᠷᠬᠠᠨ ᠪᠠᠢᠵᠤ᠂ ᠮᠠᠯᠵᠢᠬᠤ ᠣᠷᠣᠨ᠎ᠳᠤ ᠬᠤᠮᠠ᠎ᠶᠢᠨ ᠲᠤᠰᠤ ᠲᠤᠩ ᠦᠨᠡᠲᠡᠢ ᠪᠠᠶ᠋ᠢᠳᠠᠭ᠂ ᠨᠢᠮ᠎ᠠ ᠡᠳᠦᠷ᠎ᠦᠨ ᠭᠤᠷᠪᠠᠨ ᠡᠷᠡᠨ ᠤ᠋ ᠬᠣᠭᠣᠯᠠᠨ᠎ᠳᠠᠭᠠᠨ ᠲᠤᠰᠤ ᠲᠤᠩ ᠪᠠᠭ᠎ᠠ ᠬᠢᠳᠡᠭ ᠪᠣᠯᠪᠠᠴᠤ᠌᠂ ᠬᠠᠭᠠᠰ ᠵᠢᠯ ᠢᠯᠡᠭᠦᠦ ᠬᠠᠳᠠᠭᠠᠯᠠᠭᠰᠠᠨ ᠬᠤᠮᠠ᠎ᠶᠢᠨ ᠲᠤᠰᠤ᠎ᠪᠠᠨ ᠡᠪᠡᠰᠦ ᠪᠣᠷᠳᠣᠭ᠎ᠠ᠎ᠳᠠᠭᠠᠨ ᠬᠣᠯᠢᠵᠤ᠂ ᠰᠤᠮᠤᠨ᠎ᠤ ᠴᠡᠷᠢᠭ᠎ᠦᠨ ᠲᠡᠮᠡᠭᠡ ᠵᠢ ᠰᠠᠢᠳᠤᠷ ᠡᠪᠡᠰᠤᠯᠡᠳᠡᠭ᠃ ᠰᠡᠭᠦᠯᠡᠷ ᠨᠢ ᠰᠤᠮᠤᠨ ᠠᠩᠬᠢ ᠴᠡᠷᠢᠭ᠎ᠦᠨ ᠬᠤᠸᠠᠷᠠᠨ᠎ᠢᠶᠠᠨ ᠨᠡᠭᠦᠯᠭᠡᠬᠦ᠌᠎ᠳᠦ᠂ ᠨᠢᠮ᠎ᠠ᠎ᠶᠢᠨ ᠨᠤᠲᠤᠭ ᠪᠡᠯᠴᠢᠭᠡᠷ᠎ᠡᠴᠡ ᠴᠠᠬᠢᠯᠭᠠᠨ ᠤᠲᠠᠰᠤ ᠲᠠᠲᠠᠵᠤ᠂ ᠰᠤᠮᠤᠨ ᠠᠩᠬᠢ᠎ᠶᠢᠨ ᠺᠠᠳ᠋ᠷ ᠭᠡᠷ᠎ᠲᠦᠨᠢ ᠬᠦᠷᠴᠦ᠍ ᠨᠥᠬᠥᠪᠥᠷᠢ ᠥᠭᠬᠦ᠌ ᠲᠤᠬᠠᠢ ᠶᠠᠷᠢᠬᠤ ᠳ᠋ᠤ᠂ ᠨᠢᠮ᠎ᠠ᠄ 《ᠬᠢᠯᠢ ᠬᠢᠵᠠᠭᠠᠷ᠎ᠢ ᠰᠠᠬᠢᠵᠤ ᠬᠢᠯᠢ ᠬᠢᠵᠠᠭᠠᠷ᠎ᠢ ᠬᠠᠮᠠᠭᠠᠯᠠᠬᠤ ᠪᠣᠯ ᠤᠯᠤᠰ᠎ᠤᠨ ᠶᠡᠬᠡ ᠶᠠᠪᠤᠳᠠᠯ᠂ ᠪᠢᠳᠠ ᠪᠦᠬᠦᠳᠡᠭᠡᠷ ᠵᠢᠡᠨ ᠨᠤᠲᠤᠭ ᠪᠡᠯᠴᠢᠭᠡᠷ ᠵᠢᠡᠨ ᠰᠠᠬᠢᠨ ᠬᠠᠮᠠᠭᠠᠯᠠᠵᠤ ᠠᠰᠢᠬᠯᠠᠵᠤ ᠪᠠᠢᠨ᠎ᠠ᠂ ᠪᠦᠷ ᠨᠢᠭᠡ ᠭᠡᠷ ᠤ᠋ᠨ ᠬᠦᠮᠦᠨ ᠪᠠᠢᠭᠠᠳ ᠶᠠᠭᠤᠨ ᠤ᠋ ᠵᠤᠭᠤᠰ ᠶᠠᠷᠢᠴᠢᠬᠠᠬᠰᠡᠨ ᠶᠤᠮ ᠪᠤᠢ!》 