ᠰᠦ ᠵᠢᠨ ᠦᠨᠤᠷ ᠬᠠᠩᠬᠤᠯᠤᠭᠰᠠᠨ ᠳᠠᠷᠬᠠᠠᠠᠠᠭᠤᠯᠠ
2026-06-05 10:31:22
ᠵᠣᠬᠢᠶᠠᠭ᠍ᠴᠢ᠄
ᠰᠡᠴᠡᠩᠭᠤᠸ᠎ᠠ ᠪᠠᠢ ᠵᠢᠶᠠᠨ ᠫᠢᠩ
ᠣᠩᠱᠢᠭ᠍ᠰᠠᠨ ᠣᠳᠠᠭ᠎ᠠ᠄
★★★☆☆

ᠵᠤᠨ ᠤ᠋ ᠡᠬᠢ ᠪᠠᠷ ᠬᠦᠩᠭᠡᠷ ᠤ᠋ᠨ ᠲᠠᠯ᠎ᠠ ᠵᠦᠯᠬᠡᠷᠡᠨ ᠨᠤᠭᠤᠭᠠᠷᠠᠵᠤ᠂ ᠦᠭᠡᠷ ᠬᠤᠨᠢᠳ ᠲᠠᠪᠠᠳᠠᠢᠬᠠᠨ ᠪᠡᠯᠴᠢᠨ᠎ᠠ᠃ ᠤᠢᠷ᠎ᠠ ᠵᠢᠨ ᠵᠢᠯ ᠳ᠋ᠤ ᠤᠯᠠᠭᠠᠨᠬᠠᠳᠠ ᠬᠤᠳᠠ ᠵᠢᠨ ᠬᠡᠰᠢᠭᠳᠡᠨ ᠬᠤᠰᠢᠭᠤᠨ ᠤ᠋ ᠳᠠᠷᠬᠠᠠᠠᠠᠭᠤᠯᠠ ᠰᠤᠮᠤ ᠪᠦᠳᠤᠮᠵᠢᠳᠠᠢ ᠠᠷᠭ᠎ᠠ ᠠᠪᠴᠦ ᠰᠦ ᠶ᠋ᠢᠨ ᠢᠷᠡᠯᠲᠡ ᠶ᠋ᠢᠨ ᠶᠠᠰᠤ ᠴᠢᠨᠠᠷ ᠢ᠋ ᠳᠡᠭᠡᠭ᠌ᠰᠢᠯᠡᠭᠦᠯᠤᠨ᠂ ᠠᠵᠤ ᠦᠢᠯᠡᠰ ᠤ᠋ᠨ ᠦᠷ᠎ᠡ ᠠᠱᠢᠭ ᠢ᠋ ᠨᠡᠮᠡᠭᠳᠡᠬᠦᠯᠵᠤ᠂ ᠤᠨᠴᠠᠯᠢᠬ᠍ᠳᠤ ᠰᠦ ᠶ᠋ᠢᠨ ᠦᠢᠯᠡᠰ ᠶ᠋ᠢᠡᠷ ᠬᠥᠳᠡᠭᠡ ᠲᠣᠰᠭᠤᠨ ᠢ᠋ ᠬᠥᠭ᠌ᠵᠢᠭᠦᠯᠦᠨ ᠮᠠᠨᠳᠤᠭᠤᠯᠬᠤ ᠳ᠋ᠤ ᠬᠦᠴᠦᠨ ᠨᠡᠮᠡᠷᠢᠯᠡᠵᠦ᠍᠂ ᠮᠠᠯᠴᠢᠳ ᠢ᠋ ᠳᠠᠢᠴᠢᠯᠠᠨ ᠣᠷᠣᠯᠭ᠎ᠠ ᠶ᠋ᠢ ᠨᠢ ᠲᠣᠭ᠍ᠲᠠᠭᠤᠨ ᠶ᠋ᠢᠡᠷ ᠨᠡᠮᠡᠭ᠌ᠳᠡᠭᠦᠯᠵᠤ ᠪᠠᠢᠨ᠎ᠠ᠃

