ᠮᠠᠨ ᠎ᠦ ᠤᠷᠤᠨ ᠠᠭᠤᠷ ᠠᠮᠢᠰᠭᠤᠯ ᠤ᠋ᠨ ᠡᠬᠢ ᠪᠠᠶᠠᠯᠢᠭ ᠢ᠋ ᠡᠷᠡᠭᠦᠯᠵᠢᠯ ᠰᠤᠪᠢᠯᠠᠯᠲᠠ ᠢ᠋ᠢᠨ ᠵᠢᠭᠤᠯᠴᠢᠯᠠᠯ ᠤ᠋ᠨ ᠳᠠᠪᠠᠭᠤᠯᠢᠭ ᠪᠣᠯᠭᠠᠨ ᠬᠤᠪᠢᠷᠠᠭᠤᠯᠵᠤ ᠪᠤᠢ
2026-06-05 10:17:58
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠤᠢᠷ᠎ᠠ ᠳ᠋ᠤ ᠤᠯᠤᠰ ᠤ᠋ᠨ ᠲᠤᠳᠤᠭᠠᠳᠤ ᠵᠢᠨ ᠠᠩᠬᠠᠳᠠᠭᠴᠢ ᠡᠷᠡᠬᠦᠯᠵᠢᠯ ᠰᠤᠪᠢᠯᠠᠯᠳᠠ ᠵᠢᠨ ᠴᠠᠭ ᠠᠭᠤᠷ ᠤ᠋ᠨ ᠵᠢᠭᠤᠯᠴᠢᠯᠠᠯ ᠤ᠋ᠨ ᠬᠦᠯᠦᠰᠦᠯᠡᠭᠰᠡᠨ ᠨᠢᠰᠬᠡᠯ ᠵᠢᠡᠷ ᠱᠠᠩᠬᠠᠢ ᠡᠴᠡ ᠦᠪᠤᠷ ᠮᠤᠩᠭᠤᠯ ᠤ᠋ᠨ ᠷᠠᠰᠢᠶᠠᠨ ᠬᠤᠳᠠ ᠳ᠋ᠤ ᠢᠷᠡᠭᠰᠡᠨ ᠲᠦᠷᠦᠭᠦᠦ ᠪᠦᠯᠦᠭ ᠤ᠋ᠨ 102 ᠵᠢᠭᠤᠯᠴᠢᠯᠠᠭᠴᠢ 6 ᠡᠳᠦᠷ ᠤ᠋ᠨ ᠬᠤᠭᠤᠴᠠᠭ᠎ᠠ ᠪᠦᠬᠦᠢ ᠬᠤᠷᠴᠠ ᠤᠯᠠᠭᠠᠨ ᠴᠡᠴᠡᠭ ᠤ᠋ᠨ ᠤᠯᠠᠷᠢᠯ ᠤ᠋ᠨ ᠡᠷᠡᠭᠦᠯᠵᠢᠯ ᠰᠤᠪᠢᠯᠠᠯᠲᠠ ᠢ᠋ᠢᠨ ᠵᠢᠭᠤᠯᠴᠢᠯᠠᠯ ᠵᠢᠡᠨ ᠲᠠᠭᠤᠰᠬᠠᠭᠠᠳ ᠪᠠᠶᠠᠷᠳᠠᠢ  ᠪᠤᠴᠠᠵᠠᠭᠠᠪᠠ᠃

ᠲᠤᠰ ᠤᠳᠠᠭ᠎ᠠ ᠢ᠋ᠢᠨ ᠠᠶᠠᠯᠠᠯ ᠨᠢ ᠱᠠᠩᠬᠠᠢ ᠪᠤᠯᠤᠨ ᠥᠪᠥᠷ ᠮᠣᠩᠭᠣᠯ ᠬᠣᠶᠠᠷ ᠭᠠᠵᠠᠷ ᠤ᠋ᠨ ᠴᠠᠭ ᠠᠭᠤᠷ ᠤ᠋ᠨ ᠰᠠᠯᠠᠭ᠎ᠠ ᠮᠥᠴᠢᠷ ᠤ᠋ᠨ ᠬᠠᠮᠲᠤᠷᠠᠨ ᠨᠡᠢᠲᠡᠯᠡᠭᠰᠡᠨ 《ᠷᠠᠰᠢᠶᠠᠨ ᠤ᠋ ᠡᠷᠡᠭᠦᠯᠵᠢᠯ ᠰᠤᠪᠢᠯᠠᠯᠲᠠ ᠵᠢᠨ ᠴᠠᠭ ᠠᠭᠤᠷ ᠤ᠋ᠨ ᠵᠢᠭᠤᠯᠴᠢᠯᠠᠯ ᠤ᠋ᠨ ᠵᠢᠭᠠᠯᠲᠠ ᠲᠣᠭ᠎ᠠ》 ᠵᠢᠨ ᠲᠣᠭᠣᠷᠢᠨ ᠳ᠋ᠤ ᠴᠠᠭ ᠠᠭᠤᠷ ᠤ᠋ᠨ ᠪᠠᠢᠳᠠᠯ ᠢ᠋ ᠦᠨᠳᠦᠰᠦᠯᠡᠨ ᠵᠢᠭᠤᠯᠴᠢᠯᠠᠨ ᠨᠠᠭᠠᠳᠬᠤ ᠵᠠᠮ ᠱᠤᠭᠤᠮ ᠵᠢᠡᠨ ᠴᠠᠭ ᠲᠤᠬᠠᠢ ᠳ᠋ᠤᠨᠢ ᠬᠤᠪᠢᠷᠠᠭᠤᠯᠵᠤ᠂ ᠨᠠᠷᠠ ᠮᠠᠨᠳᠤᠬᠤ ᠵᠢ ᠰᠤᠨᠢᠷᠬᠠᠨ᠂ ᠦᠳᠡᠰᠢ ᠢ᠋ᠢᠨ ᠲᠤᠯᠤᠩ ᠢ᠋ ᠬᠠᠷᠠᠵᠤ᠂ ᠡᠭᠦᠯᠡ ᠮᠠᠨᠠᠨ ᠢ᠋ ᠮᠦᠷᠳᠡᠨ ᠦᠵᠡᠮᠵᠢ ᠢ᠋ᠢᠨ ᠰᠠᠢᠬᠠᠨ ᠢ᠋ ᠰᠤᠨᠢᠷᠬᠠᠵᠤ᠂ ᠴᠠᠭ ᠠᠭᠤᠷ ᠤ᠋ᠨ ᠦᠢᠯᠡᠴᠢᠯᠡᠭᠡ ᠵᠢ ᠳ᠋ᠠᠢᠲ᠋ᠠ ᠢ᠋ᠢᠨ ᠡᠬᠢ ᠪᠠᠶᠠᠯᠢᠭ ᠡᠴᠡ ᠮᠡᠳᠡᠷᠡᠵᠦ ᠪᠣᠯᠬᠤ᠂ ᠪᠡᠶᠡᠴᠢᠯᠡᠨ ᠭᠦᠢᠴᠡᠳᠬᠡᠵᠦ ᠪᠣᠯᠬᠤ ᠳᠡᠭᠡᠳᠦ ᠲᠠᠰ ᠤ᠋ᠨ ᠵᠢᠭᠤᠯᠴᠢᠯᠠᠯ ᠤ᠋ᠨ ᠪᠦᠲᠦᠭᠡᠭᠳᠡᠭᠦᠨ ᠪᠣᠯᠭᠠᠨ ᠬᠤᠪᠢᠷᠠᠭᠤᠯᠪᠠ᠃

ᠤᠢᠯᠠᠭᠠᠭᠰᠠᠨ ᠢ᠋ᠢᠡᠷ᠂ ᠲᠣᠰ ᠤᠳᠠᠭ᠎ᠠ ᠵᠢᠨ ᠱᠠᠩᠬᠠᠶ — ᠷᠠᠱᠢᠶᠠᠨ ᠬᠦᠷᠬᠦ ᠡᠷᠡᠭᠦᠯᠵᠢᠯ ᠰᠤᠪᠢᠯᠠᠯᠲᠠ ᠵᠢᠨ ᠴᠠᠭ ᠠᠭᠤᠷ ᠤ᠋ᠨ ᠵᠢᠭᠤᠯᠴᠢᠯᠠᠯ ᠤ᠋ᠨ ᠬᠦᠯᠢᠶᠡᠰᠦᠯᠡᠭᠰᠡᠨ ᠨᠢᠰᠭᠡᠯ ᠪᠤᠯ ᠡᠨᠡ ᠲᠠᠯ᠎ᠠ ᠪᠡᠷ ᠬᠢ  ᠪᠦᠬᠦ ᠤᠯᠤᠰ ᠤ᠋ᠨ ᠠᠩᠬᠠᠳᠠᠭᠴᠢ ᠡᠬᠡᠯᠵᠢ ᠵᠢᠨ ᠠᠶᠠᠨᠴᠢᠨ ᠤ᠋ ᠨᠢᠰᠬᠡᠯ ᠪᠠᠢᠵᠤ᠂ ᠱᠠᠩᠬᠠᠶ ᠥᠪᠥᠷ ᠮᠣᠩᠭᠣᠯ ᠬᠣᠶᠠᠷ ᠭᠠᠵᠠᠷ ᠤ᠋ᠨ ᠬᠠᠮᠵᠢᠯᠴᠠᠭ᠎ᠠ ᠢ᠋ᠢ ᠭᠦᠨᠵᠡᠭᠡᠢᠷᠡᠭᠦᠯᠤᠨ᠂ ᠴᠠᠭ ᠠᠭᠤᠷ ᠪᠠ ᠰᠣᠶᠣᠯ ᠵᠢᠭᠤᠯᠴᠢᠯᠠᠯ ᠤ᠋ᠨ ᠭᠦᠨᠵᠡᠭᠡᠶ ᠠᠭᠤᠰᠤᠯᠴᠠᠯ ᠢ᠋ ᠠᠬᠢᠭᠤᠯᠤᠭ᠍ᠰᠠᠨ ᠠᠮᠢᠳᠤᠯᠢᠭ ᠦᠶ᠋ᠯᠡᠳᠦᠯᠭᠡ ᠪᠣᠯᠤᠨ᠎ᠠ᠃ ᠥᠪᠥᠷ ᠮᠣᠩᠭᠣᠯ ᠳ᠋ᠤ ᠥᠪᠡᠷᠮᠢᠴᠡ ᠣᠨᠴᠠᠯᠢᠭ ᠪᠥᠬᠥᠶ ᠠᠭᠤᠷ ᠠᠮᠢᠰᠭᠤᠯ ᠤ᠋ᠨ ᠡᠬᠢ ᠪᠠᠶᠠᠯᠢᠭ ᠪᠠ ᠳᠥᠷᠪᠡᠨ ᠤᠯᠠᠷᠢᠯ ᠤ᠋ᠨ ᠢᠯᠡ ᠲᠣᠳᠣ ᠪᠠᠢᠭᠠᠯᠢ ᠢ᠋ᠢᠨ ᠦᠵᠡᠮᠵᠢ ᠲᠠᠢ ᠪᠠᠢᠵᠤ᠂ ᠡᠷᠡᠭᠦᠯᠵᠢᠯ ᠰᠤᠪᠢᠯᠠᠯᠲᠠ ᠵᠢᠨ ᠴᠠᠭ ᠠᠭᠤᠷ ᠤ᠋ᠨ ᠵᠢᠭᠤᠯᠴᠢᠯᠠᠯ ᠢ᠋ ᠬᠥᠭ᠌ᠵᠢᠭᠦᠯᠬᠦ᠌ ᠯᠤᠲᠤ ᠶᠡᠬᠡ ᠳᠠᠯᠳᠠ ᠬᠦᠴᠦᠨ ᠲᠠᠢ ᠶᠤᠮ᠃ ᠥᠪᠡᠷᠲᠡᠭᠡᠨ ᠵᠠᠰᠠᠬᠤ ᠣᠷᠣᠨ ᠤ᠋ ᠰᠣᠶᠣᠯ ᠵᠢᠭᠤᠯᠴᠢᠯᠠᠯ ᠪᠤᠯᠤᠨ ᠴᠠᠭ ᠠᠭᠤᠷ ᠤ᠋ᠨ ᠰᠠᠯᠠᠭ᠎ᠠ ᠮᠥᠴᠢᠷ᠎ᠬᠠᠮᠵᠢᠯᠴᠠᠭ᠎ᠠ ᠪᠡᠨ ᠦᠷᠭᠦᠯᠵᠢᠯᠡᠨ ᠭᠦᠨᠵᠡᠭᠡᠢᠷᠡᠭᠦᠯᠵᠦ᠍᠂ 《ᠴᠠᠭ ᠠᠭᠤᠷ + ᠰᠣᠶᠣᠯ ᠵᠢᠭᠤᠯᠴᠢᠯᠠᠯ》 ᠤ᠋ᠨ ᠦᠶ᠋ᠯᠡᠴᠢᠯᠡᠭᠡᠨ ᠤ᠋ ᠲᠠᠯᠠᠪᠤᠷ ᠤ᠋ᠨ ᠬᠠᠩᠭᠠᠯᠭ᠎ᠠ ᠶ᠋ᠢ ᠪᠠᠶᠠᠯᠢᠭ᠍ᠵᠢᠭᠤᠯᠤᠨ᠂ ᠨᠠᠩ ᠣᠯᠠᠨ ᠵᠢᠭᠤᠯᠴᠢᠯᠠᠭᠴᠢ ᠵᠢ ᠲᠡᠲᠡᠵᠤ᠂ ᠥᠪᠥᠷ ᠮᠣᠩᠭᠣᠯ ᠤ᠋ᠨ ᠠᠭᠤᠷ ᠠᠮᠢᠰᠭᠤᠯ ᠤ᠋ᠨ ᠡᠬᠢ ᠪᠠᠶᠠᠯᠢᠭ ᠢ᠋ ᠡᠷᠡᠭᠦᠯᠵᠢᠯ ᠰᠤᠪᠢᠯᠠᠯᠲᠠ ᠢ᠋ᠢᠨ ᠵᠢᠭᠤᠯᠴᠢᠯᠠᠯ ᠤ᠋ᠨ ᠳᠠᠪᠠᠭᠤᠯᠢᠭ ᠪᠣᠯᠭᠠᠨ ᠬᠤᠪᠢᠷᠠᠭᠤᠯᠬᠤ ᠪᠡᠷ ᠬᠦᠴᠦᠯᠡᠨ ᠴᠢᠷᠮᠠᠢᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号