ᠲᠢᠩ·ᠪᠠᠭᠠᠲᠤᠷ᠄ ᠨᠠᠰᠤᠨ ᠲᠤᠷᠰᠢᠳᠠ ᠲᠠᠯ᠎ᠠ ᠨᠤᠲᠤᠭ᠎ᠢᠶᠠᠨ ᠰᠠᠬᠢᠨ ᠬᠠᠮᠠᠭᠠᠯᠠᠨ᠎ᠠ
2026-06-09 10:18:18
ᠵᠣᠬᠢᠶᠠᠭ᠍ᠴᠢ᠄
ᠪᠠᠶᠠᠰᠭᠤᠯᠠᠩ
ᠣᠩᠱᠢᠭ᠍ᠰᠠᠨ ᠣᠳᠠᠭ᠎ᠠ᠄
★★★☆☆

ᠵᠤᠨ᠎ᠤ ᠤᠯᠠᠷᠢᠯ᠎ᠤᠨ ᠱᠢᠯᠢ᠎ᠶ᠋ᠢᠨ ᠭᠣᠣᠯ ᠠᠢᠮᠠᠭ᠎ᠤᠨ ᠠᠪᠠᠭ᠎ᠠ ᠬᠣᠱᠢᠭᠤᠨ᠎ᠤ ᠬᠣᠩᠭᠣᠷᠭᠣᠣᠯ ᠪᠠᠯᠭᠠᠰᠤ᠎ᠶ᠋ᠢᠨ ᠰᠠᠷᠠᠭᠤᠯᠲᠤᠶᠠᠭ᠎ᠠ ᠭᠠᠴᠠᠭ᠎ᠠ᠎ᠳᠤ ᠡᠪᠡᠰᠦ ᠪᠡᠯᠴᠢᠭᠡᠷ ᠬᠥᠬᠡᠷᠡᠨ ᠨᠣᠭᠣᠭᠠᠷᠠᠨ᠎ᠠ᠃

ᠡᠨᠡ ᠪᠣᠯ ᠲᠢᠩ·ᠪᠠᠭᠠᠲᠤᠷ᠎ᠤᠨ ᠬᠣᠶᠠᠳ᠋ᠡᠬᠢ ᠨᠤᠲᠤᠭ ᠪᠤᠯᠤᠨ᠎ᠠ᠂ ᠮᠥᠨ ᠴᠦ᠍ ᠲᠡᠭᠦᠨ᠎ᠦ ᠬᠠᠭᠠᠰ ᠵᠠᠭᠤᠨ ᠵᠢᠡᠷ ᠲᠡᠮᠡᠴᠡᠭ᠌ᠰᠡᠨ ᠨᠤᠲᠤᠭ ᠪᠤᠯᠬᠤ ᠶᠤᠮ᠃

6 ᠰᠠᠷ᠎ᠠ᠎ᠶ᠋ᠢᠨ 7 ᠎ᠤ᠋ ᠡᠳᠦᠷ᠂ ᠲᠢᠩ·ᠪᠠᠭᠠᠲᠤᠷ᠎ᠤᠨ ᠮᠠᠯᠵᠢᠬᠤ ᠣᠷᠣᠨ᠎ᠳᠤ ᠪᠠᠢᠭ᠎ᠠ ᠬᠡᠷ᠎ᠲᠦᠨᠢ ᠳᠠᠬᠢᠨᠲᠠ ᠬᠦᠷᠬᠦ᠎ᠳᠤ᠂ ᠬᠦᠷᠢᠶ᠎ᠡ ᠬᠠᠰᠢᠶ᠎ᠠ ᠨᠢ ᠮᠥᠨ ᠯᠡ ᠡᠮᠬᠢ ᠴᠡᠭ᠌ᠴᠡ᠎ᠲᠡᠶ ᠪᠠᠢᠵᠤ᠂ ᠡᠭᠦᠳᠡᠨ ᠡᠮᠦᠨᠡᠬᠢ ᠵᠢᠵᠢᠭ ᠨᠣᠭᠣᠭ᠎ᠠ᠎ᠶ᠋ᠢᠨ ᠬᠠᠰᠢᠶ᠎ᠠ᠎ᠳᠡᠬᠢ ᠡᠯ᠎ᠡ ᠵᠦᠶ᠋ᠯ᠎ᠦᠨ ᠨᠣᠭᠣᠭᠠᠨ ᠴᠢᠬᠢ᠎ᠶ᠋ᠢᠨ ᠤᠷᠭᠤᠴᠠ ᠨᠢ ᠮᠠᠰᠢ ᠰᠠᠢᠨ ᠪᠠᠢᠵᠤ᠂ ᠦᠬᠡᠷ᠎ᠦᠨ ᠬᠠᠰᠢᠶ᠎ᠠ ᠨᠢ ᠬᠠᠷᠢᠨ ᠬᠤᠪ ᠬᠣᠭᠣᠰᠣᠨ ᠪᠠᠢᠯ᠎ᠠ᠃

《70 ᠨᠠᠰᠤ ᠬᠦᠷᠲᠡᠯ᠎ᠡ ᠮᠠᠯᠵᠢᠭᠠᠳ ᠬᠤᠲᠠ ᠣᠷᠣᠵᠤ ᠥᠲᠡᠯᠦᠭᠡ ᠨᠠᠰᠤ᠎ᠪᠠᠨ ᠰᠠᠢᠬᠠᠨ ᠥᠩᠭᠡᠷᠡᠭᠦᠯᠦᠨ᠎ᠡ ᠭᠡᠵᠦ᠍ ᠪᠢ ᠠᠯᠢ ᠡᠷᠲᠡ ᠬᠡᠯᠡᠭ᠌ᠰᠡᠨ ᠪᠠᠢᠯ᠎ᠠ᠃ ᠲᠡᠢᠮᠦ᠍᠎ᠡᠴᠡ ᠨᠢᠳᠤᠨᠤᠨ ᠨᠠᠮᠤᠷ ᠦᠬᠡᠷ᠎ᠢᠶᠡᠨ ᠪᠦᠬᠦᠨ᠎ᠢ ᠬᠤᠳᠠᠯᠳᠤᠪᠠ᠃ ᠠᠭᠤᠷ ᠠᠮᠢᠰᠬᠤᠯ ᠳᠤᠯᠠᠭᠠᠷᠠᠬᠤ ᠪᠡᠷ ᠮᠠᠯᠵᠢᠬᠤ ᠣᠷᠣᠨ᠎ᠳ᠋ᠠᠭᠠᠨ ᠬᠠᠷᠢᠭᠠᠳ ᠵᠢᠭᠠᠬᠠᠨ ᠨᠣᠭᠣᠭ᠎ᠠ ᠲᠠᠷᠢᠳᠠᠭ᠃ ᠴᠢᠯᠦᠭᠡ ᠲᠠᠢ ᠪᠤᠯ ᠬᠥᠭ᠌ᠰᠢᠨ᠎ᠲᠡᠶ᠎ᠪᠡᠨ ᠭᠠᠳᠠᠨ᠎ᠠ ᠭᠠᠵᠠᠷ᠎ᠢᠶᠡᠷ ᠲᠣᠭᠣᠷᠢᠵᠤ᠂ ᠡᠬᠡ ᠤᠯᠤᠰ᠎ᠤᠨ ᠵᠢᠡᠨ ᠠᠭᠤᠯᠠ ᠤᠰᠤ ᠵᠢ ᠰᠤᠨᠢᠷᠬᠠᠨ᠎ᠠ᠃ ᠡᠪᠦᠯ ᠪᠤᠯᠬᠤ ᠪᠡᠷ ᠬᠣᠲᠠ᠎ᠤᠷᠤᠵᠤ ᠰᠠᠭᠤᠳᠠᠭ》 ᠭᠡᠵᠦ ᠲᠢᠩ·ᠪᠠᠭᠠᠲᠤᠷ ᠢᠨᠢᠶᠡᠮᠰᠦᠭ᠌ᠯᠡᠨ ᠬᠡᠯᠡᠨ᠎ᠡ᠃

ᠡᠨᠡ ᠨᠠᠰᠤᠲᠠᠨ᠂ ᠤᠯᠤᠰ ᠪᠠᠢᠭᠤᠯᠤᠭ᠍ᠰᠠᠨ ᠵᠠᠩᠵᠤᠨ ᠲᠢᠩ ᠮᠤᠤ᠎ᠶ᠋ᠢᠨ ᠬᠦᠪᠡᠭᠦᠨ ᠪᠠᠢᠬᠰᠠᠨ ᠴᠦ᠍ ᠦᠪᠡᠷ ᠵᠢᠡᠨ ᠬᠠᠷᠢᠨ ᠠᠯᠢ ᠡᠷᠲᠡ ᠬᠠᠰᠢᠷ ᠮᠠᠯᠴᠢᠨ ᠪᠣᠯᠤᠭᠰᠠᠨ ᠪᠠᠢᠨ᠎ᠠ᠃ ᠲᠡᠷᠡ ᠥᠩᠭᠡᠷᠡᠭ᠌ᠰᠡᠨ᠎ᠳᠦ ᠮᠤᠵᠢ᠎ᠶ᠋ᠢᠨ ᠲᠥᠪ ᠬᠣᠲᠠ᠎ᠶ᠋ᠢᠨ ᠰᠡᠬᠡᠭᠡᠲᠡᠨ ᠪᠠᠢᠭ᠍ᠰᠠᠨ ᠪᠣᠯᠪᠠᠴᠤ᠌ ᠲᠠᠯ᠎ᠠ ᠨᠤᠲᠤᠭ᠎ᠤᠨ ᠦᠷᠦᠴᠡᠨ᠎ᠳᠦ 50 ᠭᠠᠷᠤᠶ ᠵᠢᠯ ᠦᠨᠳᠦᠰᠦᠯᠡᠵᠡᠢ᠃ 19 ᠨᠠᠰᠤᠨ᠎ᠡᠴᠡ ᠪᠠᠨ 71 ᠨᠠᠰᠤ ᠬᠦᠷᠲᠡᠯ᠎ᠡ᠂ ᠲᠡᠷᠡ ᠶᠡᠷᠦ ᠨᠢ ᠡᠨᠡ ᠬᠦ᠌ ᠲᠠᠯ᠎ᠠ ᠨᠤᠲᠤᠭ᠎ᠤᠨ ᠲᠦᠯᠦᠭᠡ ᠵᠢᠳᠭᠦᠵᠦ᠂ ᠪᠣᠳᠠᠲᠤ ᠠᠵᠢᠯᠯᠠᠭ᠎ᠠ ᠪᠠ ᠤᠶᠤᠨ ᠤᠬᠠᠭᠠᠨ᠎ᠢᠶᠠᠷ᠎ᠢᠶᠠᠨ ᠨᠢᠭᠡᠨ ᠡᠪ ᠬᠠᠮᠲᠤ ᠨᠠᠮ᠎ᠤᠨ ᠭᠡᠱᠢᠭᠦᠨ᠎ᠦ ᠬᠠᠷᠢᠭᠤᠴᠠᠯᠭ᠎ᠠ ᠡᠭᠦᠷᠭᠡᠯᠡᠯ᠎ᠢ ᠪᠢᠴᠢᠭ᠌ᠯᠡᠭᠰᠡᠨ ᠪᠠᠢᠨ᠎ᠠ᠃

1974 ᠣᠨ᠎ᠳᠤ᠂ 19 ᠨᠠᠰᠤᠲᠠᠢ ᠲᠢᠩ·ᠪᠠᠭᠠᠲᠤᠷ ᠰᠠᠷᠠᠭᠤᠯᠲᠤᠶᠠᠭ᠎ᠠ ᠭᠠᠴᠠᠭ᠎ᠠ᠎ᠶᠢᠨ ᠪᠠᠷᠢᠭᠠᠳᠠ᠎ᠳᠤ ᠪᠠᠭᠤᠵᠠᠢ᠃ 1978 ᠣᠨ᠎ᠳᠤ ᠰᠡᠬᠡᠭᠡᠲᠡᠨ ᠵᠠᠯᠠᠭᠤᠴᠤᠳ ᠬᠣᠲᠠ᠎ᠳᠤ ᠪᠤᠴᠠᠵᠤ ᠡᠬᠢᠯᠡᠬᠦ ᠪᠡᠷ ᠳᠡᠭᠦᠨ ᠤ᠋ ᠡᠴᠢᠭᠡ ᠲᠢᠩ ᠮᠤᠤ ᠨᠢ ᠬᠠᠷᠢᠨ ᠬᠦᠦ᠍᠎ᠶᠢᠨ᠎ᠢᠶᠡᠨ ᠬᠦᠳᠡᠭᠡ᠎ᠳᠦ ᠦᠯᠡᠳᠡᠬᠦ ᠵᠢ ᠳᠡᠮᠵᠢᠪᠡ᠃ 《ᠪᠢ ᠪᠣᠯ ᠲᠠᠯ᠎ᠠ ᠨᠤᠲᠤᠭ᠎ᠤᠨ ᠬᠦᠪᠡᠭᠦᠨ᠂ ᠮᠢᠨᠦ᠍ ᠦᠨᠳᠦᠰᠦ ᠡᠨᠳᠡ ᠪᠤᠢ》 ᠭᠡᠵᠦ᠍ ᠲᠢᠩ·ᠪᠠᠭᠠᠲᠤᠷ ᠬᠡᠯᠡᠪᠡ᠃

1983 ᠣᠨ᠎ᠳᠤ᠂ ᠭᠠᠴᠠᠭ᠎ᠠ ᠡᠴᠡ ᠮᠠᠯ ᠪᠡᠯᠴᠢᠭᠡᠷ᠎ᠦᠨ ᠬᠣᠣᠰ ᠳᠠᠭᠠᠭᠠᠴᠢᠯᠠᠯᠲᠠ᠎ᠶ᠋ᠢ ᠬᠡᠷᠡᠭ᠌ᠵᠢᠭᠦᠯᠵᠦ᠍᠂ ᠲᠡᠷᠡ ᠬᠠᠮᠤᠭ᠎ᠤᠨ ᠰᠠᠢ᠌ᠨ ᠮᠠᠯ ᠤᠨᠤᠭ᠎ᠠ ᠪᠣᠯᠤᠨ ᠨᠤᠲᠤᠭ ᠪᠡᠯᠴᠢᠭᠡᠷ᠎ᠢ ᠮᠠᠯᠴᠢᠳ᠎ᠲᠤ ᠬᠤᠪᠢᠶᠠᠨ ᠥᠭ᠌ᠴᠦ᠂ ᠥᠪᠡᠷ᠎ᠢᠶᠡᠨ ᠬᠠᠮᠤᠭ᠎ᠤᠨ ᠮᠠᠭᠤ ᠵᠢ ᠨᠢ ᠦᠯᠡᠳᠡᠭᠡᠪᠡ᠃ 《ᠮᠠᠯ ᠤᠨᠤᠭ᠎ᠠ ᠠᠮᠢ ᠭᠣᠣᠯ ᠪᠢᠰᠢ᠂ ᠨᠤᠲᠤᠭ ᠪᠡᠯᠴᠢᠭᠡᠷ ᠪᠣᠯ ᠰᠠᠶᠢ ᠠᠮᠢ ᠭᠣᠣᠯ ᠮᠦᠨ》 ᠭᠡᠳ᠋ᠡᠭ᠌᠎ᠢ ᠭᠡᠷᠡᠴᠢᠯᠡᠬᠦ᠌᠎ᠶ᠋ᠢᠨ ᠲᠥᠯᠥᠭᠡ᠂ 1986 ᠣᠨ᠎ᠳᠤ ᠲᠡᠷᠡ ᠥᠪᠡᠷ᠎ᠦᠨ 60 ᠬᠤᠨᠢ᠎ᠪᠠᠨ ᠬᠤᠳᠠᠯᠳᠤᠵᠤ᠂ ᠳᠦᠷᠦᠭᠦᠯᠡᠨ ᠨᠤᠲᠤᠭ ᠪᠡᠯᠴᠢᠭᠡᠷ᠎ᠢᠶᠡᠨ ᠬᠦᠷᠢᠶᠡᠯᠡᠨ᠂ ᠪᠡᠯᠴᠢᠭᠡᠷ ᠬᠤᠪᠢᠶᠠᠨ ᠰᠡᠯᠬᠦᠨ ᠮᠠᠯᠵᠢᠵᠠᠢ᠃ ᠡᠭᠦᠨ᠎ᠢ ᠬᠠᠷᠠᠭᠠᠳ ᠮᠠᠯᠴᠢᠳ᠄ 《ᠲᠢᠩ ᠱᠦᠵᠢ ᠶᠠᠭᠠᠬᠢᠬᠤ ᠭᠡᠵᠦ᠍ ᠪᠠᠢᠭ᠎ᠠ ᠪᠤᠶ?》 ᠭᠡᠵᠦ ᠭᠠᠢᠬᠠᠵᠤ ᠪᠠᠢᠪᠠ᠃ ᠬᠡᠳᠦᠨ ᠵᠢᠯ᠎ᠦᠨ ᠲᠠᠷᠠᠭ᠎ᠠ᠂ ᠬᠠᠮᠠᠷ ᠬᠠᠳᠭᠤᠬᠤ ᠡᠪᠡᠰᠦ ᠦᠭᠡᠢ ᠪᠠᠢᠭ᠍ᠰᠠᠨ ᠪᠡᠯᠴᠢᠭᠡᠷ ᠢᠭ᠍ᠴᠤ ᠰᠠᠬᠤᠯᠢᠭ ᠪᠤᠯᠵᠤ ᠢᠷᠡᠬᠦ ᠪᠡᠷ ᠮᠠᠯᠴᠢᠳ ᠰᠡᠳᠭᠢᠯ᠎ᠦᠨ ᠤᠭ ᠡᠴᠡ᠎ᠪᠠᠨ ᠪᠢᠱᠢᠷᠡᠵᠦ᠍᠂ ᠳᠠᠭᠠᠨ ᠰᠤᠷᠤᠯᠴᠠᠪᠠ᠃

