ᠬᠤᠯᠤᠰᠤᠨ ᠯᠢᠮᠪᠦ᠎ᠶᠢᠨ ᠬᠣᠭᠤᠯᠠᠢ᠎ᠠᠴᠠ ᠭᠠᠷᠬᠤ ᠲᠣᠳᠣᠨᠤ᠎ᠶᠢᠨ ᠡᠭᠡᠰᠢᠭ
ᠬᠣᠳᠠ ᠲᠠᠢ ᠬᠣᠨᠢᠳ ᠵᠡᠭᠦᠳᠦ ᠮᠠᠨᠠᠭᠰᠠᠨ ᠲᠠᠢᠪᠤᠩ ᠪᠠᠭᠤᠴᠠ
ᠬᠣᠷᠣᠳ ᠦᠷᠥᠮ᠎ᠡ᠎ᠶᠢᠨ ᠠᠩᠬᠢᠯᠤᠮ᠎ᠡ ᠦᠨᠣᠷ ᠲᠠᠢ ᠴᠡᠩᠬᠡᠷᠬᠡᠨ ᠬᠥᠳᠡᠭᠡ
ᠬᠣᠳᠤᠭ ᠪᠤᠶᠠᠨ᠎ᠢ ᠬᠣᠷᠣᠢᠯᠠᠵᠤ ᠳᠠᠯᠠᠯᠤᠭᠰᠠᠨ ᠠᠷᠤᠤᠬᠠᠨ ᠭᠣᠯᠤᠮᠲᠠ
ᠰᠦᠨ ᠴᠡᠩᠬᠡᠷ ᠣᠷᠴᠢᠯᠠᠩ᠎ᠢ ᠮᠢᠯᠢᠶᠠᠭᠰᠠᠨ ᠡᠵᠢ᠎ᠶᠢᠨ ᠰᠡᠴᠤᠯᠢ
ᠰᠦᠯᠲᠡ ᠪᠣᠰᠣᠭ᠎ᠠ ᠬᠡᠢᠮᠦᠷᠢ ᠡᠷᠭᠦᠭᠰᠡᠨ ᠠᠪᠤᠶᠢᠨᠪᠡᠷᠠ
ᠰᠦᠷᠦᠭ ᠴᠠᠭᠠᠨ ᠵᠡᠭᠡᠷ᠎ᠡ ᠴᠠᠬᠢᠯᠤᠭᠰᠠᠨ ᠠᠭᠤᠵᠢᠮ ᠬᠦᠨᠲᠡᠢ
ᠰᠦᠰᠦᠭ ᠪᠢᠰᠢᠷᠡᠯ᠎ᠦᠨ ᠰᠢᠳᠦᠭᠡᠨ ᠪᠣᠯᠣᠭᠰᠠᠨ ᠤᠩᠭᠤᠨ ᠣᠪᠣᠭ᠎ᠠ
ᠢᠳᠡᠷ ᠪᠦᠷᠭᠦᠳ᠎ᠦᠨ ᠵᠢᠭᠦᠷ ᠬᠤᠷᠴᠠᠯᠠᠭᠰᠠᠨ ᠬᠠᠳᠠ ᠠᠰᠬ᠎ᠠ
ᠶᠡᠬᠡ ᠠᠶᠠᠨ᠎ᠤ ᠰᠢᠨᠳᠠᠰᠤ ᠰᠢᠯᠭᠠᠭᠰᠠᠨ ᠠᠭᠤᠯᠠ ᠳᠠᠪᠠᠭ᠎ᠠ
ᠶᠢᠰᠤᠨ ᠬᠦᠰᠡᠯ᠎ᠤᠨ ᠲᠦᠷᠦᠭᠡ ᠴᠢᠩᠭᠠᠯᠠᠭᠰᠠᠨ ᠲᠣᠪᠤ ᠲᠤᠯᠤᠭᠠᠳ
ᠢᠷᠮᠡᠭᠦᠨ ᠪᠣᠳᠣᠯ᠎ᠢ ᠤᠬᠢᠶᠠᠨ ᠤᠭᠠᠯᠵᠠᠯᠠᠭᠰᠠᠨ ᠭᠣᠣᠯ ᠭᠣᠷᠣᠬ᠎ᠠ
ᠡᠭᠦᠯᠡ ᠲᠠᠢ ᠵᠠᠯᠭᠠᠯᠳᠤᠭᠰᠠᠨ ᠠᠷᠭᠠᠯ᠎ᠦᠨ ᠤᠳᠤᠭ᠎ᠠ ᠰᠡᠳᠭᠢᠯ᠎ᠦᠨ ᠠᠷᠭᠠᠮᠵᠢᠶ᠎ᠠ
ᠦᠨᠡᠨ᠎ᠦ ᠲᠤᠤᠯᠢ ᠲᠠᠢ ᠦᠯᠢᠭᠡᠷ᠎ᠦᠨ ᠡᠪᠦᠭᠡᠳ ᠵᠢᠷᠦᠬᠡᠨ᠎ᠦ ᠰᠠᠬᠢᠶ᠎ᠡ
