ᠵᠤᠨ ᠤ᠋ ᠰᠠᠢᠬᠠᠨ ᠤᠯᠠᠷᠢᠯ ᠳ᠋ᠤ᠂ ᠤᠯᠠᠭᠠᠨᠬᠠᠳᠠ ᠬᠤᠳᠠ ᠶ᠋ᠢᠨ ᠤᠩᠨᠢᠭᠤᠳ ᠬᠤᠰᠢᠭᠤᠨ ᠤ᠋ ᠤᠳᠠᠨᠲᠤᠬᠤᠢ ᠪᠠᠯᠭᠠᠰᠦ ᠶ᠋ᠢᠨ ᠰᠢᠨ ᠯᠢ ᠲᠦᠨ ᠲᠤᠰᠬᠤᠨ ᠤ᠋ ᠰᠤᠩᠬᠢᠨ᠎ᠠ ᠶ᠋ᠢᠨ ᠲᠠᠷᠢᠶ᠎ᠠ ᠳ᠋ᠤ ᠲᠷᠠᠺᠲ᠋ᠤᠷ ᠮᠠᠰᠢᠨ ᠬᠦᠷᠴᠢᠬᠢᠨᠡᠵᠤ᠂ ᠮᠦᠷ ᠮᠦᠷ ᠶ᠋ᠢᠡᠷ ᠬᠦᠭᠡᠷᠡᠨ ᠤᠷᠭᠤᠬᠰᠠᠨ ᠰᠤᠩᠬᠢᠨ᠎ᠠ ᠵᠢ ᠬᠦᠷᠦᠰᠦᠨ ᠡᠴᠡ ᠪᠤᠯᠭᠤᠷᠠᠭᠤᠯᠤᠨᠠ᠃ ᠲᠠᠬᠡᠬᠦ ᠳ᠋ᠤ ᠬᠠᠵᠠᠭᠤ ᠬᠠᠪᠢ ᠪᠡᠷ ᠨᠢ ᠭᠡᠵᠢᠭᠡ ᠪᠡᠨ ᠪᠤᠭᠤᠭᠰᠠᠨ ᠪᠦᠰᠡᠭᠦᠢᠴᠦᠳ ᠠᠷᠤ ᠠᠷᠤ ᠡᠴᠡ ᠪᠡᠨ ᠱᠠᠯᠠᠮᠠᠭᠠᠢ ᠬᠦᠳᠡᠯᠵᠦ᠂ ᠪᠤᠯᠭᠤᠷᠠᠨ ᠭᠠᠷᠤᠭᠰᠠᠨ ᠰᠤᠩᠬᠢᠨ᠎ᠠ ᠶ᠋ᠢ ᠢᠯᠭᠠᠬᠤ ᠪᠤᠭᠤᠳᠠᠯᠯᠠᠬᠤ ᠵᠡᠷᠭᠡ ᠠᠵᠢᠯ ᠢ᠋ ᠭᠦᠢᠴᠡᠳᠭᠡᠨ᠎ᠠ᠃

ᠰᠢᠨ ᠯᠢ ᠲᠦᠨ ᠲᠤᠰᠬᠤᠨ ᠡᠯᠡᠰᠦᠷᠬᠡᠭ ᠬᠦᠷᠦᠰᠤ ᠰᠢᠷᠤᠢ ᠬᠢᠭᠡᠳ ᠦᠪᠡᠷᠮᠢᠴᠡ ᠴᠠᠭ ᠠᠭᠤᠷ ᠤ᠋ᠨ ᠨᠦᠬᠦᠴᠡᠯ ᠳ᠋ᠤ ᠲᠦᠰᠢᠭᠯᠡᠨ ᠤᠢᠷ᠎ᠠ ᠶ᠋ᠢᠨ ᠵᠢᠯ ᠳ᠋ᠤ ᠵᠤᠨ ᠨᠠᠮᠤᠷ ᠲᠠᠭᠠᠨ ᠴᠢᠬᠢ ᠪᠤᠢᠵᠢᠭᠤᠯᠵᠤ᠂ ᠳᠠᠷᠠᠭ᠎ᠠ ᠵᠢᠯ ᠤ᠋ᠨ ᠬᠠᠪᠤᠷ ᠤ᠋ᠨ ᠰᠡᠭᠦᠯᠴᠢ ᠵᠤᠨ ᠤ᠋ ᠡᠬᠢ ᠪᠡᠷ ᠬᠤᠷᠢᠶᠠᠬᠤ ᠤᠯᠠᠷᠢᠯ ᠤ᠋ᠨ ᠪᠤᠰᠤ ᠰᠤᠩᠬᠢᠨ᠎ᠠ ᠲᠠᠷᠢᠬᠤ ᠰᠢᠨ᠎ᠠ ᠵᠠᠮ ᠢ᠋ ᠰᠦᠪᠡᠭᠴᠢᠯᠡᠨ᠂ ᠬᠠᠪᠤᠷ ᠵᠤᠨ ᠤ᠋ ᠰᠢᠯᠵᠢᠯᠳᠡ ᠶ᠋ᠢᠨ ᠤᠯᠠᠷᠢᠯ ᠶ᠋ᠢᠡᠷ ᠵᠠᠬ᠎ᠠ ᠳᠡᠯᠭᠡᠭᠦᠷ ᠲᠦ᠍ ᠰᠢᠨ᠎ᠠ ᠰᠤᠷᠭᠤᠭ ᠰᠤᠩᠬᠢᠨ᠎ᠠ ᠭᠠᠷᠭᠠᠵᠤ ᠤᠷᠤᠯᠭ᠎ᠠ ᠪᠡᠨ ᠨᠡᠮᠡᠭᠳᠡᠭᠦᠯᠬᠦ ᠵᠢ ᠠᠬᠢᠭᠤᠯᠵᠠᠢ᠃ ᠡᠳᠡᠨ ᠤ᠋ ᠤᠯᠠᠷᠢᠯ ᠤ᠋ᠨ ᠪᠤᠰᠤ ᠰᠤᠩᠬᠢᠨ᠎ᠠ ᠨᠢ ᠦᠨᠦᠷ ᠠᠮᠳᠠ ᠨᠢ ᠭᠤᠴᠤ ᠰᠠᠢᠨ᠂ ᠰᠤᠩᠬᠢᠨ᠎ᠠ ᠶ᠋ᠢᠨ ᠴᠠᠭᠠᠨ ᠨᠢ ᠴᠢᠩᠭ᠎ᠠ ᠰᠢᠷᠪᠦᠰᠦᠯᠢᠭ᠂ ᠲᠡᠭᠡᠭᠡᠪᠤᠷᠢᠯᠡᠬᠦ ᠳ᠋ᠤ ᠳᠠᠭᠠᠭᠠᠴᠠᠳᠠᠢ ᠪᠠᠢᠳᠠᠭ ᠶ᠋ᠢᠡᠷ ᠪᠡᠭᠡᠵᠢᠩ᠂ ᠲᠢᠶᠠᠨᠵᠢᠨ᠂ ᠱᠠᠨᠳ᠋ᠦ᠋ᠩ᠂ ᠾᠧᠪᠧᠢ ᠵᠡᠷᠭᠡ ᠭᠠᠵᠠᠷ ᠤ᠋ᠨ ᠬᠤᠳᠠᠯᠳᠤᠭᠠᠴᠢᠳ ᠤ᠋ᠨ ᠳᠠᠭᠠᠰᠢᠶᠠᠯ ᠢ᠋ ᠶᠡᠬᠡᠳᠡ ᠤᠯᠵᠤ ᠪᠤᠢ᠃ ᠡᠨᠡ ᠵᠢᠯ ᠲᠤᠰ ᠲᠤᠰᠬᠤᠨ ᠤ᠋ ᠤᠯᠠᠷᠢᠯ ᠤ᠋ᠨ ᠪᠤᠰᠤ ᠰᠤᠩᠬᠢᠨ᠎ᠠ ᠶ᠋ᠢᠨ ᠮᠤ᠌ ᠨᠢᠭᠡᠴᠢ ᠶ᠋ᠢᠨ ᠤᠨᠠᠯᠳᠠ ᠨᠢ ᠲᠦᠮᠡᠨ ᠵᠢᠩ ᠢ᠋ ᠳᠠᠪᠠᠵᠤ᠂ ᠲᠤᠰᠬᠤᠨ ᠤ᠋ ᠬᠠᠮᠳᠤ ᠨᠢᠭᠡᠴᠢ ᠪᠠ ᠲᠠᠷᠢᠶᠠᠯᠠᠬᠤ ᠡᠷᠦᠬᠡ ᠶ᠋ᠢᠨ ᠤᠷᠤᠯᠭ᠎ᠠ ᠶ᠋ᠢ ᠪᠠᠭ᠎ᠠ ᠪᠤᠰᠤ ᠨᠡᠮᠡᠭᠳᠡᠭᠦᠯᠦᠭᠰᠡᠨ ᠠᠵᠢ᠃

(ᠭᠡᠷᠡᠯ ᠵᠢᠷᠤᠭᠦᠳᠢ ᠯᠢ ᠹᠦ᠋ ᠰᠡᠭᠦᠳᠡᠷᠯᠡᠪᠡ)
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号