ᠦᠪᠦᠷ ᠮᠤᠩᠭᠤᠯ 《ᠤᠮᠠᠷᠠᠳᠤ ᠠᠽᠢᠶ᠎ᠠ ᠶ᠋ᠢᠨ ᠰᠢᠯᠢᠮᠳᠡᠭ ᠤ᠋ᠨ ᠬᠦᠨᠳᠡᠢ》 ᠶ᠋ᠢᠨ ᠪᠦᠲᠦᠭᠡᠨ ᠪᠠᠢᠭᠤᠯᠤᠯᠳᠠ ᠶ᠋ᠢ ᠡᠷᠴᠢᠮᠳᠠᠢ ᠠᠬᠢᠭᠤᠯᠵᠤ ᠪᠠᠢᠨ᠎ᠠ
2026-06-05 10:37:29
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠲᠠᠷᠢᠶᠠᠯᠠᠩ ᠮᠠᠯ ᠠᠵᠤ ᠠᠬᠤᠢ ᠶ᠋ᠢᠨ ᠮᠡᠷᠭᠡᠵᠢᠯ ᠢ᠋ ᠳᠡᠯᠭᠡᠷᠡᠭᠦᠯᠬᠦ ᠲᠦᠪ ᠪᠤᠯᠤᠨ ᠬᠦᠯᠦᠨ ᠪᠤᠢᠷ ᠬᠤᠳᠠ ᠶ᠋ᠢᠨ ᠲᠠᠷᠢᠶᠠᠯᠠᠩ ᠮᠠᠯ ᠠᠵᠤ ᠠᠬᠤᠢ ᠶ᠋ᠢᠨ ᠰᠠᠯᠠᠭ᠎ᠠ ᠮᠦᠴᠢᠷ ᠤ᠋ᠨ ᠬᠤᠯᠪᠤᠭᠳᠠᠯ ᠪᠦᠬᠦᠢ ᠬᠠᠷᠢᠭᠤᠴᠠᠯᠭᠠᠳᠠᠨ ᠪᠠ ᠲᠤᠬᠠᠢᠯᠠᠭᠰᠠᠨ ᠠᠵᠢᠯ ᠤ᠋ᠨ ᠭᠤᠤᠯᠯᠠᠭᠴᠢ ᠬᠦᠴᠦᠨ ᠤᠢᠷ᠎ᠠ ᠳ᠋ᠤ ᠳᠤᠮᠳᠠᠳᠤ ᠤᠯᠤᠰ ᠤ᠋ᠨ ᠲᠠᠷᠢᠶᠠᠯᠠᠩ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠲᠤᠰᠤᠯᠢᠭ ᠲᠠᠷᠢᠮᠠᠯ ᠰᠤᠳᠤᠯᠬᠤ ᠭᠠᠵᠠᠷ ᠤ᠋ᠨ ᠸᠠᠩ ᠬᠠᠨ ᠵᠦᠩ ᠠᠺᠠᠳᠧᠮᠢᠴᠢ ᠶ᠋ᠢᠨ ᠰᠤᠳᠤᠯᠭᠠᠨ ᠤ᠋ ᠪᠦᠯᠬᠦᠮ ᠤ᠋ᠨ ᠬᠢᠨ ᠲᠠᠢ ᠬᠦᠬᠡᠬᠤᠳᠠ ᠳ᠋ᠤ ᠵᠤᠯᠭᠠᠯᠴᠠᠨ᠂ ᠦᠨᠳᠦᠷ ᠦᠷᠭᠡᠷᠢᠭ ᠤ᠋ᠨ ᠬᠠᠬᠢᠷ ᠬᠦᠢᠳᠡᠨ ᠤᠷᠤᠨ ᠤ᠋ ᠰᠢᠯᠢᠮᠳᠡᠭ ᠤ᠋ᠨ ᠠᠵᠤ ᠦᠢᠯᠡᠰ ᠤ᠋ᠨ ᠬᠦᠭᠵᠢᠯᠳᠡ ᠶ᠋ᠢᠨ ᠪᠤᠭᠤᠮᠢ ᠶ᠋ᠢ ᠰᠢᠪᠳᠤᠯᠬᠤ ᠲᠤᠬᠠᠢ ᠲᠤᠰᠬᠠᠢ ᠶᠠᠷᠢᠯᠴᠠᠬᠤ ᠬᠤᠷᠠᠯ ᠬᠢᠵᠦ᠂ ᠦᠪᠡᠷᠳᠡᠭᠡᠨ ᠵᠠᠰᠠᠬᠤ ᠤᠷᠤᠨ ᠤ᠋ 《ᠤᠮᠠᠷᠠᠳᠤ ᠠᠽᠢᠶ᠎ᠠ ᠶ᠋ᠢᠨ ᠰᠢᠯᠢᠮᠳᠡᠭ ᠤ᠋ᠨ ᠬᠦᠨᠳᠡᠢ》 ᠶ᠋ᠢᠨ ᠪᠦᠲᠦᠭᠡᠨ ᠪᠠᠢᠭᠤᠯᠤᠯᠳᠠ ᠶ᠋ᠢ ᠡᠷᠴᠢᠮᠳᠠᠢ ᠠᠬᠢᠭᠤᠯᠪᠠ᠃

ᠤᠢᠯᠠᠭᠠᠭᠰᠠᠨ ᠶ᠋ᠢᠡᠷ᠂ ᠦᠪᠦᠷ ᠮᠤᠩᠭᠤᠯ᠂ ᠰᠢᠨᠵᠢᠶᠠᠩ᠂ ᠬᠠᠷᠠᠮᠦ᠋ᠷᠡᠨ ᠵᠢᠴᠢ ᠬᠢᠷᠢᠨ ᠮᠤᠵᠢ ᠶ᠋ᠢᠨ ᠬᠡᠰᠡᠭ ᠭᠠᠵᠠᠷ ᠤᠷᠤᠨ ᠢ᠋ ᠪᠠᠭᠳᠠᠭᠠᠭᠰᠠᠨ ᠤᠮᠠᠷᠠᠳᠦ ᠦᠷᠭᠡᠷᠢᠭ ᠤ᠋ᠨ 45 ᠭᠷᠠᠳᠦ᠋ᠰ ᠡᠴᠡ ᠤᠮᠠᠷᠠᠰᠢ ᠪᠠᠢᠷᠢᠰᠢᠬᠤ ᠤᠮᠠᠷᠠᠳᠦ ᠠᠽᠢᠶ᠎ᠠ ᠶ᠋ᠢᠨ ᠤᠷᠤᠨ ᠪᠤᠯ ᠤᠬᠤᠷ ᠤᠷᠭᠤᠴᠠ ᠶ᠋ᠢᠨ ᠬᠤᠭᠤᠴᠠᠭ᠎ᠠ ᠪᠦᠬᠦᠢ ᠰᠢᠯᠢᠮᠳᠡᠭ ᠤ᠋ᠨ ᠦᠢᠯᠡᠳᠪᠤᠷᠢᠯᠡᠯ ᠤ᠋ᠨ ᠨᠦᠭᠡᠴᠡ ᠤᠷᠤᠨ ᠪᠤᠯᠤᠨ᠎ᠠ᠃ ᠡᠭᠦᠨ ᠳ᠋ᠤ ᠬᠦᠯᠦᠨ ᠪᠤᠢᠷ ᠬᠤᠳᠠ ᠶ᠋ᠢᠨ ᠡᠷᠭᠦᠨ᠎ᠠ ᠬᠤᠳᠠ ᠪᠤᠯ ᠮᠠᠨ ᠤ᠋ ᠤᠯᠤᠰ ᠤ᠋ᠨ ᠬᠠᠪᠤᠷ ᠤ᠋ᠨ ᠰᠢᠯᠢᠮᠳᠡᠭ ᠤ᠋ᠨ ᠭᠤᠤᠯ ᠭᠠᠷᠤᠯᠳᠠ ᠶ᠋ᠢᠨ ᠤᠷᠤᠨ ᠪᠠᠢᠵᠤ᠂ ᠤᠢᠷ᠎ᠠ ᠶ᠋ᠢᠨ ᠵᠢᠯ ᠳ᠋ᠤ 《ᠤᠮᠠᠷᠠᠳᠤ ᠠᠽᠢᠶ᠎ᠠ ᠶ᠋ᠢᠨ ᠰᠢᠯᠢᠮᠳᠡᠭ ᠤ᠋ᠨ ᠬᠦᠨᠳᠡᠢ》 ᠶ᠋ᠢᠨ ᠪᠠᠢᠯᠳᠤᠬᠤ ᠪᠤᠳᠤᠯᠭ᠎ᠠ ᠶ᠋ᠢ ᠪᠦᠬᠦ ᠬᠦᠴᠦᠨ ᠶ᠋ᠢᠡᠷ ᠠᠬᠢᠭᠤᠯᠤᠨ ᠬᠡᠷᠡᠭᠵᠢᠭᠦᠯᠦᠭᠰᠡᠭᠡᠷ ᠢᠷᠡᠵᠦ᠂ ᠸᠠᠩ ᠬᠠᠨ ᠵᠦᠩ ᠠᠺᠠᠳᠧᠮᠢᠴᠢ ᠶ᠋ᠢᠨ ᠰᠤᠳᠤᠯᠭᠠᠨ ᠤ᠋ ᠪᠦᠯᠬᠦᠮ ᠤ᠋ᠨ ᠳᠡᠮᠵᠢᠯᠭᠡ ᠪᠡᠷ 100 ᠡᠳᠦᠷ ᠤ᠋ᠨ ᠤᠷᠭᠤᠴᠠ ᠶ᠋ᠢᠨ ᠬᠤᠭᠤᠴᠠᠭ᠎ᠠ ᠪᠦᠬᠦᠢ ᠡᠷᠳᠡ ᠪᠤᠯᠪᠠᠰᠤᠷᠠᠬᠤ ᠦᠨᠳᠦᠷ ᠤᠨᠠᠯᠳᠠᠳᠤ 5 ᠵᠦᠢᠯ ᠤ᠋ᠨ ᠬᠠᠪᠤᠷ ᠤ᠋ᠨ ᠰᠢᠯᠢᠮᠳᠡᠭ ᠤ᠋ᠨ ᠰᠢᠨ᠎ᠠ ᠡᠭᠦᠯᠳᠡᠷ ᠢ᠋ ᠪᠤᠢᠵᠢᠭᠤᠯᠪᠠ᠃

ᠲᠤᠰ ᠤᠳᠠᠭ᠎ᠠ ᠵᠢᠨ ᠶᠠᠷᠢᠯᠴᠠᠬᠤ ᠬᠤᠷᠠᠯ ᠳ᠋ᠤ᠂ ᠬᠤᠶᠠᠷ ᠲᠠᠯ᠎ᠠ ᠪᠡᠷ ᠶ᠋ᠢᠡᠨ 《ᠤᠮᠠᠷᠠᠳᠦ ᠠᠽᠢᠶ᠎ᠠ ᠶ᠋ᠢᠨ ᠰᠢᠯᠢᠮᠳᠡᠭ ᠰᠢᠷ᠎ᠠ ᠪᠤᠷᠴᠠᠭ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠰᠢᠨ᠎ᠠ ᠶ᠋ᠢ ᠡᠭᠦᠳᠬᠦ ᠲᠦᠪ》 ᠢ᠋ ᠪᠠᠢᠭᠤᠯᠬᠤ ᠭᠤᠤᠯ ᠡᠭᠦᠷᠭᠡ ᠳ᠋ᠤ ᠠᠩᠬᠠᠷᠤᠯ ᠶ᠋ᠢᠡᠨ ᠲᠦᠪᠯᠡᠷᠡᠭᠦᠯᠦᠨ᠂ ᠰᠢᠯᠢᠮᠳᠡᠭ ᠤ᠋ᠨ ᠲᠠᠷᠢᠮᠠᠯ ᠤ᠋ᠨ ᠰᠢᠨ᠎ᠠ ᠡᠭᠦᠯᠳᠡᠷ ᠢ᠋ ᠰᠤᠩᠭᠤᠨ ᠪᠤᠢᠵᠢᠭᠤᠯᠬᠤ᠂ ᠤᠯᠠᠨ ᠴᠡᠭ ᠤ᠋ᠨ ᠤᠷᠤᠨ ᠪᠦᠰᠡ ᠶ᠋ᠢᠨ ᠲᠤᠷᠰᠢᠨ ᠲᠠᠷᠢᠬᠤ ᠠᠵᠢᠯᠯᠠᠭ᠎ᠠ ᠦᠷᠨᠢᠭᠦᠯᠬᠦ᠂ ᠰᠠᠢᠨ ᠦᠷ᠎ᠠ ᠰᠠᠢᠨ ᠠᠷᠭ᠎ᠠ ᠮᠡᠷᠭᠡᠵᠢᠯ ᠢ᠋ ᠢᠵᠢ ᠪᠦᠷᠢᠳᠦᠭᠦᠯᠦᠨ ᠨᠠᠢᠳᠠᠪᠤᠷᠢᠵᠢᠭᠤᠯᠬᠤ᠂ ᠲᠤᠰᠬᠠᠢ ᠮᠡᠷᠭᠡᠵᠢᠯ ᠤ᠋ᠨ ᠴᠢᠳᠠᠪᠤᠷᠢᠳᠠᠨ ᠢ᠋ ᠬᠦᠮᠦᠵᠢᠭᠦᠯᠬᠦ᠂ ᠮᠡᠷᠭᠡᠵᠢᠯ ᠢ᠋ ᠳᠡᠯᠭᠡᠷᠡᠭᠦᠯᠬᠦ ᠰᠢᠰᠲᠧᠮ ᠢ᠋ ᠪᠠᠢᠭᠤᠯᠬᠤ ᠵᠡᠷᠭᠡ ᠵᠠᠩᠬᠢᠯᠠᠭ᠎ᠠ ᠶ᠋ᠢᠨ ᠰᠡᠳᠦᠪ ᠤ᠋ᠨ ᠲᠤᠭᠤᠷᠢᠨ ᠳ᠋ᠤ ᠭᠦᠨᠵᠡᠭᠡᠢ ᠰᠤᠳᠤᠯᠤᠨ ᠶᠠᠷᠢᠯᠴᠠᠵᠤ᠂ ᠠᠵᠤ ᠦᠢᠯᠡᠰ ᠤ᠋ᠨ ᠬᠦᠭᠵᠢᠯᠳᠡ ᠶ᠋ᠢᠨ ᠬᠡᠷᠡᠭᠴᠡᠭᠡ ᠱᠠᠭᠠᠷᠳᠠᠯᠭ᠎ᠠ ᠪᠠ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠡᠬᠢ ᠪᠠᠶᠠᠯᠢᠭ ᠢ᠋ ᠤᠨᠤᠴᠠᠳᠠᠢ ᠵᠤᠯᠭᠠᠭᠤᠯᠤᠨ᠂ ᠰᠤᠳᠤᠯᠭᠠᠨ ᠤ᠋ ᠪᠦᠯᠬᠦᠮ ᠪᠠ ᠤᠷᠤᠨ ᠨᠤᠳᠤᠭ ᠤ᠋ᠨ ᠬᠠᠮᠳᠤᠷᠠᠨ ᠠᠵᠢᠯᠯᠠᠬᠤ ᠭᠤᠤᠯᠳᠠᠯᠭ᠎ᠠ ᠲᠠᠢ ᠴᠢᠭᠯᠡᠯ ᠢ᠋ ᠳᠤᠳᠤᠷᠬᠠᠢᠯᠠᠪᠠ᠃ ᠸᠠᠩ ᠬᠠᠨ ᠵᠦᠩ ᠠᠺᠠᠳᠧᠮᠢᠴᠢ ᠦᠪᠦᠷ ᠮᠤᠩᠭᠤᠯ ᠤ᠋ᠨ ᠰᠢᠯᠢᠮᠳᠡᠭ ᠤ᠋ᠨ ᠠᠵᠤ ᠦᠢᠯᠡᠰ ᠤ᠋ᠨ ᠳᠡᠰ ᠳᠡᠪᠰᠢᠯᠳᠡ ᠪᠠ 《ᠤᠮᠠᠷᠠᠳᠤ ᠠᠽᠢᠶ᠎ᠠ ᠶ᠋ᠢᠨ ᠰᠢᠯᠢᠮᠳᠡᠭ ᠤ᠋ᠨ ᠬᠦᠨᠳᠡᠢ》 ᠶ᠋ᠢᠨ ᠬᠡᠪᠴᠢᠶᠡᠵᠢᠭᠰᠡᠨ ᠪᠠᠷᠢᠮᠵᠢᠶᠠᠵᠢᠭᠰᠠᠨ ᠠᠵᠤ ᠦᠢᠯᠡᠰᠵᠢᠭᠰᠡᠨ ᠬᠦᠭᠵᠢᠯᠳᠡ ᠳ᠋ᠤ ᠰᠢᠰᠲᠧᠮᠳᠦ ᠴᠢᠨᠠᠷᠳᠠᠢ ᠵᠢᠯᠤᠭᠤᠳᠤᠮᠵᠢ ᠶ᠋ᠢᠨ ᠴᠢᠨᠠᠷᠳᠠᠢ ᠰᠠᠨᠠᠯ ᠰᠠᠨᠠᠭᠤᠯᠭ᠎ᠠ ᠦᠭᠴᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号