ᠭᠡᠵᠤ ᠭᠠᠷ ᠰᠠᠵᠢᠨ ᠬᠡᠯᠡᠨ᠎ᠠ᠃

ᠬᠠᠳᠠᠪᠦ᠋ᠭᠡ ᠭᠤᠷᠪᠠᠨ ᠨᠠᠰᠤᠲᠠᠢ᠎ᠳᠠᠭᠠᠨ ᠡᠵᠢ᠎ᠪᠡᠨ ᠲᠠᠭᠠᠵᠤ ᠬᠢᠯᠢ᠎ᠬᠢᠵᠠᠭᠠᠷ ᠢ᠋ ᠰᠠᠬᠢᠨ ᠬᠠᠮᠠᠭᠠᠯᠠᠬᠤ ᠪᠡᠷ ᠢᠷᠠᠵᠤ᠂ ᠲᠡᠮᠡᠭᠡ ᠤᠨᠤᠨ ᠴᠠᠬᠳᠠᠨ ᠲᠤᠭᠤᠷᠢᠵᠤ ᠪᠠᠢᠭᠠᠳ ᠥᠰᠴᠦ᠍ ᠪᠣᠶ᠋ᠢᠵᠢᠬᠰᠡᠨ ᠶᠤᠮ᠃ ᠪᠠᠯᠴᠢᠷ᠎ᠪᠠᠢᠬᠤ ᠳ᠋ᠤᠨᠢ ᠴᠠᠬᠳᠠᠨ ᠲᠤᠭᠤᠷᠢᠬᠤ ᠳ᠋ᠠᠭᠠᠨ ᠡᠵᠢ ᠨᠢ ᠲᠡᠭᠦᠨ᠎ᠢ ᠲᠡᠮᠡᠭᠡᠨ ᠡᠮᠡᠭᠡᠯ ᠡᠴᠡ ᠤᠶᠠᠳᠠᠭ; ᠪᠠᠭᠠᠴᠤᠤᠯ ᠪᠠᠢᠬᠤ ᠦᠶ᠎ᠠ ᠳ᠋ᠦ᠂ ᠲᠡᠷᠡ ᠡᠵᠢ᠎ᠪᠡᠨ ᠣᠷᠣᠯᠠᠨ ᠥᠨᠳᠥᠷ ᠬᠥᠲᠥᠯ ᠳᠡᠭᠡᠷ᠎ᠡ ᠭᠠᠷᠴᠤ᠌ ᠠᠯᠤᠰ ᠬᠤᠯᠠ ᠬᠢᠯᠢ ᠵᠢᠨ ᠱᠤᠭᠤᠮ ᠢ᠋ ᠴᠠᠬᠳᠠᠨ ᠪᠠᠷᠠᠯᠠᠳᠠᠭ; ᠨᠠᠰᠤᠨ᠎ᠳᠤ ᠬᠦᠷᠦᠭᠰᠡᠨ᠎ᠦ ᠳᠠᠷᠠᠭ᠎ᠠ᠂ ᠲᠡᠷᠡ ᠡᠵᠢ᠎ᠶᠢᠨ᠎ᠢᠶᠡᠨ ᠬᠠᠮᠤᠭ᠎ᠤᠨ ᠪᠠᠲᠤ᠌ ᠴᠢᠩᠭ᠎ᠠ ᠲᠡᠮᠵᠢᠯᠭᠡ ᠪᠣᠯᠵᠠᠶ᠃ 18 ᠨᠠᠰᠤᠲᠠᠢ ᠲᠡᠷᠡ ᠵᠢᠯ᠎ᠳᠡᠭᠡᠨ ᠬᠠᠳᠠᠪᠦ᠋ᠭᠡ ᠵᠢᠩᠬᠢᠨᠢ᠎ᠪᠡᠷ ᠨᠢᠭᠡᠨ ᠬᠢᠯᠢ ᠬᠠᠮᠠᠭᠠᠯᠠᠭᠴᠢ ᠪᠤᠯᠵᠤ᠂ ᠡᠷᠬᠢᠨ ᠲᠣᠭᠣᠷᠢᠨ᠎ᠤ ᠮᠠᠯᠴᠢᠨ ᠲᠠᠷᠢᠶᠠᠴᠢᠳ ᠲᠡᠬᠦᠨ ᠢ᠋ ᠨᠡᠷ᠎ᠡ᠎ᠪᠡᠷ ᠨᠢ ᠳᠠᠭᠤᠳᠠᠬᠤ ᠦᠭᠡᠢ᠂ 《ᠬᠠ᠊ ᠰᠤᠮᠤ ᠵᠢᠨ ᠳᠠᠷᠤᠭ᠎ᠠ》 ᠭᠡᠵᠦ᠍ ᠳᠠᠭᠤᠳᠠᠳᠠᠭ ᠪᠤᠯᠪᠠ — ᠡᠨᠡ ᠪᠣᠯ ᠨᠤᠲᠤᠭ᠎ᠤᠨ ᠠᠬ᠎ᠠ ᠳᠡᠭᠦᠦ᠎ᠨᠡᠷ ᠡᠨᠡ ᠬᠦ᠌ ᠬᠢᠯᠢ ᠬᠢᠵᠠᠭᠠᠷ᠎ᠢ ᠰᠠᠬᠢᠭᠰᠠᠨ ᠡᠭᠡ ᠬᠦᠦ᠎ᠳᠦ ᠲᠡᠪᠰᠢᠬᠦᠯᠦᠭᠰᠡᠨ ᠬᠠᠮᠤᠭ᠎ᠤᠨ ᠳᠡᠭᠡᠳᠦ ᠬᠦᠨᠳᠦᠳᠬᠡᠯ ᠪᠣᠯᠬᠤ ᠶᠤᠮ᠃

ᠪᠡᠷᠢ ᠤᠳᠤᠨᠭᠡᠷᠡᠯ ᠡᠨᠡ ᠭᠡᠷ᠎ᠲᠦ᠍ ᠮᠣᠷᠳᠠᠵᠤ ᠢᠷᠡᠭᠰᠡᠨ᠎ᠦ ᠳᠠᠷᠠᠭ᠎ᠠ᠂ ᠬᠠᠳᠠᠮ ᠡᠵᠢ᠎ᠶᠢᠨ᠎ᠢᠶᠡᠨ ᠬᠡᠳᠦᠨ ᠠᠷᠪᠠᠨ ᠵᠢᠯ᠎ᠦᠨ ᠪᠠᠲᠤ᠌ ᠰᠠᠬᠢᠶ᠎ᠠ᠎ᠳᠤ ᠰᠡᠳᠬᠢᠯ ᠳᠣᠭᠳᠣᠯᠪᠠ᠃ 1990 ᠣᠨ᠎ᠳᠤ᠂ ᠲᠡᠷᠡ ᠨᠢᠮ᠎ᠠ᠎ᠶᠢᠨ ᠦᠭᠡ ᠶᠠᠷᠢᠶ᠎ᠠ ᠦᠢᠯᠡ ᠠᠵᠢᠯᠯᠠᠭ᠎ᠠ ᠵᠢᠭᠠᠨ ᠰᠤᠷᠭᠠᠯᠲᠠ ᠳᠣᠣᠷ᠎ᠠ ᠢᠷᠠᠭᠤ ᠠᠯᠳᠠᠷᠲᠠᠢ᠎ᠪᠠᠷ ᠨᠠᠮ᠎ᠳᠤ ᠣᠷᠣᠪᠠ᠄ 《ᠬᠠᠳᠠᠮ ᠡᠵᠢ ᠶᠡᠬᠡ ᠶᠣᠰᠣ ᠤᠴᠢᠷ ᠳᠡᠮᠡᠢ ᠶᠠᠷᠢᠳᠠᠭ ᠦᠭᠡᠢ᠂ ᠭᠡᠲᠡᠯ᠎ᠡ ᠲᠡᠭᠦᠨ᠎ᠤ ᠡᠳᠦᠷ ᠪᠦᠷᠢ ᠰᠠᠯᠬᠢ ᠰᠢᠭᠤᠷᠭᠠᠨ᠎ᠢ ᠰᠦᠷᠦᠨ ᠭᠠᠳᠠᠭᠰᠢ ᠭᠠᠷᠬᠤ ᠪᠠᠷ᠎ᠠ ᠰᠡᠭᠦᠳᠡᠷ ᠨᠢ ᠬᠠᠮᠤᠭ᠎ᠤᠨ ᠰᠠᠢ᠌ᠨ ᠨᠠᠮ᠎ᠤᠨ ᠬᠢᠴᠢᠶᠡᠯ ᠪᠣᠯᠤᠨ᠎ᠠ》᠃ 2023 ᠣᠨ᠎ᠳᠤ᠂ ᠨᠢᠮ᠎ᠠ᠎ᠶᠢᠨ ᠣᠮᠪᠣᠯᠣ ᠬᠦᠦ ᠪᠦᠦ ᠴᠢᠤᠸᠠᠨ ᠬᠣᠲᠠ᠎ᠳᠤ ᠦᠯᠡᠳᠡᠵᠦ᠍ ᠠᠵᠢᠯᠯᠠᠬᠤ ᠲᠣᠬᠢᠶᠠᠯ᠎ᠢᠶᠠᠨ ᠲᠠᠶᠠᠭᠳᠠᠵᠤ᠂ ᠬᠢᠯᠢ᠎ᠶᠢᠨ ᠱᠤᠭᠤᠮ᠎ᠳᠠᠭᠠᠨ ᠪᠤᠴᠠᠵᠤ᠂ ᠳᠠᠨᠭᠰᠤᠭ ᠪᠤᠯᠠᠭ ᠰᠤᠮᠤ᠎ᠶᠢᠨ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠨᠢᠭᠡ ᠲᠤᠰᠠᠯᠠᠭᠴᠢ ᠴᠠᠭᠳᠠᠭ᠎ᠠ ᠪᠣᠯᠪᠠ᠃ ᠵᠠᠷᠢᠮ ᠬᠥᠮᠦᠨ᠂ ᠳᠥᠩᠭᠡᠵᠢ ᠭᠣᠪᠢ ᠨᠤᠲᠤᠭ᠎ᠡᠴᠡ ᠭᠠᠷᠴᠤ᠌ ᠶᠠᠪᠤᠭᠠᠳ ᠲᠠᠬᠢᠨ ᠬᠠᠷᠢᠵᠦ ᠢᠷᠡᠭᠰᠡᠨ ᠎ᠢ ᠨᠢ ᠣᠶ᠋ᠢᠯᠭᠠᠬᠤ ᠦᠭᠡᠢ ᠪᠠᠢᠯ᠎ᠠ᠃ ᠪᠦᠦ ᠴᠢᠤᠸᠠᠨ᠄《ᠡᠮᠡᠭᠡ ᠨᠢᠭᠡ ᠨᠠᠰᠤ᠎ᠪᠠᠷ᠎ᠢᠶᠠᠨ ᠰᠠᠬᠢᠵᠤ᠂ ᠠᠪᠤ ᠨᠢᠭᠡ ᠨᠠᠰᠤ᠎ᠪᠠᠷ᠎ᠢᠶᠠᠨ ᠰᠠᠬᠢᠵᠤ᠂ ᠪᠢ ᠬᠠᠷᠢᠵᠤ ᠢᠷᠡᠬᠦ᠌ ᠦᠭᠡᠢ ᠪᠤᠯ ᠬᠡᠨ ᠡᠨᠡ ᠪᠤᠤᠬᠢᠶ᠎ᠠ᠎ᠵᠢ ᠲᠣᠰᠬᠤ ᠪᠤᠢ?》 ᠭᠡᠵᠦ ᠬᠠᠷᠢᠭᠤᠯᠵᠠᠢ᠃

ᠡᠮᠡᠭᠡ᠎ᠡᠴᠡ ᠠᠪᠤ ᠬᠦᠷᠲᠡᠯ᠎ᠡ᠂ ᠠᠪᠤ᠎ᠡᠴᠡ ᠣᠮᠪᠣᠯᠣ ᠬᠦᠷᠲᠡᠯ᠎ᠡ᠂ ᠬᠠᠭᠠᠰ ᠵᠠᠭᠤᠨ᠎ᠢ ᠰᠤᠨᠳᠠᠯᠠᠵᠤ᠂ ᠭᠤᠷᠪᠠᠨ 《ᠬᠢᠯᠢ᠎ᠶᠢᠨ ᠬᠥᠰᠢᠶ᠎ᠡ》 ᠡᠬᠡ ᠤᠯᠤᠰ᠎ᠤᠨ ᠪᠠᠷᠠᠭᠤᠨ ᠬᠣᠶ᠋ᠢᠲᠤ᠎ᠶᠢᠨ ᠬᠢᠯᠢ᠎ᠶᠢᠨ ᠱᠤᠭᠤᠮ ᠳᠡᠭᠡᠷ᠎ᠡ ᠥᠨᠢᠳᠡ ᠰᠢᠯᠵᠢᠰᠢ ᠦᠭᠡᠢ ᠬᠤᠪᠢᠰᠬᠠᠯᠲᠦ ᠪᠡᠬᠢᠯᠡᠯᠲᠡ ᠵᠢ ᠪᠠᠶ᠋ᠢᠭᠤᠯᠪᠠ᠃

ᠡᠳᠦᠭᠡ ᠦᠨᠳᠦᠷ ᠨᠠᠰᠤᠯᠠᠭᠰᠠᠨ ᠨᠢᠮ᠎ᠠ ᠨᠠᠰᠤᠲᠠᠨ᠎ᠤ ᠬᠦᠯ ᠨᠢ ᠶᠠᠪᠤᠵᠤ ᠰᠠᠭᠤᠬᠤ᠎ᠳᠤ ᠳᠦᠭᠦᠮ ᠦᠭᠡᠢ ᠪᠤᠯᠵᠤ᠂ ᠡᠳᠦᠷ ᠪᠦᠷᠢ 8 ᠴᠠᠭ ᠴᠠᠭᠳᠠᠨ ᠲᠣᠭᠣᠷᠢᠵᠤ ᠳᠡᠶ᠋ᠢᠯᠬᠦ᠌ ᠦᠭᠡᠢ ᠪᠣᠯᠤᠭᠰᠠᠨ ᠪᠣᠯᠪᠠᠴᠤ᠌ ᠲᠡᠷᠡ ᠮᠥᠨ ᠯᠡ ᠬᠣᠶᠠᠷ ᠵᠦᠢᠯ᠎ᠦᠨ ᠶᠠᠪᠤᠳᠠᠯ᠎ᠢ ᠪᠠᠷᠢᠮᠲᠠᠯᠠᠬᠰᠠᠭᠠᠷ ᠪᠠᠢᠯ᠎ᠠ᠄ ᠥᠷᠯᠥᠭᠡ ᠪᠦᠷᠢ ᠡᠷᠲᠡ ᠠᠭᠤᠯᠠᠨ ᠬᠥᠲᠥᠯ ᠳᠡᠭᠡᠷ᠎ᠡ ᠭᠠᠷᠴᠤ᠌᠂ ᠳᠤᠷᠠᠨ᠎ᠢᠶᠠᠷ ᠬᠢᠯᠢ᠎ᠶᠢᠨ ᠱᠤᠭᠤᠮ᠎ᠢ ᠪᠠᠷᠠᠯᠠᠨ᠎ᠠ; ᠦᠳᠡᠰᠢ ᠪᠦᠷᠢ᠂ 《ᠲᠠᠯ᠎ᠠ ᠨᠤᠲᠤᠭ᠎ᠤᠨ 110》 ᠵᠢᠡᠷ ᠳᠠᠮᠵᠢᠭᠤᠯᠤᠨ ᠬᠢᠯᠢ᠎ᠶᠢᠨ ᠬᠠᠮᠠᠭᠠᠯᠠᠯᠲᠠ᠎ᠶᠢᠨ ᠰᠤᠮᠤᠨ ᠠᠩᠭᠢ᠎ᠳᠤ᠄《ᠥᠨᠥᠳᠦᠷ᠎ᠦᠨ ᠠᠯᠢᠪᠠ ᠪᠦᠬᠦᠨ ᠬᠡᠪ᠎ᠦᠨ ᠪᠠᠶ᠋ᠢᠳᠠᠯ᠎ᠲᠠᠶ ᠪᠠᠶ᠋ᠢᠨ᠎ᠠ》 ᠭᠡᠵᠦ᠍ ᠮᠡᠳᠡᠭᠦᠯᠳᠡᠭ᠃

55 ᠵᠢᠯ᠎ᠦᠨ ᠲᠤᠷᠰᠢ᠂ ᠨᠢᠮ᠎ᠠ ᠪᠦᠬᠦ᠌ ᠵᠠᠯᠠᠭᠤ ᠨᠠᠰᠤ᠎ᠪᠠᠨ ᠵᠣᠷᠢᠭᠤᠯᠵᠤ ᠬᠢᠯᠢ ᠬᠢᠵᠠᠭᠠᠷ᠎ᠤᠨ ᠠᠮᠤᠷ ᠲᠦᠪᠰᠢᠨ᠎ᠢ ᠰᠠᠬᠢᠨ ᠬᠠᠮᠠᠭᠠᠯᠠᠵᠤ᠂ ᠬᠠᠭᠠᠰ ᠵᠠᠭᠤᠨ ᠭᠠᠷᠤᠢ ᠵᠢᠨ ᠠᠮᠢᠳᠤᠷᠠᠯ᠎ᠢᠶᠠᠷ᠎ᠢᠶᠠᠨ ᠲᠡᠭᠦᠨ᠎ᠦ 《ᠨᠢᠭᠡ ᠨᠠᠰᠤᠨ᠎ᠳᠠᠭᠠᠨ ᠨᠢᠭᠡ ᠤᠴᠢᠷ᠎ᠢ ᠰᠣᠩᠭᠣᠵᠤ᠂ ᠨᠢᠭᠡ ᠤᠴᠢᠷ᠎ᠲᠤ᠌ ᠨᠢᠭᠡ ᠨᠠᠰᠤ᠎ᠪᠠᠷ᠎ᠢᠶᠠᠨ ᠰᠢᠳᠤᠷᠭᠤ ᠪᠠᠶ᠋ᠢᠬᠤ》 ᠠᠮᠠᠯᠠᠯᠲᠠ᠎ᠪᠠᠨ ᠪᠡᠶᠡᠯᠡᠭᠦᠯᠪᠡ᠃ ᠨᠢᠮ᠎ᠠ ᠤᠷᠢᠳ ᠬᠣᠵᠢᠳ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶᠡᠴᠢ ᠬᠤᠪᠢ ᠬᠥᠮᠦᠨ᠂ ᠪᠥᠬᠥ᠌ ᠤᠯᠤᠰ᠎ᠤᠨ 《3·8》 ᠤ᠋ ᠤᠯᠠᠭᠠᠨ ᠲᠤᠭᠴᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 《ᠤᠮᠠᠷᠠᠲᠤ᠌ ᠬᠢᠯᠢ᠎ᠶᠢᠨ ᠵᠢᠱ᠌ᠢᠶᠡᠴᠢ》 ᠵᠡᠷᠭᠡ ᠢᠷᠠᠭᠤ ᠠᠯᠳᠠᠷ᠎ᠢ ᠭᠥᠷᠳᠡᠵᠦ᠍᠂ ᠬᠡᠷ ᠪᠦᠯᠢ ᠨᠢ ᠪᠥᠬᠥ᠌ ᠤᠯᠤᠰ᠎ᠤᠨ ᠲᠠᠪᠤᠨ ᠰᠠᠶ᠋ᠢᠨᠲᠠᠶ ᠬᠡᠷ ᠪᠦᠯᠢ᠎ᠪᠡᠷ ᠦᠨᠡᠯᠡᠭᠳᠡᠪᠡ᠃ ᠡᠨᠡ ᠵᠢᠯ ᠪᠠᠰᠠ 《ᠪᠥᠬᠥ᠌ ᠤᠯᠤᠰ᠎ᠤᠨ ᠰᠢᠯᠢᠳᠡᠭ ᠡᠪ ᠬᠠᠮᠲᠤ᠌ ᠨᠠᠮ᠎ᠤᠨ ᠭᠡᠰᠢᠭᠦᠨ》 ᠤ᠋ ᠢᠷᠠᠭᠤ ᠠᠯᠳᠠᠷ᠎ᠤᠨ ᠴᠣᠯᠠ ᠭᠥᠷᠳᠡᠪᠡ᠃

《ᠡᠪ ᠬᠠᠮᠲᠤ᠌ ᠨᠠᠮ᠎ᠤᠨ ᠭᠡᠰᠢᠭᠦᠨ ᠪᠣᠯᠤᠭᠰᠠᠨ᠎ᠤ ᠬᠤᠪᠢ᠎ᠳᠤ᠂ ᠪᠢ ᠡᠬᠡ ᠤᠯᠤᠰ᠎ᠤᠨ᠎ᠢᠶᠠᠨ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ᠎ᠲᠡᠶ᠂ ᠤᠳᠤ ᠪᠢ ᠨᠠᠰᠤ ᠠᠬᠢᠵᠤ᠂ ᠬᠦᠯ ᠭᠠᠷ ᠰᠠᠨᠠᠭ᠎ᠠ ᠪᠡᠷ ᠵᠠᠷᠤᠭᠳᠠᠬᠤ᠎ᠪᠠᠨ ᠪᠣᠯᠢᠵᠠᠢ᠂ ᠭᠡᠪᠡᠴᠦ᠍ ᠪᠢ ᠬᠥᠳᠡᠯᠵᠦ᠍ ᠴᠢᠳᠠᠳᠠᠭ ᠯᠠ ᠶᠤᠮ ᠪᠣᠯ᠂ ᠡᠨᠡ ᠬᠦ᠌ ᠲᠤᠰᠢᠶᠠᠯ ᠬᠠᠷᠢᠭᠤᠴᠠᠯᠭ᠎ᠠ᠎ᠪᠠᠨ ᠰᠠᠶ᠋ᠢᠲᠤᠷ ᠭᠦᠢᠴᠡᠳᠬᠡᠵᠦ᠍᠂ ᠡᠨᠳᠡ ᠨᠠᠰᠤᠨ ᠲᠤᠷᠰᠢᠳᠠ᠎ᠪᠠᠨ ᠪᠠᠲᠤ᠌ ᠰᠠᠬᠢᠨ᠎ᠠ!》 ᠨᠢᠮ᠎ᠠ ᠨᠠᠰᠤᠲᠠᠨ᠎ᠤ ᠦᠭᠡ ᠶᠠᠷᠢᠶ᠎ᠠ ᠨᠢ ᠨᠡᠯᠦᠭᠡᠷ ᠠᠭᠤᠳᠠᠮ ᠭᠣᠪᠢ ᠨᠤᠲᠤᠭ᠎ᠲᠤ᠌ ᠤᠳᠠᠲᠠᠯ᠎ᠠ ᠴᠤᠤᠷᠢᠶᠠᠲᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号