ᠳᠠᠷᠬᠠᠠᠠᠠᠭᠤᠯᠠ ᠰᠤᠮᠤ ᠶ᠋ᠢᠨ ᠤᠯᠢᠶᠠᠰᠤᠳᠠᠢ ᠭᠠᠴᠠᠭᠠᠨ ᠤ᠋ ᠮᠠᠯᠴᠢᠨ ᠱᠠ ᠱᠢᠶᠤᠤ ᠪᠢᠨ ᠮᠠᠯᠵᠢᠯ ᠤ᠋ᠨ ᠬᠡᠯᠪᠡᠷᠢ ᠪᠠᠨ ᠬᠤᠪᠢᠷᠠᠭᠤᠯᠬᠤ ᠶ᠋ᠢᠨ ᠲᠦᠯᠦᠭᠡ᠂ 2025 ᠣᠨ ᠳ᠋ᠤ ᠤᠤᠯ ᠤ᠋ᠨ ᠮᠠᠯᠵᠢᠵᠦ᠍ ᠪᠠᠢᠭ᠍ᠰᠠᠨ ᠦᠬᠡᠷ ᠶ᠋ᠢᠡᠨ ᠪᠦᠬᠦᠨ ᠢ᠋ ᠬᠤᠳᠠᠯᠳᠤᠭᠠᠳ 140 ᠵᠢᠦᠸᠠᠨ ᠱᠠᠨ ᠰᠠᠭᠠᠯᠢ᠎ᠶ᠋ᠢᠨ ᠦᠨᠢᠶ᠎ᠡ ᠬᠤᠳᠠᠯᠳᠤᠨ ᠠᠪᠴᠦ᠍᠂ ᠴᠠᠭᠠᠨ ᠢᠳᠡᠭᠡᠨ ᠤ᠋ ᠦᠢᠯᠡᠰ ᠢ᠋ ᠡᠬᠢᠯᠡᠨ ᠬᠦᠭ᠌ᠵᠢᠭᠦᠯᠵᠦ᠍᠂ ᠤᠳᠤ ᠨᠢᠭᠡᠨᠲᠡ ᠠᠩᠬ᠎ᠠ ᠠᠯᠬᠤᠮ ᠤ᠋ᠨ ᠬᠡᠪᠴᠢᠶᠡᠵᠢᠯ ᠲᠠᠢ ᠪᠤᠯᠵᠠᠢ᠃ 《ᠮᠠᠨ ᠤ᠋ ᠬᠢ ᠣᠲᠣ 140 ᠭᠠᠷᠤᠶ ᠰᠠᠭᠠᠯᠢ᠎ᠶ᠋ᠢᠨ ᠦᠨᠢᠶ᠎ᠡ ᠲᠡᠵᠢᠭᠡᠵᠦ᠍᠂ ᠲᠥᠷᠥ᠎ᠶ᠋ᠢᠨ ᠪᠣᠳᠣᠯᠭ᠎ᠠ ᠳ᠋ᠤ ᠲᠦᠱᠢᠭ᠌ᠯᠡᠨ ᠰᠦ ᠶ᠋ᠢᠨ ᠦᠢᠯᠡᠰ ᠢ᠋ ᠤᠯᠠᠮ ᠪᠤᠵᠠᠭᠠᠢᠷᠠᠭᠤᠯᠤᠨ ᠬᠦᠴᠦᠷᠬᠡᠭ᠌ᠵᠢᠭᠦᠯᠬᠦ᠌ ᠶ᠋ᠢ ᠵᠤᠷᠢᠵᠤ ᠪᠠᠢᠨ᠎ᠠ᠃ ᠣᠲᠣ ᠨᠢᠭᠡ ᠰᠠᠭᠠᠯᠢ᠎ᠶ᠋ᠢᠨ ᠦᠨᠢᠶ᠎ᠡ ᠡᠴᠡ ᠡᠳᠦᠷ ᠤ᠋ᠨ ᠪᠠᠷᠤᠭ 40 ᠵᠢᠩ ᠰᠦ ᠰᠠᠭᠠᠵᠦ᠍ ᠪᠤᠢ》 ᠭᠡᠵᠤ ᠱᠠ ᠱᠢᠶᠤᠤ ᠪᠢᠨ ᠬᠡᠯᠡᠨ᠎ᠠ᠃

