— ᠪᠦᠬᠦ᠌ ᠤᠯᠤᠰ ᠤ᠋ᠨ ᠰᠢᠯᠢᠳᠡᠭ ᠡᠪ ᠬᠠᠮᠲᠤ᠌ ᠨᠠᠮ ᠤ᠋ᠨ ᠭᠡᠰᠢᠭᠦᠨ ᠵᠣᠣ ᠬᠤᠢ ᠵᠢ ᠲᠡᠮᠳᠡᠭᠯᠡᠪᠡ
ᠵᠤᠨ ᠤ᠋ 6 ᠰᠠᠷ᠎ᠠ ᠳ᠋ᠤ᠂ ᠬᠠᠯᠠᠭᠤᠨ ᠨᠠᠷᠠ ᠫᠢᠩᠵᠤᠸᠠᠩ ᠨᠡᠭᠦᠷᠡᠰᠦᠨ ᠤ᠋ ᠦᠢᠯᠡᠰ ᠤ᠋ᠨ ᠺᠣᠮᠫᠠᠨᠢ ᠶ᠋ᠢᠨ ᠦᠷᠭᠦᠯᠵᠢᠯᠡᠭᠰᠡᠨ ᠠᠭᠤᠷᠬᠠᠢ ᠳᠡᠭᠡᠷ᠎ᠡ ᠲᠤᠰᠴᠤ᠌᠂ ᠮᠠᠰᠢᠨ ᠮᠸᠬᠠᠨᠢᠭ ᠤ᠋ᠨ ᠳᠠᠭᠤᠨ ᠬᠦᠷᠴᠢᠭᠢᠨᠡᠵᠦ᠂ ᠨᠡᠭᠦᠷᠡᠰᠦᠨ ᠠᠭᠤᠷᠬᠠᠢ ᠳ᠋ᠤ ᠠᠵᠢᠯᠴᠢᠳ ᠮᠠᠰᠢ ᠶᠠᠭᠠᠷᠠᠯᠲᠠᠢ ᠠᠵᠢᠯᠯᠠᠨ᠎ᠠ᠃ ᠮᠠᠰᠢᠨ ᠴᠠᠬᠢᠯᠭᠠᠨ ᠰᠡᠯᠪᠢᠨ ᠵᠠᠰᠠᠬᠤ ᠠᠵᠢᠯᠴᠢᠨ ᠪᠠᠶ᠋ᠢᠭᠰᠠᠨ ᠡᠴᠡ ᠪᠠᠨ ᠨᠡᠭᠦᠷᠡᠰᠦᠨ ᠠᠭᠤᠷᠬᠠᠢ ᠶ᠋ᠢᠨ ᠲᠤᠬᠠᠢᠯᠠᠬᠰᠡᠨ ᠠᠵᠢᠯᠤᠨ ᠴᠢᠳᠠᠪᠦᠷᠢᠳᠡᠨ᠂ ᠲᠦᠷᠦ ᠶ᠋ᠢᠨ ᠶᠠᠪᠤᠳᠠᠯ ᠤ᠋ᠨ ᠬᠣᠷᠢᠶᠠᠨ ᠤ᠋ ᠵᠠᠰᠠᠭ ᠤ᠋ᠨ ᠣᠷᠳᠣᠨ ᠤ᠋ ᠣᠨᠴᠠᠭᠠᠢ ᠨᠥᠬᠥᠪᠥᠷᠢ ᠵᠢ ᠬᠦᠷᠳᠡᠭᠰᠡᠨ ᠲᠤᠰᠬᠠᠢ ᠮᠡᠷᠭᠡᠵᠢᠯᠲᠡᠨ ᠪᠤᠯᠵᠤ᠂ 30 ᠰᠢᠬᠠᠮ ᠵᠢᠯ ᠤ᠋ᠨ ᠰᠢᠷᠭᠠᠭᠤ ᠲᠡᠮᠡᠴᠡᠯᠢ᠋ᠢᠡᠷ ᠢ᠋ᠶ᠋ᠡᠨ ᠨᠢᠭᠡᠨ ᠡᠪ ᠬᠠᠮᠲᠤ᠌ ᠨᠠᠮ ᠤ᠋ᠨ ᠭᠡᠰᠢᠭᠦᠨ ᠤ᠋ ᠤᠭ ᠰᠠᠨᠠᠭ᠎ᠠ ᠪᠣᠯᠤᠨ ᠤᠷᠠᠨ ᠳᠠᠷᠬᠠᠨ ᠤ᠋ ᠵᠤᠷᠢᠭ ᠰᠠᠨᠠᠭ᠎ᠠ ᠵᠢ ᠦᠢᠯᠡᠳᠤᠯᠭᠡᠵᠢᠬᠦᠯᠦᠭᠰᠡᠨ ᠡᠨᠡ ᠬᠦᠮᠦᠨ ᠢ ᠵᠤᠤ ᠬᠤᠢ ᠬᠡᠳᠡᠭ᠃
