ᠰᠡᠳᠬᠢᠯ᠎ᠤᠨ ᠦᠩᠭᠡ ᠲᠠᠢ ᠺᠣᠹᠸ
2026-07-22 16:06:22
ᠵᠣᠬᠢᠶᠠᠭ᠍ᠴᠢ᠄
ᠬᠣᠨᠢᠴᠢᠨ ᠠ᠊·ᠵᠢᠷᠠ
ᠣᠩᠱᠢᠭ᠍ᠰᠠᠨ ᠣᠳᠠᠭ᠎ᠠ᠄
★★★☆☆

ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠬᠡᠨ ᠡᠴᠡ

ᠲᠣᠷᠠᠯᠠᠯ ᠴᠡᠴᠡᠭᠯᠡᠨ᠎ᠡ

ᠲᠣᠷᠠᠯᠠᠯ ᠪᠦᠬᠦᠨ ᠳ᠋ᠦ ᠬᠠᠢᠷ᠎ᠠ᠎ᠶᠢᠨ ᠰᠡᠪᠰᠢᠶ᠎ᠠ ᠲᠠᠢ

ᠽᠠᠨᠲᠠᠨ ᠶᠠᠲᠣᠭ᠎ᠠ᠎ᠶᠢᠨ ᠡᠭᠡᠰᠢᠭᠲᠦ ᠠᠶᠠᠯᠭᠣ ᠲᠠᠢ

ᠵᠢᠷᠣᠬ᠎ᠤᠨ ᠬᠡ ᠲᠠᠢ ᠮᠦᠷᠦᠭᠡᠲᠦᠯ ᠪᠣᠢ

ᠣᠯᠠᠷᠢᠬᠣ ᠤᠨ ᠴᠠᠬ᠎ᠤᠨ ᠬᠣᠢᠨ᠎ᠠ ᠡᠴᠡ

ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠭᠡᠨ ᠳ᠋ᠦ

ᠪᠢ ᠴᠢᠮ᠎ᠡ ᠳ᠋ᠦ ᠰᠢᠯᠦᠭ ᠪᠢᠴᠢᠭᠰᠡᠨ ᠡ


ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠭᠡᠨ ᠡᠴᠡ

ᠠᠭᠣᠯᠵᠠᠯᠲᠠ ᠡᠬᠢᠯᠡᠨ᠎ᠡ

ᠠᠭᠣᠯᠵᠠᠯᠲᠠ ᠪᠦᠬᠦᠨ ᠳ᠋ᠦ ᠠᠮᠠᠷᠠᠬ᠎ᠤᠨ ᠨᠢᠭᠣᠴᠠ ᠲᠠᠢ

ᠮᠠᠯᠮᠡᠷᠡᠬᠦ ᠨᠢᠯᠪᠣᠰᠣᠨ ᠲᠣᠰᠣᠯ ᠲᠠᠢ

ᠰᠢᠪᠠᠭᠣᠳ᠎ᠤᠨ ᠣᠷᠠᠨ ᠬᠡᠯᠡ ᠵᠢᠷᠬᠢᠬᠦ ᠦᠶᠡᠰ

ᠰᠡᠮᠡᠷᠡᠵᠦ ᠣᠳᠬᠣ ᠬᠡᠬᠡᠷ᠎ᠡ᠎ᠶᠢᠨ ᠰᠠᠯᠬᠢᠨ ᠤ᠋  ᠬᠣᠢᠨ᠎ᠠ ᠡᠴᠡ

ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠭᠡᠨ ᠳ᠋ᠦ

ᠪᠢ ᠴᠢᠮ᠎ᠡ ᠳ᠋ᠦ ᠰᠢᠯᠦᠭ ᠪᠢᠴᠢᠭᠰᠡᠨ ᠡ


ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠭᠡᠨ ᠡᠴᠡ

ᠬᠠᠢᠷ᠎ᠠ ᠠᠮᠲᠠᠯᠠᠬᠲᠠᠨ᠎ᠠ

ᠬᠠᠢᠷ᠎ᠠ ᠪᠦᠬᠦᠨ ᠳ᠋ᠦ ᠮᠦᠷᠦᠭᠡᠲᠦᠯ᠎ᠤᠨ ᠰᠡᠪᠰᠢᠶ᠎ᠠ ᠲᠠᠢ

ᠮᠣᠷᠢᠨ ᠬᠣᠭᠣᠷ᠎ᠤᠨ ᠲᠠᠭᠣᠣ ᠲᠠᠢ

ᠬᠦᠮᠦᠰᠭᠡᠨ ᠰᠠᠷᠠᠨ ᠭᠡᠷᠡᠯ ᠶ᠋ᠢᠡᠨ ᠬᠠᠷᠠᠮᠨᠠᠭᠠᠳ

ᠰᠢᠷᠠᠯᠠᠵᠦ ᠣᠨᠠᠬᠣ ᠨᠠᠪᠴᠢᠰ᠎ᠤᠨ ᠬᠣᠢᠨ᠎ᠠ ᠡᠴᠡ

ᠰᠡᠳᠬᠢᠯ᠎ᠤᠨ ᠦᠩᠭᠡ ᠲᠠᠢ ᠺᠣᠹᠸ᠎ᠶᠢᠨ ᠦᠷᠦᠭᠡᠨ ᠳ᠋ᠦ

ᠪᠢ ᠴᠢᠮ᠎ᠡ ᠳ᠋ᠦ ᠰᠢᠯᠦᠭ ᠪᠢᠴᠢᠭᠰᠡᠨ ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号