ᠬᠠᠮᠤᠭ ᠤ᠋ᠨ ᠲᠡᠭᠦᠰ ᠦᠩᠭᠡ ᠶ᠋ᠢ ᠤᠷᠠᠯᠠᠭᠰᠠᠭᠠᠷ ᠳᠤᠯᠤᠳᠤᠭᠠᠷ ᠰᠠᠷ᠎ᠠ ᠶ᠋ᠢᠨ ᠪᠤᠷᠤᠭᠠᠨ
ᠬᠤᠪᠳᠤᠯ ᠤ᠋ᠨ ᠬᠦᠨ ᠳ᠋ᠥ ᠴᠢᠬᠢᠭ ᠠᠮᠳᠠᠯᠠᠭᠤᠯᠵᠤ ᠵᠡᠭᠦᠳᠦᠨ ᠪᠡᠯᠴᠢᠭᠡᠷ ᠲᠤ᠌ ᠳᠠᠭᠤᠯᠠᠭᠠᠳ ᠯᠡ
ᠬᠠᠰ ᠮᠡᠳᠦ ᠳᠤᠳᠤᠷ᠎ᠠ ᠡᠴᠡ ᠪᠠᠨ ᠭᠡᠷᠡᠯᠳᠦᠬᠦ ᠤᠰᠤᠨ ᠤ᠋ ᠰᠡᠳᠬᠢᠯᠬᠡᠨ ᠡᠢᠮᠦ ᠯᠡ ᠲᠤᠩᠭᠠᠯᠠᠭ ᠭᠡᠳᠡᠭ ᠢ᠋
ᠬᠡ ᠨᠢ ᠬᠤᠯᠳᠤᠷᠠᠭᠰᠠᠨ ᠤᠷᠴᠢᠯᠠᠩ ᠤ᠋ᠨ ᠠᠮᠢᠰᠬᠤᠭ᠎ᠠ ᠠᠭᠤᠰᠬᠢᠨ ᠳ᠋ᠥ ᠨᠡᠪᠴᠢᠭᠡᠵᠦ ᠮᠡᠳᠡᠷᠡᠭᠦᠯᠦᠨᠡᠮ
ᠮᠦᠩᠬᠦᠨ ᠭᠤᠤᠯ ᠦᠯᠢᠭᠡᠷ ᠬᠡᠯᠡᠭᠡᠳ ᠯᠡ ᠤᠭᠠᠯᠵᠠᠯᠠᠬᠤ ᠮᠡᠲᠦ ᠡᠨᠡ ᠪᠤᠷᠤᠭᠠᠨ
ᠮᠦᠷᠦᠭᠡᠳᠦᠯ ᠤ᠋ᠨ ᠡᠴᠢᠨ᠎ᠡ ᠵᠢᠭᠠᠰᠤ ᠵᠢᠷᠠᠭᠠᠬᠠᠢ ᠪᠠᠨ ᠲᠤᠭᠯᠠᠭᠤᠯᠵᠤ ᠡᠷᠭᠡᠯᠡᠭᠦᠯᠦᠭᠡᠳ ᠯᠡ
ᠮᠦᠴᠢᠳᠭᠡᠨ ᠭᠠᠷᠠᠮ ᠲᠠᠢ ᠰᠢᠯᠦᠭᠴᠢ ᠶ᠋ᠢᠨ ᠬᠤᠳᠠ ᠶ᠋ᠢ ᠤᠬᠢᠶᠠᠨ ᠷᠠᠰᠢᠶᠠᠯᠠᠵᠤ
ᠮᠢᠩᠭᠠᠨ ᠪᠠᠳᠠᠭ ᠲᠠᠢ ᠬᠦᠰᠡᠯ ᠤ᠋ᠨ ᠵᠦᠷᠢᠭ ᠢ᠋ ᠨᠤᠮ ᠤ᠋ᠨ ᠤᠳᠬ᠎ᠠ ᠪᠠᠷ ᠵᠢᠷᠤᠭᠯᠠᠭᠠ ᠤᠤ ᠳᠠ