1976 ᠣᠨ ᠳ᠋ᠤ ᠲᠥᠷᠥᠭᠰᠡᠨ ᠵᠤᠤ ᠬᠤᠢ᠂ ᠠᠪᠤ ᠶ᠋ᠢᠨ ᠦᠶ᠎ᠡ ᠶ᠋ᠢᠨ ᠬᠢᠨ ᠡᠴᠠ ᠪᠠᠨ ᠠᠭᠤᠷᠬᠠᠢᠶᠢᠨ ᠲᠤᠬᠠᠢ ᠵᠤᠭᠤᠭᠢ ᠰᠣᠨᠣᠰᠴᠤ᠌ ᠥᠰᠦᠭᠰᠡᠨ ᠶᠤᠮ᠃ ᠲᠡᠷᠡ ᠠᠨᠭᠬ᠎ᠠ ᠠᠭᠤᠷᠬᠠᠢ ᠶ᠋ᠢᠨ ᠠᠵᠢᠯ ᠳ᠋ᠤ ᠤᠷᠤᠯᠴᠠᠵᠤ ᠮᠠᠰᠢᠨ ᠴᠠᠬᠢᠯᠭᠠᠨ ᠤ᠋ ᠭᠠᠵᠠᠷ ᠤ᠋ᠨ ᠴᠠᠬᠢᠯᠭᠠᠨ ᠤ᠋ ᠠᠩᠬᠢ ᠳ᠋ᠤ ᠬᠤᠪᠢᠶᠠᠭᠳᠠᠨ ᠣᠴᠢᠬᠤ ᠳ᠋ᠠᠭᠠᠨ᠂ ᠳᠡᠷᠭᠡᠳᠡᠬᠢ ᠡᠷᠳᠡᠮ ᠴᠢᠳᠠᠪᠤᠷᠢ ᠲᠠᠢ ᠬᠠᠮᠲᠤ᠌ ᠠᠵᠢᠯᠯᠠᠭᠰᠠᠳ ᠢ᠋ᠶ᠋ᠡᠨ ᠬᠠᠷᠠᠭᠠᠳ 《ᠡᠨᠡ ᠠᠵᠢᠯ ᠢ᠋ ᠰᠣᠩᠭᠣᠭᠰᠠᠨ ᠶᠤᠮ ᠴᠢᠨᠢ ᠵᠠᠪᠠᠯ ᠰᠠᠶ᠋ᠢᠲᠤᠷ ᠠᠵᠢᠯᠯᠠᠵᠤ᠂ ᠠᠮᠵᠢᠯᠲᠠ ᠪᠦᠲᠦᠮᠵᠢ ᠭᠠᠷᠭᠠᠨ᠎ᠠ》 ᠭᠡᠵᠦ ᠪᠠᠲᠤ ᠪᠤᠳᠤᠵᠤ ᠪᠠᠢᠵᠠᠢ᠃
ᠣᠨᠣᠯ ᠤ᠋ᠨ ᠮᠡᠳᠡᠯᠭᠡ ᠳᠤᠲᠠᠮᠠᠭ ᠪᠤᠯᠬᠤᠷ ᠲᠡᠷᠡ ᠬᠠᠮᠤᠭ ᠤᠨ ᠦᠨᠳᠤᠰᠤᠨ ᠮᠡᠳᠡᠯᠭᠡ ᠡᠴᠡ ᠡᠬᠢᠯᠡᠵᠦ᠍ ᠰᠤᠷᠴᠠᠶ ; ᠲᠤᠰᠬᠠᠢ ᠮᠡᠷᠭᠡᠵᠢᠯ ᠤ᠋ᠨ ᠰᠤᠷᠬᠤ ᠮᠠᠲ᠋ᠧᠷᠢᠶᠠᠯ ᠳᠤᠲᠠᠮᠠᠭ ᠪᠤᠯᠬᠤᠷ ᠲᠡᠷᠡ ᠬᠡᠳᠦᠨ ᠠᠷᠪᠠᠨ ᠬᠠᠭᠤᠳᠠᠰᠤ ᠬᠦᠬᠡ ᠵᠢᠷᠤᠭ ᠢ᠋ ᠳᠡᠪᠲᠡᠷᠯᠡᠵᠦ᠍᠂ ᠴᠠᠭ ᠲᠤᠬᠠᠢ ᠳ᠋ᠤᠨᠢ ᠲᠡᠯᠬᠡᠨ ᠦᠵᠡᠳᠡᠭ ᠪᠠᠢᠯ᠎ᠠ; ᠦᠢᠯᠡᠳᠦᠯᠭᠡ ᠳᠤᠲᠠᠮᠠᠭ ᠪᠤᠯᠬᠤᠷ ᠲᠡᠷᠡ ᠳᠠᠷᠤᠤ ᠬᠢᠴᠢᠶᠡᠩᠭᠦᠢ ᠪᠡᠷ ᠠᠬᠠᠮᠠᠳ ᠪᠠᠭᠰᠢ ᠡᠴᠡ ᠠᠰᠠᠭᠤᠨ ᠰᠤᠷᠤᠯᠴᠠᠵᠤ᠂ ᠠᠷᠭ᠎ᠠ ᠪᠦᠬᠦᠨ ᠢ᠋ ᠰᠦᠪᠡᠭᠴᠢᠯᠡᠨ ᠦᠢᠯᠡᠳᠪᠦᠷᠢ ᠶ᠋ᠢᠨ ᠮᠡᠷᠭᠡᠵᠢᠯᠲᠡᠨ ᠡᠴᠡ ᠲᠤᠰᠠᠯᠠᠮᠵᠢ ᠭᠤᠶᠤᠳᠠᠭ᠃ ᠠᠵᠢᠯᠴᠢᠨ ᠨᠥᠬᠥᠳ ᠨᠢ ᠠᠮᠠᠷᠠᠬᠤ ᠦᠶᠡᠰ᠂ ᠲᠡᠷᠡ ᠰᠢᠷᠭᠠᠭᠤ ᠪᠣᠯᠪᠠᠰᠤᠷᠠᠨ᠎ᠠ; ᠪᠠᠴᠢᠮ ᠬᠦᠴᠢᠷ ᠠᠶᠤᠯᠲᠠᠢ ᠬᠦᠨᠳᠦ ᠡᠭᠦᠷᠭᠡ ᠲᠤᠯᠭᠠᠷᠠᠪᠠᠯ᠂ ᠲᠡᠷᠡ ᠰᠠᠨᠠᠭᠠᠴᠢᠯᠠᠭ᠎ᠠ ᠡᠴᠡ ᠪᠠᠨ ᠠᠵᠢᠯ ᠡᠭᠦᠷᠭᠡᠯᠡᠬᠦ ᠪᠠᠷ ᠭᠤᠶᠤᠴᠢᠯᠠᠳᠠᠭ᠃ ᠭᠡᠷ ᠲᠡᠭᠡᠨ ᠬᠠᠷᠢᠪᠠᠯ᠂ ᠪᠠᠭᠰᠢ ᠶ᠋ᠢᠨ ᠥᠭᠭᠦᠭᠰᠡᠨ ᠰᠤᠷᠤᠯᠴᠠᠬᠤ ᠮᠠᠲ᠋ᠧᠷᠢᠶᠠᠯ ᠢ᠋ ᠰᠤᠳᠤᠯᠤᠨ ᠰᠤᠷᠤᠯᠴᠠᠭᠰᠠᠭᠠᠷ ᠬᠤᠷᠠᠮᠳᠤᠭᠤᠯᠤᠭᠰᠠᠨ ᠰᠤᠷᠤᠯᠭ᠎ᠠ ᠶ᠋ᠢᠨ ᠲᠡᠮᠳᠡᠭᠯᠡᠯ ᠨᠢ 10 ᠭᠠᠷᠤᠢ ᠳᠡᠪᠲᠡᠷ᠂ 20 ᠭᠠᠷᠤᠢ ᠲᠦᠮᠡᠨ ᠦᠰᠦᠭ ᠲᠠᠢ ᠪᠠᠢᠵᠤ᠂ ᠵᠢᠷᠤᠭᠰᠠᠨ ᠵᠢᠷᠤᠭ ᠲᠥᠰᠦᠯ ᠨᠢ ᠲᠤᠬᠤᠢ ᠢᠯᠡᠭᠦᠦ ᠵᠤᠵᠠᠭᠠᠨ ᠪᠠᠶ᠋ᠢᠯ᠎ᠠ᠃
ᠵᠣᠣ ᠬᠤᠢ ᠡᠩ ᠤ᠋ᠨ ᠨᠢᠭᠡᠨ ᠠᠵᠢᠯᠴᠢᠨ ᠪᠠᠶ᠋ᠢᠭᠰᠠᠨ ᠡᠴᠡ ᠪᠠᠨ ᠮᠠᠰᠢᠨ ᠴᠠᠬᠢᠯᠭᠠᠨ ᠰᠡᠯᠪᠢᠨ ᠵᠠᠰᠠᠬᠤ ᠠᠩᠭᠢ ᠶ᠋ᠢᠨ ᠳᠠᠷᠤᠭ᠎ᠠ ᠪᠣᠯᠪᠠ᠃ 2007 ᠣᠨ ᠳ᠋ᠤ᠂ ᠲᠡᠷᠡ ᠢᠷᠠᠭᠤ ᠠᠯᠳᠠᠷᠲᠠᠢ ᠪᠡᠷ ᠳᠤᠮᠳᠠᠳᠤ ᠤᠯᠤᠰ ᠤ᠋ᠨ ᠡᠪ ᠬᠠᠮᠲᠤ᠌ ᠨᠠᠮ ᠳ᠋ᠤ ᠡᠯᠰᠡᠭᠳᠡᠵᠤ᠂ ᠨᠠᠮ ᠤ᠋ᠨ ᠡᠭᠦᠷ ᠤ᠋ᠨ ᠱᠦᠵᠢ ᠨᠢ ᠲᠡᠭᠦᠨ ᠲᠠᠢ ᠶᠠᠷᠢᠯᠴᠠᠬᠤ ᠳ᠋ᠤ ᠲᠡᠷᠡ᠄ 《 ᠪᠢ ᠠᠭᠤᠷᠬᠠᠢ ᠵᠢ ᠰᠣᠩᠭᠣᠨ᠂ ᠠᠵᠢᠯ ᠮᠡᠷᠭᠡᠵᠢᠯ ᠢ᠋ ᠰᠠᠶ᠋ᠢᠲᠤᠷ ᠰᠤᠷᠤᠯᠴᠠᠵᠤ᠂ ᠲᠤᠬᠠᠶ᠋ᠢᠯᠠᠭᠰᠠᠨ ᠠᠵᠢᠯ ᠢ᠋ᠶ᠋ᠡᠨ ᠰᠠᠶ᠋ᠢᠲᠤᠷ ᠬᠢᠵᠦ᠍ ᠪᠠᠶ᠋ᠢᠬᠤ ᠨᠢ ᠳᠠᠷᠤᠢ ᠰᠡᠳᠬᠢᠯ ᠵᠤᠷᠢᠭ ᠢ᠋ᠶ᠋ᠡᠨ ᠨᠠᠮ ᠳ᠋ᠤ ᠲᠤᠰᠢᠶᠠᠵᠤ᠂ ᠨᠡᠭᠦᠷᠡᠰᠦᠨ ᠠᠭᠤᠷᠬᠠᠢ ᠳ᠋ᠤ ᠲᠤᠰᠢᠶᠠᠬᠤ ᠶ᠋ᠢᠨ ᠲᠥᠯᠥᠭᠡ ᠶᠤᠮ》 ᠭᠡᠵᠦ ᠬᠡᠯᠡᠵᠦ ᠪᠠᠢᠬᠰᠠᠨ ᠪᠥᠭᠡᠳ ᠨᠡᠩ ᠴᠤ᠌ ᠢᠩᠭᠢᠵᠦ᠍ ᠬᠢᠭᠰᠡᠨ ᠶᠤᠮ᠃
ᠵᠢᠷᠭᠤᠭᠠᠨ ᠨᠡᠭᠦᠷᠡᠰᠦᠨ ᠠᠭᠤᠷᠬᠠᠶ ᠳ᠋ᠤ᠂ ᠭᠤᠤᠯ ᠳᠡᠳ᠋ ᠬᠤᠳᠳᠤᠭ ᠤ᠋ᠨ ᠣᠷᠢᠶᠠᠭᠤᠷ ᠪᠣᠯ ᠲᠦᠭᠦᠬᠡᠢ ᠨᠡᠭᠦᠷᠡᠰᠦ ᠶ᠋ᠢ ᠭᠠᠷᠭᠠᠬᠤ ᠠᠮᠢᠨ ᠰᠤᠳᠠᠰᠤ ᠪᠣᠯᠤᠨ᠎ᠠ᠃ ᠲᠣᠭ᠎ᠠ ᠲᠣᠮᠰᠢ ᠦᠭᠡᠢ ᠤᠯᠠᠨ ᠤᠳᠠᠭ᠎ᠠ ᠨᠠᠷᠢᠨ ᠨᠢᠭᠲᠠ ᠪᠤᠳᠤᠬᠤ ᠪᠠ ᠲᠠᠬᠢᠨ ᠳᠠᠪᠲᠠᠨ ᠨᠤᠲᠠᠯᠠᠬᠤ ᠪᠡᠷ ᠳᠠᠮᠵᠢᠨ᠂ ᠵᠤᠤ ᠬᠤᠢ ᠬᠤᠷᠳᠤᠴᠠ ᠪᠠᠭᠤᠷᠠᠭᠤᠯᠬᠤ ᠴᠡᠭ ᠢ᠋ ᠳᠡᠭᠡᠭᠰᠢ ᠰᠢᠯᠵᠢᠭᠦᠯᠵᠦ᠍᠂ ᠮᠥᠯᠬᠥᠬᠦ᠌ ᠵᠠᠢ ᠵᠢ ᠪᠣᠭᠣᠨᠢᠰᠬᠠᠬᠤ ᠪᠡᠷ ᠳᠠᠮᠵᠢᠨ᠂ ᠨᠡᠭᠦᠷᠡᠰᠦ ᠭᠠᠷᠭᠠᠬᠤ ᠪᠦᠷᠢ ᠵᠢᠨ ᠣᠷᠴᠢᠯ ᠳ᠋ᠤ 36.98 ᠰᠧᠺᠦ᠋ᠨ᠋ᠳ᠋ ᠠᠷᠪᠢᠯᠠᠪᠠ᠃ ᠶᠠᠭ ᠡᠨᠡ ᠬᠠᠭᠠᠰ ᠮᠢᠨᠦ᠋ᠲ ᠨᠢ ᠦᠵᠡᠬᠦ᠌ ᠳ᠋ᠤ ᠶᠠᠯᠢᠮ ᠦᠭᠡᠢ ᠪᠣᠯᠪᠠᠴᠤ᠌ ᠵᠢᠯ ᠪᠦᠷᠢ ᠢᠯᠡᠭᠦᠦ 20 ᠭᠠᠷᠤᠢ ᠲᠦᠮᠡᠨ ᠲᠣᠨ ᠨᠡᠭᠦᠷᠡᠰᠦ ᠭᠠᠷᠭᠠᠵᠤ᠂ 4000 ᠭᠠᠷᠤᠢ ᠲᠦᠮᠡᠨ ᠲᠥᠭᠥᠷᠢᠭ ᠤ᠋ᠨ ᠦᠷ᠎ᠡ ᠠᠰᠢᠭ ᠣᠯᠳᠠᠭ᠃ 2015 ᠣᠨ ᠳ᠋ᠤ᠂ ᠲᠡᠷᠡ ᠪᠠᠰᠠ ᠭᠤᠤᠯ ᠬᠤᠳᠳᠤᠭ ᠤ᠋ᠨ ᠠᠴᠢᠶᠠᠯᠠᠬᠤ ᠰᠢᠰᠲ᠋ᠧᠮ ᠳ᠋ᠤ 《ᠮᠡᠰᠡ ᠵᠠᠰᠠᠯ》 ᠬᠢᠵᠦ᠍᠂ ᠪᠠᠷᠠᠭ᠎ᠠ ᠪᠠᠭᠤᠯᠭᠠᠬᠤ ᠬᠡᠮᠵᠢᠶ᠎ᠡ ᠪᠡᠷ ᠳᠣᠬᠢᠶ᠎ᠠ ᠨᠡᠶ᠋ᠢᠲᠡᠯᠡᠬᠦ ᠵᠢ ᠡᠵᠡᠮᠳᠡᠵᠦ᠂ ᠥᠭᠡᠷᠡᠴᠢᠯᠡᠭᠰᠡᠨ ᠤ᠋ ᠳᠠᠷᠠᠭ᠎ᠠ ᠨᠡᠭᠦᠷᠡᠰᠦ ᠭᠠᠷᠭᠠᠬᠤ ᠪᠦᠷᠢ ᠵᠢᠨ ᠣᠷᠴᠢᠯ ᠳ᠋ᠤ ᠳᠠᠬᠢᠨ 7 ᠰᠧᠺᠦ᠋ᠨ᠋ᠳ᠋ ᠠᠷᠪᠢᠯᠠᠵᠤ᠂ ᠵᠢᠯ ᠪᠦᠷᠢ ᠪᠠᠰᠠ ᠢᠯᠡᠭᠦᠦ 6 ᠲᠦᠮᠡᠨ ᠲᠣᠨ ᠲᠦᠭᠦᠬᠡᠶ ᠨᠡᠭᠦᠷᠡᠰᠦ ᠭᠠᠷᠭᠠᠬᠤ ᠪᠤᠯᠪᠠ᠃
ᠲᠡᠷᠡ ᠦᠷ᠎ᠡ ᠪᠦᠲᠦᠮᠵᠢ ᠵᠢ ᠬᠥᠭᠡᠭᠡᠴᠡᠯᠳᠦᠬᠦ᠌ ᠪᠡᠷ ᠪᠠᠷᠠᠬᠤ ᠦᠭᠡᠢ᠂ ᠨᠠᠩ ᠴᠤ᠌ ᠠᠮᠤᠷ ᠲᠦᠪᠰᠢᠨ ᠤ᠋ ᠰᠡᠷᠡᠮᠵᠢᠯᠡᠭᠦᠯᠦᠯ ᠳᠡᠭᠡᠷ᠎ᠡ ᠠᠨᠭᠬᠠᠷᠤᠯ ᠢ᠋ᠶ᠋ᠡᠨ ᠲᠦᠪᠯᠡᠷᠡᠭᠦᠯᠪᠡ᠃ ᠲᠡᠭᠦᠨ ᠤ᠋ ᠰᠤᠳᠤᠯᠤᠨ ᠦᠢᠯᠡᠳᠦᠭᠰᠡᠨ 《ᠭᠤᠤᠯ ᠳᠡᠭᠦᠵᠢ ᠮᠠᠰᠢᠨ ᠤ᠋ ᠭᠡᠮᠲᠦᠯ ᠢ᠋ ᠤᠷᠢᠳᠴᠢᠯᠠᠨ ᠰᠡᠷᠡᠮᠵᠢᠯᠡᠭᠦᠯᠬᠦ᠌ ᠲᠤᠬᠠᠢ ᠶ᠋ᠢᠨ ᠴᠠᠭ ᠲᠤᠨᠢ ᠬᠢᠨᠠᠨ ᠬᠡᠮᠵᠢᠬᠦ᠌ ᠰᠢᠰᠲ᠋ᠧᠮ》 ᠨᠢ ᠭᠡᠮᠲᠦᠯ ᠢ᠋ ᠤᠷᠢᠳᠴᠢᠯᠠᠨ ᠰᠡᠷᠭᠡᠶ᠋ᠢᠯᠡᠬᠦ᠌ ᠪᠠ ᠣᠨᠣᠰᠢᠯᠠᠬᠤ ᠵᠢ ᠪᠡᠶᠡᠯᠡᠭᠦᠯᠪᠡ᠃ ᠲᠡᠭᠦᠨ ᠤ᠋ ᠰᠤᠳᠤᠯᠤᠨ ᠦᠢᠯᠡᠳᠦᠭᠰᠡᠨ 《ᠭᠣᠣᠯ ᠰᠠᠯᠬᠢ ᠨᠡᠪᠲᠡᠷᠡᠭᠦᠯᠬᠦ᠌ ᠮᠠᠰᠢᠨ ᠤ᠋ ᠰᠠᠯᠬᠢ ᠵᠣᠭᠰᠣᠬᠤ ᠲᠦᠭᠰᠢᠭᠦᠷᠢ ᠮᠡᠳᠡᠭᠡᠯᠡᠬᠦ᠌ ᠲᠥᠬᠥᠭᠡᠷᠦᠮᠵᠢ》 ᠨᠢ ᠰᠠᠯᠬᠢ ᠵᠣᠭᠰᠣᠭᠰᠠᠨ ᠤ᠋ ᠳᠠᠷᠠᠭ᠎ᠠ ᠵᠢᠯᠣᠭᠣᠴᠢ ᠶ᠋ᠢᠨ ᠴᠠᠭ ᠲᠤᠬᠠᠢ ᠳ᠋ᠤᠨᠢ ᠣᠯᠵᠤ ᠮᠡᠳᠡᠬᠦ᠌ ᠶ᠋ᠢᠨ ᠠᠷᠭ᠎ᠠ ᠦᠭᠡᠢ ᠬᠦᠨᠳᠦ ᠨᠣᠴᠢᠲᠠᠢ ᠭᠡᠮ ᠰᠣᠭᠣᠭ ᠢ᠋ ᠰᠢ᠌ᠳᠪᠦᠷᠢᠯᠡᠪᠡ ; ᠰᠤᠳᠤᠯᠤᠨ ᠨᠡᠭᠡᠭᠡᠭᠰᠡᠨ 《ᠠᠭᠤᠷᠬᠠᠶ ᠶ᠋ᠢᠨ ᠬᠤᠳᠳᠤᠭ ᠤ᠋ᠨ ᠰᠢᠩᠭᠡᠨ ᠲᠠᠷᠤᠴᠠᠳᠤ ᠥᠷᠲᠡᠭᠡᠨ ᠤ᠋ ᠲᠣᠰᠣᠨ ᠤ᠋ ᠪᠠᠶ᠋ᠢᠷᠢ ᠶ᠋ᠢᠨ ᠲᠦᠭᠰᠢᠭᠦᠷᠢ ᠮᠡᠳᠡᠭᠡᠯᠡᠬᠦ᠌ ᠲᠥᠬᠥᠭᠡᠷᠦᠮᠵᠢ》 ᠨᠢ ᠠᠶᠤᠯᠭᠦᠶ ᠦᠢᠯᠡᠳᠪᠦᠷᠢᠯᠡᠯ ᠳ᠋ᠤ ᠪᠠᠰᠠ ᠨᠢᠭᠡ ᠪᠠᠲᠤᠯᠠᠪᠤᠷᠢ ᠨᠡᠮᠡᠭᠰᠡᠨ ᠪᠠᠶ᠋ᠢᠨ᠎ᠠ᠃ 2008 ᠣᠨ ᠡᠴᠡ ᠨᠠᠭᠠᠰᠢ᠂ ᠲᠡᠷᠡ ᠰᠢᠨ᠎ᠡ ᠵᠢ ᠡᠭᠦᠳᠬᠦ᠌ ᠮᠡᠷᠭᠡᠵᠢᠯ ᠤ᠋ᠨ ᠥᠭᠡᠷᠡᠴᠢᠯᠡᠯᠲᠡ ᠶ᠋ᠢᠨ 23 ᠲᠦᠷᠦᠯ ᠵᠦᠢᠯ ᠢ᠋ ᠪᠡᠶᠡᠯᠡᠭᠦᠯᠵᠦ᠍᠂ ᠡᠭᠦᠨ ᠳ᠋ᠤ 10 ᠲᠦᠷᠦᠯ ᠤ᠋ᠨ ᠡᠭᠦᠳᠦᠯᠲᠡ ᠳ᠋ᠤ ᠤᠯᠤᠰ ᠤ᠋ᠨ ᠲᠤᠰᠬᠠᠢ ᠠᠰᠢᠭ ᠤ᠋ᠨ ᠡᠷᠬᠡ ᠣᠯᠭᠣᠪᠠ ᠃
2012 ᠣᠨ ᠳ᠋ᠤ 《ᠵᠤᠤ ᠬᠤᠢ ᠵᠢᠨ ᠠᠵᠢᠯᠯᠠᠬᠤ ᠲᠠᠰᠤᠭ》 ᠫᠠᠶ᠋ᠢᠰᠠ ᠡᠯᠭᠦᠨ ᠪᠠᠶ᠋ᠢᠭᠤᠯᠤᠭᠳᠠᠪᠠ᠃ ᠡᠨᠡ ᠬᠦ᠌ ᠵᠢᠭᠰᠠᠭᠠᠯ ᠤ᠋ᠨ ᠭᠠᠵᠠᠷ ᠨᠢ ᠲᠡᠭᠦᠨ ᠤ᠋ ᠰᠢᠨ᠎ᠡ ᠵᠢ ᠡᠭᠦᠳᠬᠦ᠌ ᠤᠴᠢ ᠵᠢ ᠰᠠᠴᠤᠬᠤ ᠶᠠᠷᠢᠶᠠᠨ ᠤ᠋ ᠲᠠᠪᠴᠠᠩ ᠪᠣᠯᠪᠠ᠃ ᠤᠯᠠᠨ ᠵᠢᠯ ᠤ᠋ᠨ ᠲᠤᠷᠰᠢ᠂ ᠲᠡᠷᠡ ᠨᠡᠢ᠌ᠲᠡ ᠲᠦᠮᠡ ᠭᠠᠷᠤᠢ ᠬᠥᠮᠦᠨ ᠤᠳᠠᠭ᠎ᠠ ᠶ᠋ᠢᠨ ᠪᠣᠯᠪᠠᠰᠤᠷᠠᠯ ᠥᠷᠨᠢᠭᠦᠯᠵᠦ᠍᠂ ᠨᠢᠭᠡ ᠰᠠᠯᠠᠭ᠎ᠠ ᠨᠡᠷ᠎ᠡ ᠴᠤᠤᠲᠠᠢ ᠮᠡᠷᠭᠡᠵᠢᠯ ᠤ᠋ᠨ ᠡᠨᠭᠨᠡᠭᠡ ᠵᠢ ᠬᠦᠮᠦᠵᠢᠭᠦᠯᠪᠡ᠄ ᠮᠤᠵᠢ ᠶᠠᠮᠤᠨ ᠤ᠋ ᠲᠡᠰ ᠤ᠋ᠨ 3 ᠶᠡᠬᠡ ᠮᠠᠰᠲᠸᠷ᠂ 20 ᠳᠡᠭᠡᠳᠦ ᠮᠠᠰᠲ᠋ᠧᠷ᠂ 30 ᠮᠠᠰᠲ᠋ᠧᠷ᠂ 100 ᠳᠡᠭᠡᠳᠦ ᠮᠡᠷᠭᠡᠵᠢᠯᠲᠡᠢ ᠠᠵᠢᠯᠲᠠᠨ ᠢ᠋ ᠬᠦᠮᠦᠵᠢᠭᠦᠯᠵᠦ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠳᠡᠯᠮᠦᠷᠢ ᠶ᠋ᠢᠨ ᠵᠢᠱ᠌ᠢᠶᠡᠴᠢ᠂ 《ᠲᠥᠪ ᠤ᠋ᠨ ᠠᠵᠤ ᠠᠬᠤᠶ᠋ᠢᠯᠠᠯ ᠤ᠋ᠨ ᠮᠡᠷᠭᠡᠵᠢᠯ ᠤ᠋ᠨ ᠴᠢᠳᠠᠪᠤᠷᠢᠲᠠᠨ》 ᠵᠡᠷᠭᠡ ᠨᠢᠭᠡ ᠪᠦᠯᠦᠭ ᠲᠡᠷᠢᠭᠦᠨ ᠤ᠋ ᠨᠡᠶ᠋ᠢᠲᠡᠯᠢᠭ ᠵᠢᠱ᠌ᠢᠢᠡ ᠴᠣᠯᠭᠣᠷᠠᠨ ᠭᠠᠷᠴᠠᠢ᠃
ᠲᠡᠭᠦᠨ ᠤ᠋ ᠳᠠᠭᠠᠭᠤᠯᠭ᠎ᠠ ᠳᠤᠤᠷ᠎ᠠ᠂ ᠠᠵᠢᠯᠯᠠᠬᠤ ᠲᠠᠰᠤᠭ ᠤ᠋ᠨᠬᠢᠨ ᠨᠡᠶ᠋ᠢᠲᠡ 330 ᠰᠢᠨ᠎ᠡ ᠵᠢ ᠡᠭᠦᠳᠬᠦ᠌ ᠲᠥᠷᠥᠯ ᠵᠦᠢᠯ ᠢ᠋ ᠪᠡᠶᠡᠯᠡᠭᠦᠯᠵᠦ᠍᠂ ᠡᠭᠦᠨ ᠳ᠋ᠤ 55 ᠲᠥᠷᠥᠯ ᠵᠦᠢᠯ ᠢ᠋ ᠪᠥᠬᠥ᠌ ᠺᠣᠮᠫᠠᠨᠢ ᠳ᠋ᠤ ᠳᠡᠯᠭᠡᠷᠡᠭᠦᠯᠵᠦ᠍᠂ 6000 ᠲᠦᠮᠡᠨ ᠲᠥᠭᠥᠷᠢᠭ ᠤ᠋ᠨ ᠠᠵᠤ ᠠᠬᠤᠶ ᠶ᠋ᠢᠨ ᠦᠷ᠎ᠡ ᠠᠰᠢᠭ ᠢ᠋ ᠡᠭᠦᠳᠪᠡ᠃ 2014 ᠣᠨ ᠳ᠋ᠤ 《ᠵᠤᠤ ᠬᠤᠢ ᠵᠢᠨ ᠠᠵᠢᠯᠯᠠᠬᠤ ᠲᠠᠰᠤᠭ》 ᠨᠢ ᠳᠤᠮᠳᠠᠳᠤ ᠶ᠋ᠢᠨ ᠪᠦᠬᠦ᠌ ᠤᠯᠤᠰ ᠤ᠋ᠨ ᠠᠵᠢᠯᠴᠢᠨ ᠤ᠋ ᠶᠡᠷᠦᠩᠬᠡᠢ ᠡᠪᠯᠡᠯ ᠳ᠋ᠤ 