2000 ᠣᠨ᠎ᠤ ᠣᠷᠴᠢᠮ᠎ᠢᠶᠠᠷ ᠨᠤᠲᠤᠭ ᠪᠡᠯᠴᠢᠭᠡᠷ᠎ᠦᠨ ᠠᠮᠢ ᠠᠬᠤᠶ ᠮᠠᠭᠤᠳᠠᠵᠤ ᠡᠬᠢᠯᠡᠪᠡ᠃ ᠲᠢᠩ·ᠪᠠᠭᠠᠲᠤᠷ ᠠᠬᠢᠨ ᠳᠠᠬᠢᠨ ᠪᠤᠳᠤᠵᠤ᠂ ᠠᠯᠳᠠᠷᠲᠤ 《ᠲᠤᠭᠤᠷᠠᠶ᠎ᠶ᠋ᠢᠨ ᠣᠨᠣᠯ》 ᠢ᠋ ᠳᠤᠷᠠᠳᠤᠨ ᠭᠠᠷᠭᠠᠵᠠᠶ᠄ 1 ᠦᠬᠡᠷ᠎ᠦᠨ ᠠᠱᠢᠭ ᠣᠷᠣᠯᠭ᠎ᠠ ᠨᠢ 5 ᠬᠣᠨᠢ᠎ᠲᠠᠶ ᠲᠡᠩᠴᠡᠨ᠎ᠡ᠂ ᠭᠡᠪᠡᠴᠦ᠍ 5 ᠬᠣᠨᠢ 20 ᠲᠤᠭᠤᠷᠠᠶ᠎ᠲᠠᠶ᠂ ᠪᠡᠯᠴᠢᠭᠡᠷ᠎ᠢ ᠡᠪᠳᠡᠭ᠌ᠦ ᠨᠢ 4 ᠬᠥᠯ᠎ᠲᠠᠢ ᠦᠬᠡᠷ ᠡᠴᠡ ᠬᠣᠯᠠ ᠶᠡᠬᠡ ᠪᠠᠢᠳᠠᠭ᠃ ᠲᠡᠷᠡ ᠲᠦᠷᠦᠭᠦᠯᠡᠨ 400 ᠭᠠᠷᠤᠢ ᠬᠤᠨᠢ᠎ᠪᠠᠨ ᠬᠤᠳᠠᠯᠳᠤᠵᠤ᠂ ᠮᠢᠬᠠᠨ ᠤ᠋ ᠦᠬᠡᠷ ᠲᠡᠵᠢᠭᠡᠬᠦ᠌ ᠪᠣᠯᠵᠠᠢ᠃ ᠣᠲᠣ ᠡᠨᠡ ᠬᠦ᠌ ᠣᠢᠯᠠᠭᠠᠭ᠍ᠳᠠᠬᠤᠨ ᠨᠢ ᠱᠢᠯᠢ᠎ᠶ᠋ᠢᠨ ᠭᠤᠤᠯ ᠠᠢᠮᠠᠭ᠎ᠤᠨ ᠮᠠᠯ ᠠᠵᠤ ᠠᠬᠤᠶ᠎ᠶ᠋ᠢᠨ ᠬᠡᠯᠪᠡᠷᠢ᠎ᠪᠡᠨ ᠬᠤᠪᠢᠷᠠᠭᠤᠯᠤᠭ᠍ᠰᠠᠨ ᠭᠤᠤᠯ ᠲᠤᠷᠱᠢᠯᠭ᠎ᠠ ᠪᠣᠯᠵᠣ᠂ ᠮᠠᠯᠴᠢᠳ᠎ᠤᠨ ᠣᠷᠣᠯᠭ᠎ᠠ ᠬᠡᠳᠦᠨ ᠳᠠᠬᠢᠨ ᠨᠡᠮᠡᠭ᠌ᠳᠡᠪᠡ᠃

ᠲᠢᠩ·ᠪᠠᠭᠠᠲᠤᠷ᠎ᠤᠨ ᠬᠡᠷ᠎ᠲᠦ ᠣᠷᠣᠪᠠᠯ᠂ ᠡᠨᠡ ᠨᠢ ᠡᠩ᠎ᠦᠨ ᠮᠠᠯᠴᠢᠨ ᠤ᠋ ᠣᠷᠣᠨ ᠰᠠᠭᠤᠴᠠ ᠪᠢᠰᠢ᠂ ᠬᠠᠷᠢᠨ ᠣᠶ ᠪᠢᠯᠢᠭ ᠪᠢᠯᠬᠠᠭ᠍ᠰᠠᠨ 《ᠠᠮᠢ ᠠᠬᠤᠶ᠎ᠶ᠋ᠢᠨ ᠲᠤᠷᠱᠢᠯᠲᠠ᠎ᠶ᠋ᠢᠨ ᠲᠠᠰᠤᠭ》 ᠪᠣᠯᠬᠤ᠎ᠶ᠋ᠢ ᠮᠡᠳᠡᠵᠦ᠍ ᠪᠣᠯᠤᠨ᠎ᠠ᠃

