ᠡᠷᠲᠡᠨ ᠤ᠋ ᠴᠠᠭ ᠬᠤᠭᠤᠴᠠᠭ᠎ᠠ ᠨᠠᠮᠠᠢ᠍ᠢ ᠲᠠᠭᠤᠲᠠᠵᠤ
ᠤᠶᠠᠬᠠᠨ ᠨᠢᠬᠡᠨ ᠮᠡᠲᠡᠷᠡᠮᠵᠢ ᠪᠡᠷ ᠲᠠᠭᠠᠯᠠᠲᠠᠭ
ᠤᠯᠠᠷᠢᠨ ᠤᠲᠤᠭᠰᠠᠨ ᠤᠯᠠᠨ ᠵᠠᠭᠤᠨ ᠤ᠋ ᠪᠠᠶᠠᠷ ᠭᠤᠨᠢᠭ᠋
ᠤᠴᠠᠷᠠᠯᠲᠦ ᠮᠦᠷᠦᠬᠡᠲᠦᠯ ᠢ᠋ ᠮᠢᠨᠢ ᠵᠦᠬᠡᠯᠡᠨ ᠰᠢᠪᠰᠢᠲᠡᠭ
ᠦᠯᠢᠬᠡᠷ ᠰᠢᠭ ᠨᠠᠮ ᠰᠡᠯᠡᠬᠦᠤ ᠠᠭᠠᠳ ᠬᠦᠨ ᠠᠯᠤᠰ ᠲᠡᠬᠢ
ᠲᠤᠯᠤᠲᠤᠭᠠᠷ ᠰᠠᠷ᠎ᠠ ᠳ᠋ᠤ᠌ ᠪᠢ ᠠᠯᠬᠤᠨ᠎ᠠ
ᠬᠠᠩᠬᠢᠷ ᠵᠢᠩᠬᠢᠷ ᠱᠤᠤᠬᠢᠵᠤ ᠠᠢᠰᠤᠢ
ᠶᠢᠷᠲᠢᠨᠴᠤ ᠵᠢᠨ ᠪᠦᠷᠦᠭᠬᠡᠨ ᠦᠷ ᠢ᠋ᠶ᠋ᠠᠷ
ᠬᠠᠶᠠ ᠦᠭᠡᠢ ᠦᠵᠡᠰᠬᠦᠯᠡᠩᠲᠦ ᠪᠦᠰᠡᠬᠦᠢᠶᠢ ᠬᠠᠷᠠᠲᠠᠭ
ᠬᠠᠢᠯᠭᠠᠨ ᠲᠦᠯᠬᠡᠬᠡᠨ ᠶᠡᠬᠡ ᠨᠠᠭᠤᠷ ᠤ᠋ᠨ ᠰᠢᠪᠠᠭᠤᠳ ᠰᠢᠭ᠋
ᠬᠠᠮᠢᠭ᠎ᠠ ᠴᠤ᠌ ᠪᠤᠤ ᠯᠠ ᠲᠦᠬᠡᠷᠢᠵᠤ
ᠬᠠᠲᠤᠨ ᠪᠡᠶ᠎ᠡ ᠳ᠋ᠡᠬᠡᠨ ᠰᠢᠷᠬ᠎ᠠ ᠠᠪᠤᠭᠠᠰᠠᠢ ᠬᠡᠵᠤ ᠵᠠᠯᠪᠠᠷᠢᠲᠠᠭ
ᠡᠵᠢ ᠵᠢᠨ ᠮᠢᠨᠢ ᠴᠠᠭ ᠬᠤᠭᠤᠴᠠᠭ᠎ᠠ ᠨᠠᠮᠠᠢ᠍ᠢ ᠲᠠᠭᠤᠲᠠᠵᠤ
ᠤᠩᠭᠤᠨ ᠲᠠᠯ᠎ᠠ ᠵᠢᠨ ᠠᠲᠤᠭᠤ ᠰᠢᠭ᠋ ᠲᠠᠪᠬᠢᠵᠤ ᠪᠠᠢᠨ᠎ᠠ ᠤᠤ ᠬᠡᠵᠤ
ᠠᠩᠬᠢᠷ ᠴᠠᠭᠠᠨ ᠰᠠᠷᠠᠨ ᠤ᠋ ᠲᠤᠤᠷ᠎ᠠ ᠡᠷᠬᠢᠲᠡᠭ
ᠡᠯᠦᠢ ᠬᠤᠯᠤᠢ ᠡᠰᠡᠬᠦᠯ᠎ᠡ
ᠡᠯᠢᠬᠡᠨ ᠲᠤᠰᠢᠶᠡ ᠨᠡᠪᠲᠡ ᠤᠷᠢᠶᠠᠯᠲᠤᠭᠰᠠᠨ
ᠦᠷᠦᠮᠡᠨ ᠰᠢᠷᠭᠠᠯ ᠮᠠᠨᠠᠨ ᠳ᠋ᠤ᠌ ᠬᠠᠭᠤᠷᠲᠠᠭᠲᠠᠵᠤ
ᠲᠤᠯᠤᠲᠤᠭᠠᠷ ᠰᠠᠷ᠎ᠠ ᠳ᠋ᠤ᠌ ᠪᠢ ᠠᠯᠬᠤᠨ᠎ᠠ
ᠲᠤᠷᠠᠯᠠᠭᠰᠠᠨ ᠪᠦᠬᠦᠨ ᠮᠢᠨᠢ ᠵᠢᠷᠭᠠᠯ ᠪᠢᠰᠢ
ᠡᠪᠡᠲᠦᠭᠰᠡᠨ ᠪᠦᠬᠦᠨ ᠮᠢᠨᠢ ᠬᠠᠢᠷ᠎ᠠ ᠪᠢᠰᠢ ᠪᠠᠢᠭᠰᠠᠨ ᠴᠦ᠍
ᠬᠠᠷᠠᠴᠠᠨ ᠲᠤᠮᠲᠠᠭᠤᠷ ᠤᠮᠪᠠᠵᠤ ᠦᠩᠬᠡᠷᠡᠭᠰᠡᠨ
ᠬᠠᠷᠠᠨᠢᠲᠤᠨ ᠪᠦᠰᠡᠬᠦᠢ ᠶ᠋ᠢ ᠪᠢ ᠬᠠᠷᠠᠵᠤ ᠵᠤᠭᠰᠤᠬᠤ ᠲᠤᠷᠠᠲᠠᠢ
ᠬᠠᠶᠠᠭ᠎ᠠ ᠦᠭᠡᠢ ᠬᠤᠯᠠ ᠤᠷᠤᠭᠤ ᠬᠢᠯᠠᠰᠴᠤ ᠤᠳᠬᠤ ᠳ᠋ᠠᠭᠠᠨ ᠲᠡᠷᠡ
ᠬᠠᠨᠢ ᠵᠢᠨ ᠲᠤᠬᠠᠢ ᠰᠢᠯᠦᠭ ᠢ᠋ ᠨᠠᠮ᠎ᠠ ᠳ᠋ᠤ᠌
ᠰᠡᠪ ᠰᠡᠮᠬᠡᠨ ᠮᠡᠲᠡᠷᠡᠬᠦᠯᠦᠭᠰᠡᠨ ᠠᠴᠢᠲᠠᠨ ᠶᠤᠮ ᠰᠢᠤ ᠳᠠ
ᠬᠡᠷᠬᠡᠢ ᠵᠢᠨ ᠮᠢᠨᠢ ᠴᠠᠭ ᠬᠤᠭᠤᠴᠠᠭ᠎ᠠ ᠨᠠᠮᠠᠢ᠍ᠢ ᠲᠠᠭᠤᠲᠠᠵᠤ
ᠬᠡᠨᠡᠬᠡᠨ ᠲᠤᠷᠠᠯᠠᠯ᠂ ᠠᠵᠠ ᠦᠭᠡᠢ ᠤᠴᠠᠷᠠᠯ ᠤ᠋ᠨ ᠲᠤᠬᠠᠢ
ᠬᠡᠷ ᠲᠡᠭᠡᠨ ᠬᠠᠷᠢᠲᠠᠭ ᠦᠭᠡᠢ ᠪᠠᠢᠭᠰᠠᠨ ᠤᠯᠠᠨ ᠰᠦᠨᠢ ᠵᠢᠨ ᠲᠤᠬᠠᠢ
ᠬᠡᠬᠡᠷ᠎ᠡ ᠵᠢᠨ ᠪᠤᠷᠤ ᠰᠢᠪᠠᠭᠤᠬᠠᠢ ᠰᠢᠭ᠋ ᠦᠴᠢᠵᠤ
ᠬᠡᠷᠡᠯᠲᠦ ᠲᠡᠭᠷᠢ ᠵᠢᠨ ᠲᠤᠤᠷ᠎ᠠ ᠨᠠᠮᠠᠢ᠍ᠢ ᠰᠢᠷᠲᠡᠬᠦ ᠦᠶᠡᠰ
ᠲᠤᠯᠤᠲᠤᠭᠠᠷ ᠰᠠᠷ᠎ᠠ ᠳ᠋ᠤ᠌ ᠪᠢ ᠠᠯᠬᠤᠨ᠎ᠠ
ᠲᠤᠷᠠᠯᠠᠭᠰᠠᠨ ᠲᠡᠷᠡ ᠪᠦᠬᠦᠨ ᠦᠵᠡᠭᠲᠡᠯ ᠪᠢᠰᠢ
ᠬᠠᠢᠷᠠᠯᠠᠭᠰᠠᠨ ᠪᠦᠬᠦᠨ ᠮᠢᠨᠢ ᠰᠡᠬᠦᠲᠡᠷ ᠪᠢᠰᠢ ᠬᠡᠵᠤ ᠰᠠᠨᠠᠬᠤ ᠳ᠋ᠠᠭᠠᠨ
ᠦᠵᠡᠰᠬᠦᠯᠡᠩᠲᠦ ᠪᠦᠰᠡᠬᠦᠢ ᠵᠢᠨ ᠲᠤᠬᠠᠢ
ᠦᠨᠢ ᠮᠦᠩᠬᠡ ᠵᠢᠨ ᠷᠤᠮᠠᠠᠲ᠋ᠢᠭ᠋ ᠲᠤᠷᠠᠰᠤᠮᠵᠢ ᠪᠦᠬᠦᠨ ᠢ᠋
ᠦᠷ ᠰᠦᠨᠢ ᠵᠢᠨ ᠬᠡᠬᠡᠷ᠎ᠡ ᠲᠠᠯ᠎ᠠ ᠳ᠋ᠤ᠌
ᠤᠯᠠᠨ ᠵᠠᠭᠤᠨ ᠲᠡᠬᠢᠨ ᠪᠢᠴᠢᠵᠤ ᠦᠯᠡᠲᠡᠭᠡᠭᠡᠳ
ᠦᠪᠡᠷ ᠢ᠋ᠶ᠋ᠠᠨ ᠪᠢ ᠨᠠᠷᠠᠨ ᠤ᠋ ᠮᠢᠩᠭᠠᠨ ᠲᠤᠯᠤᠩ ᠳ᠋ᠤ᠌ ᠰᠢᠩᠬᠡᠴᠢᠬᠡᠬᠦ ᠶᠤᠮ ᠰᠢᠤ