ᠨᠠᠬᠦᠳᠡᠬᠡᠢ᠎ᠶᠢᠨ ᠣᠪᠣᠭ᠎ᠠ ᠨᠢᠳᠣ᠌ ᠲᠠᠢ ᠣᠪᠣᠭ᠎ᠠ
ᠨᠠᠮᠢᠷᠠᠭ᠎ᠠ ᠬᠣᠷ᠎ᠠ ᠪᠡᠷ ᠰᠢᠪᠰᠢᠬᠦᠯᠦᠭᠰᠡᠨ
ᠲᠡᠣᠬᠡ᠎ᠶᠢᠨ ᠣᠪᠣᠭ᠎ᠠ
ᠨᠠᠢᠳᠠᠬ᠍ᠰᠠᠨ ᠬᠦᠮᠦᠨ᠎ᠤ ᠰᠡᠳᠬᠢᠯ ᠳᠤ
ᠬᠠᠯᠠᠮᠵᠢ ᠦᠭᠬᠦᠭᠰᠡᠨ
ᠨᠠᠷᠠᠨ ᠵᠦᠭ᠎ᠤᠨ ᠢᠲᠡᠬᠡᠯ᠎ᠤᠨ ᠤᠪᠤᠭ᠎ᠠ
ᠬᠡᠯᠡᠭᠰᠡᠨ ᠬᠢᠭᠰᠡᠨ ᠬᠣᠶᠠᠷ ᠠᠮᠢᠳᠣᠷᠠᠯ᠎ᠳᠤ ᠪᠡᠶᠡᠯᠡᠳᠡᠭ
ᠬᠡᠬᠦᠳᠡᠭ ᠴᠡᠬᠡᠵᠢᠨᠤ ᠢᠲᠡᠬᠡᠯᠢ ᠬᠢᠨᠠᠵᠣ᠌ ᠳᠡᠬᠡᠵᠢᠯᠡᠳᠡᠭ
ᠬᠠᠯᠠᠭᠣᠨ ᠰᠡᠳᠬᠢᠯᠲᠦ ᠲᠦᠮᠡᠨ᠎ᠳᠡᠭᠡᠨ
ᠬᠠᠢᠷ᠎ᠠ᠎ᠶᠢᠨ ᠬᠦᠰᠡᠯ ᠳᠡᠬᠡᠵᠢᠯᠡᠭᠰᠡᠨ
ᠬᠣᠯᠠ ᠦᠢᠷ᠎ᠠ᠎ᠶᠢᠨ ᠰᠣᠷᠠᠭᠢ ᠵᠦᠪ ᠦᠪᠯᠡᠭᠰᠡᠨ
ᠬᠠᠢᠯᠭᠠᠨ ᠵᠢᠷᠣᠬᠡᠨᠤ ᠰᠢᠨᠳᠠᠰᠣ᠌ ᠶᠢ ᠪᠦᠬᠡᠯᠡᠵᠦ ᠦᠭᠬᠦᠭᠰᠡᠨ
ᠬᠣᠷᠸ᠎ᠠ ᠳᠡᠯᠡᠬᠡᠢ᠎ᠶᠢᠨ ᠵᠦᠢ᠎ᠳᠤ ᠣᠬᠠᠭᠠᠷᠠᠯ ᠮᠠᠨᠠᠬ᠍ᠰᠠᠨ
ᠬᠣᠭᠣᠰᠣᠨ ᠰᠡᠳᠬᠢᠯ᠎ᠤᠨ ᠬᠡᠢᠷᠬᠡᠯᠢ
ᠪᠣᠳᠠᠳᠣ᠌ ᠠᠬᠣᠢ ᠵᠦᠭ ᠬᠦᠲᠦᠯᠦᠭᠰᠡᠨ
ᠪᠠᠢᠭᠠᠯᠢ ᠬᠦᠮᠦᠨ᠎ᠤ ᠬᠠᠷᠢᠴᠠᠭ᠎ᠠ ᠶᠢ
ᠪᠣᠳᠣᠯ᠎ᠤᠨ ᠬᠦᠨ᠎ᠠᠴᠠ ᠣᠬᠠᠭᠠᠷᠠᠭᠣᠯᠣᠬ᠍ᠰᠠᠨ
ᠨᠡᠬᠦᠳᠡᠬᠡᠢ᠎ᠶᠢᠨ ᠣᠪᠣᠭ᠎ᠠ ᠨᠢᠳᠣ᠌ ᠲᠠᠢ ᠪᠠᠢᠯ᠎ᠠ
ᠨᠠᠷᠠᠯᠢᠭ ᠳᠡᠯᠡᠬᠡᠢ᠎ᠶᠢᠨ ᠵᠣᠬᠢᠴᠠᠯᠳᠤ ᠰᠢᠳᠢ ᠲᠠᠢ ᠪᠠᠢᠯ᠎ᠠ
ᠬᠣᠯᠡᠠᠴᠠ ᠪᠠᠷ᠎ᠠ ᠲᠠᠢ ᠡᠨᠡ ᠣᠪᠣᠭ᠎ᠠ ᠶ᠋ᠢ
ᠬᠣᠷᠸ᠎ᠠ ᠶᠡᠭᠣᠨᠳᠤ ᠡᠨᠳᠡ ᠱᠣᠭᠣᠬ᠍ᠰᠠᠨ ᠢ