ᠬᠠᠮᠤᠭ ᠤ᠋ᠨ ᠰᠤᠩᠭᠤᠳᠠᠭ ᠠᠶᠠᠯᠭᠤ ᠶ᠋ᠢ ᠨᠠᠢᠷᠠᠭᠰᠠᠭᠠᠷ ᠳᠤᠯᠤᠳᠤᠭᠠᠷ ᠰᠠᠷ᠎ᠠ ᠶ᠋ᠢᠨ ᠪᠤᠷᠤᠭᠠᠨ
ᠬᠤᠪᠢ ᠵᠠᠶᠠᠭᠠᠨ ᠤ᠋ ᠠᠯᠳᠠᠨ ᠬᠤᠨᠳᠠᠭᠠᠨ ᠳ᠋ᠥ ᠭᠠᠭᠴᠠᠭᠠᠷᠳᠠᠯ ᠬᠡᠮᠨᠡᠨ ᠬᠤᠭᠤᠷᠳᠠᠭᠠᠳ ᠯᠡ
ᠬᠤᠮᠠᠬᠢ ᠶ᠋ᠢᠨ ᠬᠤᠢᠨ᠎ᠠ ᠡᠴᠡ ᠬᠦᠭᠡᠭᠡᠴᠡᠯᠳᠦᠬᠦ ᠬᠤᠷᠸ᠎ᠠ ᠶ᠋ᠢᠨ ᠳᠤᠭᠤᠰᠤ ᠪᠤᠷᠳᠠᠭ ᠢ᠋ ᠠᠷᠴᠢᠵᠤ
ᠬᠠᠢᠷ᠎ᠠ ᠶ᠋ᠢᠨ ᠲᠡᠭᠷᠢ ᠳ᠋ᠥ ᠰᠤᠯᠤᠩᠭ᠎ᠠ ᠬᠤᠪᠢᠯᠵᠤ ᠨᠤᠮᠤᠯᠠᠭᠰᠠᠨ ᠠᠪᠤ ᠶ᠋ᠢᠨ ᠦᠨᠦᠷ ᠬᠠᠩᠬᠤᠯᠤᠨᠠᠮ
ᠴᠠᠭᠠᠨ ᠳᠤᠭᠤᠷᠤᠤ ᠭᠠᠩᠭᠠᠨᠠᠵᠤ ᠭᠠᠩᠭᠠᠨᠠᠭᠠᠳ ᠯᠡ ᠨᠢᠰᠬᠦ ᠮᠡᠲᠦ ᠡᠨᠡ ᠪᠤᠷᠤᠭᠠᠨ
ᠴᠡᠪᠡᠷ ᠰᠡᠳᠬᠢᠯ ᠤ᠋ᠨ ᠮᠢᠨᠢ ᠴᠡᠭᠡᠯ ᠳ᠋ᠥ ᠳᠡᠭᠳᠡᠭᠡᠬᠡᠢ ᠨᠦ᠍ᠭᠦᠳ ᠢ᠋ᠶ᠋ᠠᠨ ᠳᠡᠷᠪᠡᠭᠦᠯᠵᠦ ᠠᠷᠭᠠᠳᠠᠭᠠᠳ ᠯᠡ
ᠴᠡᠴᠡᠭ ᠪᠦᠬᠦᠨ ᠤ᠋ ᠦᠩᠭᠡᠨ ᠡᠴᠡ ᠡᠵᠢ ᠶ᠋ᠢᠨ ᠮᠢᠨᠢ ᠮᠦᠰᠢᠶᠡᠳᠦ ᠳᠤᠳᠤᠷᠠᠵᠤ
ᠴᠢᠮ᠎ᠠ ᠳ᠋ᠠᠭᠠᠨ ᠯᠡ ᠳᠡᠮᠡᠥᠯᠬᠦ ᠰᠢᠯᠦᠭ ᠮᠢᠨᠢ ᠰᠠᠴᠤᠯᠢ ᠶ᠋ᠢᠨ ᠰᠦ ᠪᠤᠯᠵᠤ ᠠᠰᠬᠠᠷᠠᠭᠠ ᠤᠤ ᠳᠠ