ᠦᠰᠬᠦ ᠬᠡᠤᠬᠡᠳ᠎ᠦᠨ ᠵᠤᠯᠠᠢ ᠬᠡᠷᠡᠯᠳᠤᠭ᠌ᠰᠡᠨ ᠠᠮᠤᠭᠤᠯᠠᠩ ᠰᠠᠭᠤᠴᠠ
ᠦᠶ᠎ᠡ ᠵᠠᠯᠭᠠᠵᠤ ᠤᠳᠤᠮ ᠳᠡᠯᠭᠡᠷᠡᠭᠰᠡᠨ ᠵᠢᠷᠭᠠᠯ ᠤᠨ ᠦᠯᠥᠭᠡᠢ
ᠠᠭᠯᠠᠭ ᠰᠢᠭᠤᠢ ᠨᠢ ᠠᠷᠢᠶᠠᠲᠠᠨ᠎ᠢᠶᠠᠨ ᠪᠥᠭᠡᠴᠡᠢᠯᠡᠭᠰᠡᠨ ᠡᠪᠦᠨ ᠣᠷᠴᠢᠨ
ᠠᠯᠠᠭ ᠮᠠᠩᠬ᠎ᠠ ᠨᠢ ᠡᠷᠳᠡᠨᠢ᠎ᠪᠠᠨ ᠨᠢᠭᠤᠭᠰᠠᠨ ᠪᠢᠳᠡᠭᠦᠦ ᠬᠥᠮᠣᠷᠭᠡ
ᠠᠲᠤᠭᠤ ᠮᠠᠯ ᠨᠢ ᠥᠩᠭᠡᠰᠢᠭ ᠳᠠᠷᠭᠤᠨ ᠪᠠᠶᠠᠨ ᠬᠦᠷᠤᠩᠬᠡ
ᠠᠰᠢᠳᠡ ᠣᠷᠣᠰᠢᠵᠤ ᠮᠦᠩᠬᠡᠳᠡ ᠬᠢᠮᠠᠭᠠᠳᠠᠬᠤ ᠠᠮᠤᠭᠤᠯᠠᠩ ᠵᠠᠢᠴᠠ
ᠬᠡᠯᠡ ᠲᠠᠢ ᠮᠢᠩᠭᠠᠨ ᠰᠢᠪᠠᠭᠤᠳ ᠥᠪᠡᠷ᠎ᠦᠨ ᠤᠶᠠᠩᠭ᠎ᠠ ᠪᠠᠷ ᠭᠠᠩᠭᠠᠨᠠᠵᠤ
ᠬᠣᠷ᠎ᠲᠤ ᠲᠠᠢ ᠲᠦᠮᠡᠨ ᠬᠦᠯᠥᠭ ᠨᠤᠳᠤᠭ᠎ᠤᠨ ᠵᠠᠢ ᠲᠠᠯᠠᠵᠤ
ᠢᠷᠦᠭᠡᠯ ᠡᠷᠭᠦᠭᠰᠡᠨ ᠰᠠᠷᠵᠢᠮ᠎ᠢᠶᠠᠷ ᠬᠠᠳᠠᠭ ᠲᠠᠢ ᠬᠡᠢᠴᠢᠨ ᠪᠠᠭᠤᠵᠤ
ᠢᠳᠡᠭᠡᠯ ᠡᠪᠦᠷᠯᠡᠭᠰᠡᠨ ᠴᠢᠷᠠᠢ ᠳᠡᠭᠡᠷ᠎ᠡ ᠨᠠᠮᠤᠷ᠎ᠦᠨ ᠦᠶᠦᠭ ᠲᠣᠲᠤᠷᠠᠭᠰᠠᠨ
ᠪᠠᠭᠤᠵᠤ ᠮᠣᠷᠳᠠᠬᠤ᠎ᠳᠤ ᠬᠠᠯᠠᠭᠤᠨ ᠦᠨᠣᠰᠤᠯᠲᠠ ᠲᠠᠢ ᠮᠢᠨᠤ ᠨᠤᠳᠤᠭ
ᠪᠤᠭᠤᠯᠠᠭ᠎ᠠ ᠵᠢᠳᠭᠦᠵᠦ ᠬᠦᠴᠤ᠎ᠪᠠᠨ ᠥᠭᠬᠦ ᠲᠠᠷᠬᠠᠨ ᠣᠷᠣᠨ
ᠪᠤᠭᠤᠷᠤᠯ ᠲᠠᠤᠬᠡ᠎ᠶᠢ ᠨᠢ ᠥᠪᠯᠡᠨ ᠰᠣᠶᠣᠬᠤ ᠬᠡᠬᠡᠨ ᠶᠢᠷᠳᠢᠨᠴᠦ
ᠪᠣᠳᠣᠯ᠎ᠢ ᠠᠷᠭᠠᠮᠵᠢᠵᠤ ᠬᠦᠰᠡᠯ ᠲᠡᠷᠭᠡᠯᠰᠢᠬᠦ ᠬᠠᠢᠷ᠎ᠠ᠎ᠶᠢᠨ ᠳᠡᠯᠡᠬᠡᠢ