ᠭᠡᠷ᠎ᠦᠨ ᠣᠷᠣᠢ ᠳᠡᠭᠡᠷᠡᠬᠢ ᠨᠢᠭᠡᠨ ᠰᠢᠯ ᠴᠣᠩᠬᠣ᠌᠎ᠲᠠᠢ ᠵᠢᠵᠢᠭ ᠪᠠᠢᠰᠢᠩ ᠨᠢ ᠤᠰᠤ ᠬᠠᠳᠠᠭᠠᠯᠠᠬᠤ ᠬᠠᠢᠷᠴᠠᠭ ᠪᠠᠢᠵᠤ᠂ ᠨᠡᠷᠡᠨ᠎ᠦ ᠭᠡᠷᠡᠯ᠎ᠢ ᠠᠰᠢᠭ᠍ᠯᠠᠨ ᠳᠤᠯᠠᠭᠠᠨ᠎ᠢ ᠬᠠᠳᠠᠭᠠᠯᠠᠵᠤ᠂ ᠡᠪᠦᠯ᠎ᠳᠡᠭᠡᠨ ᠴᠦ᠍ ᠮᠥᠰᠥ ᠬᠥᠯᠳᠡᠬᠦ ᠦᠭᠡᠢ ᠪᠠᠢᠳᠠᠭ; ᠲᠠᠯ᠎ᠠ ᠨᠤᠳᠤᠭ᠎ᠤᠨ ᠵᠢᠭᠠᠰᠤᠨ ᠴᠥᠭᠦᠷᠥᠮ᠎ᠳᠦ ᠲᠡᠭᠦᠨ᠎ᠦ ᠡᠭᠦᠳᠦᠭᠰᠡᠨ 《ᠨᠡᠷᠡᠨ᠎ᠦ ᠡᠨᠧᠷᠭᠢ᠎ᠶᠢᠨ ᠭᠡᠷᠡᠯ᠎ᠦᠨ ᠰᠡᠷᠡᠯ᠎ᠦᠨ ᠬᠣᠷᠣᠬᠠᠢ ᠥᠳᠥᠭᠡᠬᠦ ᠳ᠋ᠧᠩ》 ᠢ᠋ ᠪᠣᠰᠬᠠᠵᠤ᠂ ᠰᠥᠨᠢ ᠪᠦᠷᠢ ᠬᠡᠳᠦᠨ ᠠᠷᠪᠠᠨ ᠵᠢᠩ ᠰᠢᠮᠠᠭᠤᠯ ᠪᠠᠷᠢᠵᠤ ᠵᠢᠭᠠᠰᠤ ᠲᠡᠵᠢᠭᠡᠵᠦ᠂ ᠣᠷᠴᠢᠨ ᠠᠬᠤᠢ᠎ᠶᠢ ᠬᠠᠮᠠᠭᠠᠯᠠᠬᠤ ᠮᠥᠷᠲᠡᠭᠡᠨ ᠣᠷᠣᠯᠭ᠎ᠠ᠎ᠶᠢ  ᠨᠡᠮᠡᠭᠳᠡᠭᠦᠯᠳᠡᠭ; ᠲᠡᠭᠦᠨ᠎ᠦ ᠥᠭᠡᠷᠡᠴᠢᠯᠡᠨ ᠰᠠᠢᠵᠢᠷᠠᠭᠤᠯᠤᠭᠰᠠᠨ ᠫᠧᠩ ᠰᠠᠷᠠᠪᠴᠢ ᠵᠢᠨ ᠪᠦᠲᠦᠴᠡ ᠨᠢ ᠳᠥᠭᠦᠮ ᠪᠤᠯᠪᠠᠴᠤ ᠰᠦ ᠰᠠᠭᠠᠬᠤ᠂ ᠲᠤᠭᠤᠯ ᠲᠤᠰᠬᠤ᠂ ᠬᠢᠵᠢᠭ᠎ᠢ ᠰᠡᠷᠭᠡᠢᠯᠡᠬᠦ ᠵᠡᠷᠭᠡ 6 ᠵᠦᠢᠯ᠎ᠦᠨ ᠴᠢᠳᠠᠪᠤᠷᠢ᠎ᠶᠢ ᠪᠦᠷᠢᠯᠳᠦᠬᠦᠯᠵᠦ᠂ ᠬᠦᠴᠦ ᠭᠦᠳᠡᠯᠮᠦᠷᠢ᠎ᠶᠢ ᠠᠷᠪᠢᠯᠠᠬᠰᠠᠨ ᠪᠠᠢᠨ᠎ᠠ᠃

《ᠰᠠᠭᠤᠷᠢ ᠲᠥᠬᠦᠭᠡᠷᠦᠮᠵᠢ ᠶ᠋ᠢᠨ ᠪᠦᠲᠦᠭᠡᠨ ᠪᠠᠢᠭᠤᠯᠤᠯᠲᠠ ᠶ᠋ᠢ ᠴᠢᠩᠭᠠᠳᠬᠠᠵᠤ᠂ ᠮᠠᠯᠴᠢᠳ᠎ᠤᠨ ᠠᠮᠢᠳᠤᠷᠠᠯ ᠢ᠋ ᠨᠡᠩ ᠲᠠᠭᠠᠯᠠᠮᠵᠢᠲᠠᠢ ᠪᠤᠯᠭᠠᠬᠤ ᠪᠣᠯ ᠮᠢᠨᠤ ᠴᠢᠷᠮᠠᠢᠬᠤ ᠴᠢᠭᠯᠡᠯ ᠶᠤᠮ》 ᠭᠡᠵᠦ ᠲᠢᠩ·ᠪᠠᠭᠠᠲᠤᠷ ᠬᠡᠯᠡᠨ᠎ᠠ᠃ ᠲᠡᠷᠡ ᠬᠤᠪᠢ᠎ᠶᠢᠨ ᠠᠰᠢᠭ᠋᠎ᠢᠶᠠᠨ ᠪᠤᠳᠤᠬᠤ ᠦᠭᠡᠢ᠂ ᠡᠳᠡᠭᠡᠷ ᠡᠭᠦᠳᠦᠯᠲᠡ᠎ᠶᠢ ᠦᠨ᠎ᠡ ᠲᠥᠯᠥᠪᠦᠷᠢ ᠦᠭᠡᠢ᠎ᠪᠡᠷ ᠡᠷᠭᠢᠨ ᠲᠣᠭᠣᠷᠢᠨ᠎ᠤ ᠪᠡᠨ ᠮᠠᠯᠴᠢᠳ᠎ᠲᠤ ᠵᠢᠭᠠᠵᠤ ᠥᠭᠪᠡ᠃ ᠭᠠᠴᠠᠭᠠᠨ᠎ᠤ ᠬᠢᠨᠢ ᠮᠠᠯᠴᠢᠨ ᠶᠦᠨ ᠯᠢᠶᠠᠩ ᠰᠢᠨ᠎ᠡ ᠭᠡᠷ ᠪᠠᠷᠢᠬᠤ᠎ᠳᠤ᠂ ᠲᠡᠷᠡ ᠬᠠᠪᠰᠤᠷᠤᠨ ᠵᠢᠷᠤᠭ ᠲᠥᠯᠥᠪᠯᠡᠭᠡ ᠬᠢᠵᠦ ᠥᠭᠭᠦᠭᠰᠡᠨ ᠵᠢᠨᠷ ᠪᠠᠷᠠᠬᠤ ᠦᠭᠡᠢ᠂ ᠳᠡᠭᠡᠷ᠎ᠡ ᠳᠣᠣᠷ᠎ᠠ ᠤᠰᠤᠨ᠎ᠤ ᠬᠣᠭᠣᠯᠠᠢ᠎ᠶᠢ ᠴᠤ᠌ ᠤᠬᠰᠠᠷᠠᠨ ᠦᠭᠴᠦ ᠬᠣᠲᠠ᠎ᠶᠢᠨ ᠠᠰᠠᠷ᠎ᠲᠠᠢ ᠠᠳᠠᠯᠢᠬᠠᠨ ᠲᠥᠭᠦᠮ ᠪᠣᠯᠭᠠᠵᠠᠢ᠃ ᠮᠥᠨ ᠴᠦ᠍ ᠲᠡᠭᠦᠨ᠎ᠦ ᠳᠠᠭᠠᠭᠤᠯᠭ᠎ᠠ᠎ᠪᠠᠷ ᠰᠠᠷᠠᠭᠤᠯᠳᠤᠶᠠᠭ᠎ᠠ ᠭᠠᠴᠠᠭᠠᠨ᠎ᠤ 75% ᠶ᠋ᠢᠨ ᠮᠠᠯᠴᠢᠨ ᠡᠷᠦᠭᠡ ᠨᠢ ᠴᠥᠮ ᠦᠬᠡᠷ ᠲᠡᠵᠢᠭᠡᠬᠦ ᠲᠤᠰᠬᠠᠢ ᠡᠷᠦᠭᠡ ᠪᠣᠯᠵᠠᠢ᠃

2001 ᠣᠨ᠎ᠳᠤ᠂ ᠰᠠᠷᠠᠭᠤᠯᠳᠤᠶᠠᠭ᠎ᠠ ᠭᠠᠴᠠᠭᠠᠨ᠎ᠳᠤ 24 ᠶᠠᠳᠠᠭᠤ ᠬᠦᠴᠢᠷᠳᠡᠯᠲᠡᠢ ᠡᠷᠦᠭᠡ ᠪᠠᠢᠪᠠ᠃ ᠲᠡᠷᠡ 《ᠶᠠᠳᠠᠭᠤ᠎ᠶᠢ ᠲᠡᠳᠬᠦᠬᠦ ᠨᠡᠭᠦᠳᠡᠯ ᠬᠣᠨᠢ (ᠦᠬᠡᠷ) ᠵᠢᠨ ᠰᠦᠷᠦᠭ》᠎ᠤ᠋ᠨ ᠵᠠᠭᠪᠤᠷ᠎ᠢ ᠰᠢᠨ᠎ᠡ᠎ᠪᠡᠷ ᠡᠭᠦᠳᠪᠡ᠄ ᠭᠠᠴᠠᠭ᠎ᠠ ᠡᠴᠡ ᠰᠠᠭᠤᠷᠢ ᠡᠬᠡ ᠮᠠᠯ ᠬᠤᠳᠠᠯᠳᠤᠨ ᠠᠪᠴᠤ᠂ ᠶᠠᠳᠠᠭᠤ ᠬᠦᠴᠢᠷᠳᠡᠯᠲᠡᠢ ᠡᠷᠦᠭᠡ᠎ᠳᠦ ᠳᠠᠭᠠᠭᠠᠴᠢᠯᠠᠭᠤᠯᠤᠨ ᠥᠭᠴᠦ᠂ ᠨᠣᠣᠰᠣ ᠨᠤᠤᠯᠤᠭᠤᠷ ᠤ᠋ᠨ ᠣᠷᠣᠯᠭ᠎ᠠ ᠪᠠ ᠨᠠᠢ᠍ᠮᠠᠨ ᠬᠤᠪᠢ᠎ᠶᠢᠨ ᠬᠤᠷᠠᠭ᠎ᠠ᠎ᠶᠢ ᠮᠠᠯᠴᠢᠳ᠎ᠲᠦ ᠦᠭᠴᠦ᠂ ᠬᠣᠶᠠᠷ ᠬᠤᠪᠢ᠎ᠶᠢᠨ ᠬᠤᠷᠠᠭ᠎ᠠ᠎ᠶᠢ ᠬᠠᠮᠲᠤ᠎ᠶᠢᠨ ᠭᠢ ᠪᠣᠯᠭᠠᠨ ᠡᠷᠭᠢᠯᠳᠦᠭᠦᠯᠦᠨ ᠬᠥᠭᠵᠢᠭᠦᠯᠪᠡ᠃

ᠬᠥᠮᠥᠰ᠎ᠦᠨ ᠮᠠᠭᠲᠠᠭᠠᠯ ᠰᠠᠢᠰᠢᠶᠠᠯ᠎ᠢ ᠨᠡᠩ ᠢᠯᠡᠬᠦᠦ ᠣᠯᠣᠭᠰᠠᠨ ᠶᠠᠪᠤᠳᠠᠯ ᠭᠡᠪᠡᠯ᠂ ᠲᠡᠭᠦᠨ᠎ᠦ 《ᠬᠤᠪᠢ ᠤᠯᠭᠤᠬᠤ ᠳᠦᠷᠢᠮ᠎ᠢᠶᠡᠷ ᠶᠠᠳᠠᠭᠤ᠎ᠶᠢ ᠲᠡᠳᠬᠦᠬᠦ》 ᠶᠠᠪᠤᠳᠠᠯ ᠪᠣᠯᠣᠨ᠎ᠠ᠃ ᠲᠡᠷᠡ 《ᠠᠯᠵᠠᠭᠤ ᠬᠣᠢᠷᠭᠤ》 ᠶ᠋ᠢ ᠲᠡᠪᠴᠢᠵᠦ᠂ 《ᠴᠢᠰᠤ ᠪᠦᠲᠦᠭᠡᠬᠦ ᠮᠠᠶᠢᠭ᠋᠎ᠢᠶᠠᠷ ᠶᠠᠳᠠᠭᠤ᠎ᠶᠢ ᠲᠡᠳᠬᠦᠬᠦ》 ᠶ᠋ᠢ ᠵᠣᠷᠢᠪᠠ᠃ 《ᠬᠥᠳᠡᠯᠮᠦᠷᠢ᠎ᠶᠢᠨ ᠢᠯᠡᠷᠡᠯ ᠮᠠᠭᠤ ᠪᠠᠢᠪᠠᠯ ᠬᠤᠪᠢ ᠬᠠᠰᠤᠵᠤ᠂ ᠠᠷᠢᠬᠢᠨ᠎ᠳᠤ ᠰᠢᠨᠤᠪᠠᠯ ᠬᠤᠪᠢ ᠬᠠᠰᠤᠵᠤ᠂ ᠨᠤᠲᠤᠭ ᠪᠡᠯᠴᠢᠭᠡᠷ᠎ᠢ ᠬᠠᠢᠷᠠᠯᠠᠬᠤ ᠦᠭᠡᠢ ᠪᠠᠢᠪᠠᠯ ᠬᠤᠪᠢ ᠬᠠᠰᠤᠨ᠎ᠠ》᠃ ᠮᠠᠯᠴᠢᠳ᠎ᠢᠶᠠᠷ ᠦᠨᠡᠯᠡᠭᠦᠯᠵᠤ᠂ ᠬᠡᠨ᠎ᠢ ᠤᠷᠢᠳ ᠵᠢᠡᠷ ᠲᠡᠳᠬᠦᠪᠡᠯ ᠵᠣᠬᠢᠬᠤ᠂᠎ᠬᠡᠨ᠎ᠢ ᠳᠠᠷᠠᠭ᠎ᠠ ᠨᠢ ᠲᠡᠳᠬᠦᠪᠡᠯ ᠵᠣᠬᠢᠬᠤ ᠲᠤᠬᠠᠢ ᠤᠯᠠᠨ᠎ᠢᠶᠠᠷ᠎ᠢᠶᠠᠨ ᠰᠠᠨᠠᠯ ᠨᠢᠭᠡᠳᠦᠨ ᠵᠦᠪᠰᠢᠶᠡᠷᠡᠪᠡ᠃ ᠨᠢᠭᠡᠯᠬᠡᠨ ᠵᠢᠯ᠎ᠤᠨ ᠬᠤᠭᠤᠷᠤᠨᠳᠦ 24 ᠶᠠᠳᠠᠭᠤ ᠬᠦᠴᠢᠷᠳᠡᠯᠲᠡᠢ ᠡᠷᠦᠬᠡ ᠪᠦᠬᠦᠨ᠎ᠢᠶᠡᠷ᠎ᠢᠶᠡᠨ ᠶᠠᠳᠠᠭᠤ᠎ᠡᠴᠡ ᠠᠩᠭᠢᠵᠢᠷᠠᠪᠠ᠃ ᠣᠳᠣᠬᠠᠨ᠎ᠳᠤ ᠭᠠᠴᠠᠭᠠᠨ᠎ᠤ ᠬᠥᠮᠥᠨ ᠳᠤᠮᠳᠠᠴᠢ᠎ᠶᠢᠨ ᠵᠢᠯ᠎ᠦᠨ ᠣᠷᠣᠯᠭ᠎ᠠ ᠨᠢᠭᠡᠨᠲᠡ 2 ᠲᠦᠮᠡᠨ ᠲᠥᠭᠥᠷᠢᠭ᠎ᠢ ᠳᠠᠪᠠᠵᠤ᠂ ᠪᠠᠰᠠ ᠬᠣᠯᠠ ᠣᠢᠷ᠎ᠠ᠎ᠳᠠᠭᠠᠨ ᠠᠯᠳᠠᠷᠰᠢᠭ᠍ᠰᠠᠨ 《ᠠᠮᠢ ᠠᠬᠤᠢ᠎ᠶᠢᠨ ᠲᠣᠰᠬᠣᠨ》 ᠪᠣᠯᠤᠭᠰᠠᠨ ᠪᠠᠢᠨ᠎ᠠ᠃

2009 ᠣᠨ᠎ᠳᠤ᠂ ᠰᠢᠯᠢ᠎ᠶᠢᠨ ᠭᠣᠣᠯ ᠠᠢᠮᠠᠭ᠎ᠤᠨ ᠮᠠᠯᠴᠢᠨ ᠲᠠᠷᠢᠶᠠᠴᠢᠨ᠎ᠤ ᠪᠣᠯᠪᠠᠰᠤᠷᠠᠯ᠎ᠤᠨ ᠲᠥᠪ ᠲᠡᠭᠦᠨ᠎ᠤ ᠭᠡᠷ᠎ᠲᠦ ᠪᠠᠢᠭᠤᠯᠤᠭᠳᠠᠪᠠ᠃ ᠡᠳᠦᠷ ᠪᠦᠷᠢ ᠡᠯ᠎ᠡ ᠭᠠᠵᠠᠷ᠂ ᠴᠢᠨᠠᠭᠰᠢᠯᠠᠭᠠᠳ ᠮᠣᠩᠭᠣᠯ ᠤᠯᠤᠰ᠂ ᠣᠷᠣᠰ᠎ᠤᠨ ᠮᠠᠯᠴᠢᠳ ᠢᠷᠡᠵᠦ ᠲᠣᠭᠣᠷᠢᠨ ᠦᠵᠡᠵᠦ ᠰᠤᠷᠤᠯᠴᠠᠳᠠᠭ᠃ ᠲᠢᠩ·ᠪᠠᠭᠠᠲᠤᠷ 《ᠪᠡᠯᠴᠢᠭᠡᠷ ᠬᠤᠪᠢᠶᠠᠨ ᠰᠡᠯᠭᠦᠨ ᠮᠠᠯᠵᠢᠬᠤ》᠂ 《ᠡᠪᠡᠰᠦ ᠬᠠᠳᠤᠬᠤ᠎ᠳᠦ ᠦᠨᠳᠦᠰᠦ ᠵᠢ ᠨᠢ ᠬᠦᠨᠳᠡᠬᠦ ᠦᠭᠡᠢ》᠂ 《ᠠᠰᠢᠭ᠋ ᠬᠣᠨᠵᠢᠪᠤᠷᠢ᠎ᠶᠢᠨ ᠬᠠᠮᠤᠭ᠎ᠤᠨ ᠥᠨᠳᠥᠷ ᠴᠡᠭ᠂ ᠥᠪᠡᠷ᠎ᠦᠨ ᠥᠷᠲᠡᠭ᠎ᠦᠨ ᠬᠠᠮᠤᠭ᠎ᠤᠨ ᠳᠣᠣᠷ᠎ᠠ ᠴᠡᠭ᠂ ᠠᠮᠢ ᠠᠬᠤᠢ᠎ᠶᠢᠨ ᠬᠠᠮᠤᠭ᠎ᠤᠨ ᠰᠠᠢᠨ ᠴᠡᠭ》 ᠵᠡᠷᠭᠡ ᠲᠤᠷᠰᠢᠯᠭ᠎ᠠ ᠪᠡᠨ ᠬᠠᠷᠠᠮ ᠦᠭᠡᠢ ᠤᠯᠠᠮᠵᠢᠯᠠᠪᠠ᠃