ᠵᠢᠦᠸᠠᠨ ᠱᠠᠨ ᠰᠠᠭᠠᠯᠢ ᠶ᠋ᠢᠨ ᠦᠨᠢᠶᠡᠨ ᠤ᠋ ᠰᠢᠮ᠎ᠠ ᠰᠠᠢᠲᠠᠶ ᠰᠦ ᠨᠢ ᠴᠠᠭᠠᠨ ᠢᠳᠡᠭᠡᠨ ᠢ᠋ ᠨᠠᠷᠢᠯᠢᠭ ᠪᠤᠯᠪᠠᠰᠤᠷᠠᠭᠤᠯᠬᠤ ᠳ᠋ᠤ ᠪᠠᠲᠤᠯᠠᠭ᠎ᠠ ᠬᠠᠩᠭᠠᠵᠠᠢ᠃ ᠡᠬᠦᠨ ᠳ᠋ᠤ ᠱᠠ ᠱᠢᠶᠤᠤ ᠪᠢᠨ ᠴᠠᠭᠠᠨ ᠢᠳᠡᠭᠡᠨ ᠤ᠋ ᠳᠡᠯᠭᠡᠭᠦᠷ ᠭᠠᠷᠭᠠᠨ ᠬᠦᠩᠬᠡᠷ ᠤ᠋ᠨ ᠲᠠᠯ᠎ᠠ ᠨᠤᠳᠤᠭ ᠤ᠋ᠨ ᠰᠢᠮ᠎ᠠ ᠰᠠᠢᠳᠠᠢ ᠤᠯᠠᠮᠵᠢᠯᠠᠯᠳᠤ ᠴᠠᠭᠠᠨ ᠢᠳᠡᠬᠡᠨ ᠵᠢᠡᠨ ᠵᠠᠬ᠎ᠠ ᠳᠡᠯᠭᠡᠭᠦᠷ ᠲᠤ᠌ ᠭᠠᠷᠭᠠᠵᠦ᠍ ᠪᠣᠷᠣᠯᠠᠭᠤᠯᠪᠠ᠃ 《ᠮᠠᠨ ᠤ᠋ ᠴᠠᠭᠠᠨ ᠢᠳᠡᠭᠡᠨ ᠤ᠋ ᠳᠡᠯᠭᠡᠭᠦᠷ ᠨᠢᠳᠤᠨᠤᠨ ᠤ᠋ 5 ᠰᠠᠷ᠎ᠠ ᠶ᠋ᠢᠨ 7 ᠤ᠋ ᠡᠳᠦᠷ ᠡᠭᠦᠳᠡ ᠪᠠᠨ ᠨᠡᠭᠡᠭᠡᠭᠰᠡᠨ ᠡᠴᠡ ᠨᠠᠭᠠᠰᠢ ᠤᠳᠤᠬᠠᠨ ᠪᠣᠯᠲᠠᠯ᠎ᠠ ᠡᠳᠦᠷ ᠤ᠋ᠨ ᠪᠠᠷᠤᠭ 1000 ᠲᠦᠭᠦᠷᠢᠭ ᠤ᠋ᠨ ᠴᠠᠭᠠᠨ ᠢᠳᠡᠭᠡᠨ ᠪᠤᠷᠤᠯᠠᠭᠤᠯᠵᠦ᠍᠂ ᠬᠡᠷᠡᠭ᠌ᠯᠡᠭ᠌ᠴᠢᠳ ᠤ᠋ᠨ ᠲᠤᠰᠭᠠᠯ ᠮᠠᠰᠢ ᠰᠠᠢᠨ ᠪᠠᠢᠨ᠎ᠠ》 ᠭᠡᠵᠤ ᠴᠠᠭᠠᠨ ᠢᠳᠡᠭᠡᠨ ᠤ᠋ ᠲᠡᠯᠭᠡᠭᠦᠷ ᠤ᠋ᠨ ᠠᠵᠢᠯᠴᠢᠨ ᠱᠠ ᠢᠦᠶ ᠮᠧᠶ ᠶᠠᠷᠢᠵᠤ ᠪᠠᠢᠯ᠎ᠠ᠃

ᠴᠠᠭᠠᠨ ᠢᠳᠡᠭᠡᠨ ᠬᠢᠬᠦ᠌ ᠪᠣᠯ ᠳᠠᠷᠬᠠᠠᠠᠠᠭᠤᠯᠠ ᠰᠤᠮᠤ ᠶ᠋ᠢᠨ ᠮᠠᠯᠴᠢᠳ ᠤ᠋ᠨ ᠤᠯᠠᠮᠵᠢᠯᠠᠯᠲᠤ ᠤᠷ᠎ᠠ ᠮᠡᠷᠭᠡᠵᠢᠯ ᠪᠣᠯᠤᠨ᠎ᠠ᠃ ᠤᠳᠤᠬᠠᠨ ᠳ᠋ᠤ ᠲᠤᠬᠠᠶ ᠶ᠋ᠢᠨ ᠭᠠᠵᠠᠷ ᠤ᠋ᠨ ᠮᠠᠯᠴᠢᠳ ᠬᠤᠳᠠᠯᠳᠤᠨ ᠪᠣᠷᠣᠯᠠᠭᠤᠯᠬᠤ ᠰᠡᠳᠭᠢᠬᠦᠶ ᠪᠠᠨ ᠢᠳᠡᠪᠬᠢᠲᠡᠶ ᠬᠤᠪᠢᠷᠠᠭᠤᠯᠵᠤ᠂ ᠰᠦᠯᠵᠢᠶᠡᠨ ᠲᠡᠭᠡᠷ᠎ᠡ ᠪᠠ ᠪᠤᠳᠠᠳᠤ ᠲᠠᠯᠬᠡᠬᠦᠷ ᠵᠢᠡᠷ ᠬᠤᠳᠠᠯᠳᠤᠬᠤ ᠵᠡᠷᠭᠡ ᠣᠯᠠᠨ ᠡᠱᠢᠲᠦ ᠵᠠᠭ᠍ᠪᠤᠷ ᠲᠤ᠌ ᠲᠦᠱᠢᠭ᠌ᠯᠡᠨ ᠪᠣᠷᠣᠯᠠᠭᠤᠯᠭ᠎ᠠ ᠶ᠋ᠢᠨ ᠠᠷᠭ᠎ᠠ ᠵᠠᠮ ᠢ᠋ ᠦᠷᠭᠦᠯᠵᠢᠯᠡᠨ ᠥᠷᠭᠡᠳᠭᠡᠵᠦ᠍᠂ ᠣᠷᠣᠯᠭ᠎ᠠ ᠪᠠᠨ ᠨᠡᠮᠡᠭ᠌ᠳᠡᠭᠦᠯᠵᠦ᠍ ᠪᠠᠢᠨ᠎ᠠ᠃

《ᠪᠢ 70 ᠭᠠᠷᠤᠢ ᠦᠬᠡᠷ ᠤ᠋ᠨ ᠵᠢᠡᠨ ᠲᠤᠳᠤᠷ᠎ᠠ ᠡᠴᠡ ᠰᠦ ᠰᠠᠢᠳᠠᠢ ᠦᠨᠢᠶ᠎ᠡ ᠶ᠋ᠢ ᠰᠣᠩᠭᠤᠨ ᠰᠠᠭᠠᠵᠤ᠂ ᠱᠢᠷ᠎ᠠ ᠲᠤᠰᠤ᠂ ᠴᠠᠭᠠᠨ ᠲᠤᠰᠤ᠂ ᠬᠤᠷᠤᠳ᠂ ᠠᠭᠠᠷᠴᠠ᠂ ᠦᠷᠤᠮ᠎ᠡ᠂ ᠵᠦᠭᠡᠭᠡᠢ᠂ ᠪᠢᠰᠢᠯᠠᠭ᠂ ᠱᠢᠷ᠎ᠠ ᠤᠰᠤᠨ ᠰᠢᠬᠢᠷ ᠵᠡᠷᠭᠡ ᠠᠷᠪᠠᠭᠠᠳ ᠲᠦᠷᠦᠯ ᠤ᠋ᠨ ᠴᠠᠭᠠᠨ ᠢᠳᠡᠭᠡᠨ ᠬᠢᠵᠦ᠍ ᠪᠤᠷᠤᠯᠠᠭᠤᠯᠵᠤ ᠪᠠᠢᠨ᠎ᠠ᠃ ᠵᠢᠯ ᠤ᠋ᠨ ᠴᠡᠪᠡᠷ ᠣᠷᠣᠯᠭ᠎ᠠ 5 — 6 ᠲᠦᠮᠡᠨ ᠲᠥᠭᠦᠷᠢᠭ ᠲᠤ᠌ ᠬᠦᠷᠴᠢᠬᠡᠨ᠎ᠠ》 ᠬᠡᠵᠤ ᠳᠠᠷᠬᠠᠠᠠᠠᠭᠤᠯᠠ ᠰᠤᠮᠤ ᠶ᠋ᠢᠨ ᠨᠠᠷᠠᠰᠤ ᠭᠠᠴᠠᠭᠠᠨ ᠤ᠋ ᠠᠷᠢᠭᠤᠨ᠎ᠠ ᠰᠠᠭᠠᠯᠢ ᠶ᠋ᠢᠨ ᠦᠢᠯᠡᠰ ᠤ᠋ᠨ ᠳᠡᠯᠭᠡᠭᠦᠷ ᠤ᠋ᠨ ᠡᠵᠡᠨ ᠮᠠᠯᠴᠢᠨ ᠴᠡᠩᠭᠡᠯᠲᠦ᠍ ᠬᠡᠯᠡᠨ᠎ᠠ᠃