ᠬᠣᠵᠢᠭᠣ᠌ ᠲᠡᠣᠬᠡ ᠨᠣᠮ᠎ᠢᠶᠠᠷ ᠰᠢᠪᠡᠨᠡᠭᠰᠡᠨ ᠴᠣ᠌
ᠬᠣᠢᠮᠣᠷ ᠲᠣᠨ᠎ᠢ ᠵᠠᠪᠢᠯᠠᠬ᠍ᠰᠠᠨ ᠠᠷᠠᠳ᠎ᠤᠨ ᠰᠡᠳᠬᠢᠯ᠎ᠢᠶᠠᠷ
ᠣᠶᠠᠩᠭᠠᠷᠠᠨ ᠳᠠᠭᠣᠯᠠᠬ᠍ᠳᠠᠵᠣ᠌ ᠮᠦᠩᠬᠡ ᠰᠡᠬᠦᠢᠬᠦ ᠶᠣᠮ
ᠨᠡᠬᠦᠳᠡᠬᠡᠢ᠎ᠶᠢᠨ ᠣᠪᠣᠭ᠎ᠠ ᠨᠢᠳᠣ᠌ ᠲᠠᠢ ᠪᠠᠢᠯ᠎ᠠ
ᠨᠠᠮᠣᠬᠠᠨ ᠪᠠᠢᠭᠠᠯᠢ᠎ᠶᠢᠨ ᠰᠢᠮ᠎ᠡ᠎ᠶᠢ
ᠨᠡᠢᠳᠡᠮ ᠰᠢᠮᠡᠵᠢᠬᠦᠯᠬᠦ ᠦᠪ ᠲᠠᠢ ᠪᠠᠢᠯ᠎ᠠ
ᠭᠠᠵᠠᠷ ᠣᠰᠣ᠌ ᠠᠮᠢ ᠠᠮᠢᠵᠢᠷᠠᠯ᠎ᠢᠶᠠᠨ ᠪᠣᠰᠬᠠᠵᠣ᠌ ᠲᠠᠯᠪᠢᠬ᠍ᠰᠠᠨ
ᠭᠠᠩᠳᠠᠭᠣᠨ ᠪᠠᠢᠭᠠᠯᠢ᠎ᠶᠢ ᠣᠮᠳᠠᠯᠠᠬᠣ᠌
ᠵᠢᠷᠣᠬᠡᠨ ᠰᠠᠴᠣᠯᠢ ᠲᠠᠢ ᠢᠲᠡᠬᠡᠯ
ᠮᠠᠯ ᠮᠠᠯᠵᠢᠯ᠎ᠢ ᠲᠡᠳᠬᠦᠬᠦ ᠮᠠᠩᠬᠠᠨ ᠭᠠᠵᠠᠷ᠎ᠤᠨ ᠣᠪᠣᠭ᠎ᠠ
ᠮᠦᠩᠬᠡ ᠳᠡᠯᠡᠬᠡᠢ᠎ᠶᠢᠨ ᠬᠠᠭᠣᠳᠠᠰᠣᠨᠳᠤ
ᠮᠣᠨᠣᠬᠣ᠌ ᠦᠬᠡᠢ ᠰᠡᠬᠦᠢᠭᠰᠡᠨ
ᠮᠢᠩᠭᠠᠨ ᠭᠠᠵᠠᠷ᠎ᠤᠨ ᠠᠯᠣᠰ᠎ᠲᠤ ᠴᠣ᠌
ᠮᠡᠳᠡᠷᠡᠯ᠎ᠢᠶᠠᠷ ᠬᠣᠯᠪᠣᠯᠳᠣᠳᠠᠭ
ᠮᠦᠩᠬᠡᠷᠡᠬᠦ ᠵᠠᠶᠠᠭᠠᠳᠣ᠌ ᠪᠠᠢᠭᠠᠯᠢ᠎ᠶᠢᠨ ᠰᠠᠬᠢᠭᠣᠰᠣ᠌ ᠪᠠᠢᠯ᠎ᠠ
ᠨᠠᠬᠦᠳᠡᠬᠡᠢ᠎ᠶᠢᠨ ᠣᠪᠣᠭ᠎ᠠ ᠨᠢᠳᠣ᠌ ᠲᠠᠢ ᠣᠪᠣᠭ᠎ᠠ
ᠨᠠᠮᠣᠭᠣᠬᠠᠨ ᠰᠠᠯᠬᠢ᠎ᠪᠠᠷ ᠠᠮᠢᠰᠬᠣᠯᠯᠠᠬ᠍ᠰᠠᠨ
ᠲᠡᠣᠬᠡ᠎ᠶᠢᠨ ᠣᠪᠣᠭ᠎ᠠ
ᠨᠠᠮᠠᠶ᠋ᠢ ᠴᠢᠮᠠᠶ᠋ᠢ ᠪᠠᠢᠭᠠᠯᠢ ᠲᠠᠢ ᠬᠠᠮᠲᠣ᠌ ᠵᠢᠷᠭᠠᠭᠣᠯᠣᠬ᠍ᠰᠠᠨ
ᠨᠠᠷᠮᠠᠢ ᠬᠦᠷᠦᠨ᠎ᠤ ᠲᠠᠢᠪᠦᠩ ᠠᠮᠣᠭᠣᠯᠠᠩ ᠴᠣᠣᠷᠢᠶ᠎ᠠ ᠪᠠᠢᠯ᠎ᠠ᠃