《〈ᠡᠪᠡᠰᠦ ᠬᠠᠳᠤᠬᠤ᠎ᠳᠦ ᠦᠨᠳᠦᠰᠦ ᠵᠢ ᠨᠢ ᠬᠦᠨᠳᠡᠬᠦ ᠦᠭᠡᠢ〉 ᠶ᠋ᠢᠨ ᠰᠠᠢᠨ ᠲᠠᠯ᠎ᠠ ᠤᠯᠠᠨ ᠪᠠᠢᠳᠠᠭ᠂ ᠡᠪᠡᠰᠦᠨ᠎ᠦ ᠦᠷ᠎ᠡ ᠭᠠᠵᠠᠷ ᠲᠠᠭᠠᠨ ᠦᠯᠡᠳᠡᠪᠡᠯ ᠠᠶᠠᠨᠳᠠᠭᠠᠨ ᠤᠷᠭᠤᠵᠤ᠂ ᠠᠷᠭᠠᠯ ᠭᠠᠵᠠᠷ ᠲᠠᠭᠠᠨ ᠦᠯᠡᠳᠡᠪᠡᠯ ᠲᠠᠷᠢᠶᠠᠨ᠎ᠳᠤ ᠪᠤᠷᠳᠤᠭᠤᠷ ᠪᠤᠯᠳᠠᠭ》᠃ ᠲᠢᠩ·ᠪᠠᠭᠠᠲᠤᠷ ᠪᠡᠯᠴᠢᠭᠡᠷ᠎ᠦᠨ ᠭᠠᠵᠠᠷ᠎ᠤᠨ ᠵᠢᠷᠤᠭ᠎ᠢ ᠪᠠᠷᠢᠵᠤ᠂ ᠮᠠᠯᠴᠢᠳ᠎ᠤᠨ ᠲᠠᠩᠰᠠ᠎ᠶᠢ ᠪᠠᠢᠨ ᠳᠠᠬᠢᠨ ᠪᠤᠳᠤᠨ᠎ᠠ᠃ ᠠᠷᠪᠠᠨ ᠬᠡᠳᠦᠨ ᠵᠢᠯ᠎ᠦᠨ ᠲᠤᠷᠰᠢ᠂ ᠲᠡᠷᠡ 2 ᠲᠦᠮᠡᠨ ᠬᠥᠮᠥᠨ ᠤᠳᠠᠭ᠎ᠠ᠎ᠳᠦ ᠪᠣᠯᠪᠠᠰᠤᠷᠠᠯ ᠬᠦᠷᠲᠡᠭᠡᠵᠡᠢ᠃

2021 ᠣᠨ᠎ᠤ 6 ᠰᠠᠷ᠎ᠠ᠎ᠶᠢᠨ 29᠎ᠤ᠋ ᠡᠳᠦᠷ᠂ ᠪᠡᠭᠡᠵᠢᠩ᠎ᠦᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ᠂ ᠶᠡᠷᠦᠩᠬᠡᠢ ᠱᠦᠵᠢ ᠰᠢ᠎ᠶᠢᠨ ᠫᠢᠩ ᠥᠪᠡᠷ᠎ᠦᠨ ᠭᠠᠷ᠎ᠢᠶᠠᠷ᠎ᠢᠶᠠᠨ ᠨᠠᠮ᠎ᠤᠨ ᠳᠣᠲᠣᠭᠠᠳᠤ᠎ᠶᠢᠨ ᠬᠠᠮᠤᠭ᠎ᠤᠨ ᠳᠡᠭᠡᠳᠦ ᠢᠷᠠᠭᠤ ᠠᠯᠳᠠᠷ — 《7·1᠎ᠤ᠋ ᠭᠠᠪᠢᠶᠠᠨ ᠲᠡᠮᠳᠡᠭ》 ᠢ᠋ ᠲᠢᠩ·ᠪᠠᠭᠠᠲᠤᠷ᠎ᠤᠨ ᠡᠩᠭᠡᠷ᠎ᠲᠦ ᠵᠡᠭᠦᠯᠭᠡᠪᠡ᠃

ᠡᠨᠡ ᠬᠦ᠌ ᠠᠬᠠᠮᠠᠳ ᠨᠠᠮ᠎ᠤᠨ ᠡᠭᠦᠷ᠎ᠦᠨ ᠱᠦᠵᠢ᠄《ᠪᠢ ᠪᠣᠯ ᠨᠢᠭᠡᠨ ᠡᠭᠡᠯ ᠵᠢᠷ᠎ᠦᠨ ᠮᠠᠯᠴᠢᠨ ᠬᠦᠮᠦᠨ᠂ ᠪᠢ ᠡᠭᠦᠷᠢᠳᠡ ᠡᠬᠡ ᠨᠤᠲᠤᠭ᠎ᠵᠢᠡᠨ ᠰᠠᠬᠢᠵᠤ᠂ ᠲᠠᠯ᠎ᠠ ᠨᠤᠲᠤᠭ᠎ᠲᠤ ᠬᠤᠷᠠᠮᠳᠤᠭᠤᠯᠤᠭᠰᠠᠨ 50 ᠰᠢᠬᠠᠮ ᠵᠢᠯ᠎ᠦᠨ ᠲᠤᠷᠰᠢᠯᠭ᠎ᠠ᠎ᠪᠠᠨ ᠮᠠᠯᠴᠢᠳ᠎ᠲᠤ ᠤᠯᠠᠮᠵᠢᠯᠠᠵᠤ᠂ ᠬᠠᠮᠲᠤ ᠪᠠᠷ ᠰᠠᠢᠨ ᠰᠠᠢᠬᠠᠨ ᠠᠮᠢᠳᠤᠷᠠᠯ᠎ᠢ ᠴᠣᠭᠴᠠᠯᠠᠨ᠎ᠡ》 ᠭᠡᠵᠦ ᠰᠡᠳᠬᠢᠯ ᠳᠣᠭᠳᠣᠯᠤᠨ ᠬᠡᠯᠡᠯ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号