《ᠬᠥᠳᠡᠯᠮᠦᠷᠢ ᠶ᠋ᠢᠨ ᠵᠢᠱ᠌ᠢᠶᠡᠴᠢ ᠶ᠋ᠢᠨ ᠰᠢᠨ᠎ᠡ ᠵᠢ ᠡᠭᠦᠳᠬᠦ᠌ ᠠᠵᠢᠯᠯᠠᠬᠤ ᠲᠠᠰᠤᠭ》 ᠢ᠋ᠶ᠋ᠡᠷ ᠦᠨᠡᠯᠡᠭᠳᠡᠵᠦ᠍᠂ ᠪᠦᠬᠦᠶ᠋ᠢᠯᠡ ᠠᠭᠤᠷᠬᠠᠢ ᠶ᠋ᠢᠨ ᠣᠷᠣᠨ ᠤ᠋ ᠰᠢᠨ᠎ᠡ ᠵᠢ ᠡᠭᠦᠳᠴᠦ᠍ ᠦᠷ᠎ᠡ ᠠᠰᠢᠭ ᠤᠯᠬᠤ ᠬᠡᠪ ᠳᠠᠭᠤᠷᠢᠶᠠᠯ ᠪᠣᠯᠤᠭᠰᠠᠨ ᠪᠠᠶ᠋ᠢᠨ᠎ᠠ᠃
《 ᠪᠦᠬᠦ᠌ ᠤᠯᠤᠰ ᠤ᠋ᠨ 〈5.1〉 ᠤ᠋ ᠬᠥᠳᠡᠯᠮᠦᠷᠢ ᠶ᠋ᠢᠨ ᠱᠠᠩᠨᠠᠯ ᠤᠨ ᠮᠸᠳᠠᠯ》 ᠡᠴᠡ 《ᠪᠦᠬᠦ᠌ ᠤᠯᠤᠰ ᠤ᠋ᠨ ᠨᠡᠭᠦᠷᠡᠰᠦᠨ ᠤ᠋ ᠠᠵᠢᠯ ᠲᠦᠷᠦᠯ ᠤ᠋ᠨ ᠮᠡᠷᠭᠡᠵᠢᠯ ᠴᠢᠳᠠᠪᠤᠷᠢ ᠶ᠋ᠢᠨ ᠶᠡᠬᠡ ᠮᠠᠰᠲᠸᠷ》 ᠬᠦᠷᠲᠡᠯ᠎ᠡ᠂ 《ᠳᠤᠮᠳᠠᠳᠤ ᠤᠯᠤᠰ ᠢ᠋ ᠳᠣᠭᠳᠣᠯᠤᠭᠤᠯᠤᠭᠰᠠᠨ ᠠᠷᠪᠠᠨ ᠶᠡᠬᠡ ᠭᠠᠷᠮᠠᠭᠠᠢ ᠠᠭᠤᠷᠬᠠᠢ ᠶ᠋ᠢᠨ ᠠᠵᠢᠯᠴᠢᠨ》 ᠡᠴᠡ ᠨᠠᠮ ᠤ᠋ᠨ ᠠᠷᠪᠠ ᠶᠢᠰᠦᠳᠦᠭᠡᠷ ᠶᠡᠬᠡ ᠬᠤᠷᠠᠯ ᠤ᠋ᠨ ᠲᠥᠯᠥᠭᠡᠯᠡᠭᠴᠢ᠂ 《 ᠪᠦᠬᠦ᠌ ᠤᠯᠤᠰ ᠤ᠋ᠨ ᠰᠢᠯᠢᠳᠡᠭ ᠡᠪ ᠬᠠᠮᠲᠤ᠌ ᠨᠠᠮ ᠤ᠋ᠨ ᠭᠡᠰᠢᠭᠦᠨ》 ᠬᠦᠷᠲᠡᠯ᠎ᠡ ᠁ ᠵᠠᠯᠭᠠᠭ᠎ᠠ ᠪᠠᠷ ᠬᠦᠷᠲᠡᠭᠰᠡᠨ ᠢᠷᠠᠭᠤ ᠠᠯᠳᠠᠷ ᠤ᠋ᠨ ᠡᠮᠦᠨ᠎ᠡ ᠵᠤᠤ ᠬᠤᠢ ᠢᠮᠠᠭᠲᠠ ᠠᠭᠤᠷᠬᠠᠢ ᠶ᠋ᠢᠨ ᠠᠵᠢᠯᠴᠢᠨ ᠤ᠋ ᠤᠤᠷ ᠴᠢᠨᠠᠷ ᠢ᠋ᠶ᠋ᠡᠨ ᠪᠠᠲᠤᠯᠠᠵᠤ᠂ ᠨᠡᠭᠦᠷᠡᠰᠦᠨ ᠠᠭᠤᠷᠬᠠᠢ ᠵᠢᠨ ᠦᠢᠯᠡᠰ ᠲᠦ᠍ ᠦᠪᠡᠷᠤᠨ ᠤᠶᠤᠨ ᠤᠬᠠᠭᠠᠨ ᠬᠦᠴᠤᠨ ᠴᠢᠳᠠᠯᠵᠢᠡᠨ ᠨᠠᠮᠠᠷᠢᠯᠡᠭᠰᠡᠭᠡᠷ ᠠᠵᠢ᠃