ᠮᠠᠯᠵᠢᠬᠤ ᠡᠷᠤᠭᠡ ᠲᠠᠷᠠᠬᠠᠢ ᠪᠤᠳᠠᠷᠬᠠᠢ ᠪᠡᠷ ᠲᠡᠵᠢᠭᠡᠨ ᠦᠷᠡᠵᠢᠭᠦᠯᠵᠦ᠍᠂ ᠤᠯᠠᠮᠵᠢᠯᠠᠯᠲᠤ ᠴᠠᠭᠠᠨ ᠢᠳᠡᠭᠡᠨ ᠬᠢᠵᠤ ᠪᠠᠢᠭ᠍ᠰᠠᠨ ᠡᠴᠡ ᠵᠢᠤᠸᠠᠨ ᠱᠠᠨ ᠰᠠᠭᠠᠯᠢ ᠶ᠋ᠢᠨ ᠦᠨᠢᠶ᠎ᠡ ᠶ᠋ᠢ ᠬᠡᠪᠴᠢᠶᠡᠵᠢᠭᠦᠯᠤᠨ ᠲᠡᠵᠢᠭᠡᠵᠤ᠂ ᠴᠠᠭᠠᠨ ᠢᠳᠡᠭᠡᠨ ᠤ᠋ ᠳᠡᠯᠭᠡᠭᠦᠷ ᠡᠵᠡᠩᠨᠡᠬᠦ᠂ ᠳᠠᠬᠢᠨ ᠰᠦᠯᠵᠢᠶᠡᠨ ᠤ᠋ ᠱᠢᠭᠤᠳ ᠨᠡᠪᠲᠡᠷᠡᠭᠦᠯᠭᠡ ᠪᠠᠷ ᠴᠠᠭᠠᠨ ᠢᠳᠡᠭᠡᠨ ᠬᠤᠳᠠᠯᠳᠤᠵᠤ ᠪᠤᠷᠤᠯᠠᠭᠤᠯᠬᠤ ᠬᠦᠷᠳᠡᠯ᠎ᠡ᠂ ᠳᠠᠷᠬᠠᠠᠠᠠᠭᠤᠯᠠ ᠰᠤᠮᠤ ᠶ᠋ᠢᠨ ᠰᠦ ᠶ᠋ᠢᠨ ᠦᠢᠯᠡᠰ ᠤ᠋ᠨ ᠬᠥᠭ᠌ᠵᠢᠯᠲᠡ ᠶ᠋ᠢᠨ ᠵᠠᠭ᠍ᠪᠤᠷ ᠡᠳᠦᠷ ᠢᠷᠡᠬᠦᠶ᠎ᠡ ᠣᠯᠠᠨ ᠡᠱᠢᠵᠢᠵᠦ᠍᠂ ᠲᠡᠵᠢᠭᠡᠬᠦ — ᠰᠠᠭᠠᠬᠤ — ᠪᠤᠯᠪᠠᠰᠤᠷᠠᠭᠤᠯᠬᠤ — ᠪᠣᠷᠣᠯᠠᠭᠤᠯᠬᠤ ᠠᠵᠤ ᠦᠢᠯᠡᠰ ᠤ᠋ᠨ ᠬᠡᠯᠬᠢᠶ᠎ᠡ ᠠᠭᠠᠵᠢᠮ ᠵᠢᠡᠷ ᠪᠦᠷᠢᠨᠰᠢᠨ ᠲᠡᠭᠦᠯᠳᠡᠷᠵᠢᠵᠦ᠍᠂ ᠰᠦ ᠶ᠋ᠢᠨ ᠦᠢᠯᠡᠰ ᠨᠢ ᠨᠢᠭᠡᠨᠲᠡ ᠲᠤᠰ ᠰᠤᠮᠤ ᠵᠢᠨ ᠮᠠᠯᠴᠢᠳ ᠤ᠋ᠨ ᠣᠷᠣᠯᠭ᠎ᠠ ᠪᠠᠨ ᠲᠣᠭ᠍ᠲᠠᠭᠤᠨ ᠶ᠋ᠢᠡᠷ ᠨᠡᠮᠡᠭ᠌ᠳᠡᠭᠦᠯᠬᠦ ᠴᠢᠨᠠᠷ ᠰᠠᠢᠲᠠᠶ ᠤᠨᠴᠠᠯᠢᠬ᠍ᠳᠤ ᠠᠵᠤ ᠦᠢᠯᠡᠰ ᠪᠣᠯᠵᠠᠢ᠃ ᠤᠳᠤ ᠪᠦᠬᠦ ᠰᠤᠮᠤ ᠳ᠋ᠤ ᠲᠤᠰᠬᠠᠢ ᠲᠠᠩᠰᠠᠯᠠᠭᠤᠯᠤᠭᠰᠠᠨ ᠭᠡᠷᠡᠴᠢ ᠦᠨᠡᠮᠯᠠᠯ ᠲᠠᠢ ᠰᠦ ᠶ᠋ᠢᠨ ᠦᠢᠯᠡᠰ ᠡᠷᠬᠢᠯᠡᠵᠦ᠍ ᠪᠤᠷᠤᠯᠠᠭᠤᠯᠳᠠᠭ ᠲᠡᠯᠭᠡᠭᠦᠷ ᠲᠠᠢ ᠮᠠᠯᠵᠢᠬᠤ ᠡᠷᠤᠭᠡ 18 ᠪᠠᠢᠵᠦ᠍᠂ ᠡᠷᠤᠭᠡ ᠪᠦᠷᠢ ᠶ᠋ᠢᠨ ᠵᠢᠯ ᠤ᠋ᠨ ᠤᠷᠤᠯᠭ᠎ᠠ ᠨᠢ ᠲᠡᠭ᠌ᠰᠢᠳᠭᠡᠭᠡᠳ 8 ᠲᠦᠮᠡᠨ ᠲᠦᠭᠦᠷᠢᠭ ᠢ᠋ ᠲᠠᠪᠠᠵᠦ᠍᠂ ᠴᠠᠭᠠᠨ ᠢᠳᠡᠭᠡᠨ ᠬᠢᠵᠦ᠍ ᠬᠤᠳᠠᠯᠳᠤᠬᠤ ᠲᠠᠷᠠᠬᠠᠢ ᠪᠤᠳᠠᠷᠬᠠᠢ ᠮᠠᠯᠵᠢᠬᠤ ᠡᠷᠤᠭᠡ 168 ᠪᠠᠢᠵᠦ᠍᠂ ᠡᠷᠤᠭᠡ ᠪᠦᠷᠢ ᠶ᠋ᠢᠨ ᠵᠢᠯ ᠤ᠋ᠨ ᠰᠦ ᠰᠠᠭᠠᠯᠢ ᠶ᠋ᠢᠨ ᠤᠷᠤᠯᠭ᠎ᠠ ᠨᠢ 3 — 4 ᠲᠦᠮᠡᠨ ᠲᠦᠭᠦᠷᠢᠭ ᠲᠦ᠍ ᠬᠦᠷᠴᠦ᠍ ᠪᠠᠢᠨ᠎ᠠ᠃

《ᠪᠢᠳᠡ ᠵᠢᠤᠸᠠᠨ ᠱᠠᠨ ᠰᠢᠮ᠎ᠠ ᠰᠠᠢᠳᠠᠢ ᠰᠦ ᠪᠤᠯᠤᠨ ᠦᠨᠳᠤᠰᠤᠳᠡᠨ ᠤ᠋ ᠤᠯᠠᠮᠵᠢᠯᠠᠯᠲᠤ ᠴᠠᠭᠠᠨ ᠢᠳᠡᠭᠡᠨ ᠬᠡᠬᠦ 2 ᠶᠡᠭᠡ ᠣᠷᠣᠨ ᠨᠤᠲᠤᠭ ᠤ᠋ᠨ ᠤᠨᠴᠠᠯᠢᠭ᠍ᠳᠤ ᠲᠦᠷᠦᠯ ᠲᠡᠮᠳᠡᠭ ᠢ᠋ ᠬᠦᠴᠦᠯᠡᠨ ᠴᠤᠭᠴᠠᠯᠠᠵᠤ᠂ ᠨᠢᠭᠡᠳᠦᠯᠲᠡᠢ ᠪᠠᠷᠢᠮᠵᠢᠶ᠎ᠠ ᠪᠡᠷ ᠨᠢᠭᠡᠳᠦᠯᠲᠡᠢ ᠪᠣᠭᠤᠳᠠᠯᠯᠠᠨ ᠨᠢᠭᠡᠳᠦᠯᠲᠡᠢ ᠬᠠᠮᠢᠶᠠᠷᠴᠦ᠍᠂ ᠠᠮᠢ ᠠᠬᠤᠢ ᠶ᠋ᠢᠨ ᠪᠣᠬᠢᠷᠲᠤᠯ ᠦᠭᠡᠢ ᠪᠠ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠣᠨᠴᠠᠯᠢᠭ ᠢ᠋ ᠲᠤᠪᠤᠢᠯᠭᠠᠨ᠂ ᠲᠡᠵᠢᠭᠡᠨ ᠦᠷᠡᠵᠢᠭᠦᠯᠬᠦ᠌ ᠦᠢᠯᠡᠰ ᠤ᠋ᠨ ᠪᠠᠷᠢᠮᠵᠢᠶᠠᠵᠢᠭᠰᠠᠨ ᠬᠡᠪᠴᠢᠶᠡᠵᠢᠭᠰᠡᠨ ᠲᠦᠷᠦᠯ ᠲᠡᠮᠳᠡᠭ᠌ᠵᠢᠭᠰᠡᠨ ᠬᠥᠭ᠌ᠵᠢᠯᠲᠡ ᠶ᠋ᠢ ᠠᠬᠢᠭᠤᠯᠵᠤ᠂ ᠮᠠᠯᠴᠢᠳ ᠤ᠋ᠨ ᠣᠷᠣᠯᠭ᠎ᠠ ᠶ᠋ᠢ ᠨᠡᠮᠡᠭ᠌ᠳᠡᠭᠦᠯᠬᠦ᠌ ᠠᠷᠭ᠎ᠠ ᠵᠠᠮ ᠢ᠋ ᠥᠷᠭᠡᠳᠭᠡᠨ᠂ ᠰᠦ ᠶ᠋ᠢᠨ ᠦᠢᠯᠡᠰ ᠢ᠋ ᠬᠥᠭ᠌ᠵᠢᠭᠦᠯᠦᠨ ᠮᠠᠨᠳᠤᠭᠤᠯᠬᠤ ᠪᠠᠷ ᠬᠥᠳᠡᠭᠡ ᠲᠣᠰᠭᠤᠨ ᠢ᠋ ᠪᠥᠬᠦ᠌ ᠲᠠᠯ᠎ᠠ ᠪᠠᠷ ᠬᠥᠭ᠌ᠵᠢᠭᠦᠯᠦᠨ ᠮᠠᠨᠳᠤᠭᠤᠯᠬᠤ ᠳ᠋ᠤ ᠬᠦᠴᠦᠨ ᠨᠡᠮᠡᠷᠢᠯᠡᠨ᠎ᠡ》 ᠭᠡᠵᠤ ᠳᠠᠷᠬᠠᠠᠠᠠᠭᠤᠯᠠ ᠰᠤᠮᠤ ᠶ᠋ᠢᠨ ᠨᠠᠮ ᠤ᠋ᠨ ᠬᠤᠷᠢᠶ᠎ᠠ ᠵᠢᠨ ᠤᠬᠠᠭᠤᠯᠬᠤ ᠭᠡᠱᠢᠭᠦᠨ ᠯᠢᠦ ᠶᠢᠩ ᠰᠤᠮᠤᠨ ᠤ᠋ ᠪᠠᠨ ᠠᠷᠭ᠎ᠠ ᠪᠤᠳᠤᠯᠭ᠎ᠠ ᠵᠢ ᠲᠠᠨᠢᠯᠴᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号