ᠲᠠᠷᠢᠶᠠᠯᠠᠩ᠎ᠤᠨ ᠳᠠᠪᠠᠭᠤᠯᠢᠭ᠋᠎ᠵᠢᠡᠨ ᠠᠵᠤ ᠦᠢᠯᠡᠰ᠎ᠦᠨ ᠳᠠᠪᠠᠭᠤᠯᠢᠭ᠋ ᠪᠣᠯᠭᠠᠨ ᠬᠤᠪᠢᠷᠠᠭᠤᠯᠵᠤ ᠺᠠᠢᠯᠤ ᠰᠢᠶᠠᠨ ᠡᠷᠳᠡᠨᠢ ᠰᠢᠰᠢ ᠪᠠᠨ ᠨᠠᠷᠢᠯᠢᠭ᠋ ᠡᠳ᠋ᠰᠢᠭᠦᠯᠬᠦ ᠴᠢᠨᠠᠷ ᠰᠠᠢᠲᠠᠢ ᠬᠥᠭᠵᠢᠯᠲᠡ᠎ᠶᠢᠨ ᠵᠠᠮ᠎ᠢᠶᠠᠷ ᠵᠠᠮᠨᠠᠯ᠎ᠠ
2026-06-23 10:16:54
ᠵᠣᠬᠢᠶᠠᠭ᠍ᠴᠢ᠄
ᠪᠦᠦ ᠴᠢᠩ ᠱᠧᠩ ᠴᠢᠨ ᠶᠢᠩ
ᠣᠩᠱᠢᠭ᠍ᠰᠠᠨ ᠣᠳᠠᠭ᠎ᠠ᠄
★★★☆☆

  ᠡᠷᠳᠡᠨᠢ ᠰᠢᠰᠢ ᠵᠢ ᠬᠡᠷᠬᠢᠨ ᠲᠦᠭᠦᠬᠡᠢ ᠪᠡᠷ ᠨᠢ ᠪᠤᠷᠤᠯᠠᠭᠤᠯᠬᠤ ᠬᠢᠵᠠᠭᠠᠷᠯᠠᠯ᠎ᠢ  ᠳᠠᠪᠠᠵᠤ᠂ ᠥᠷᠲᠡᠭ᠎ᠢ ᠨᠢ  ᠨᠡᠮᠡᠭᠳᠡᠭᠦᠯᠬᠦ ᠪᠤᠢ? 《 ᠪᠦᠬᠦ ᠤᠯᠤᠰ᠎ᠤᠨ ᠠᠮᠤ ᠪᠤᠳᠠᠭᠠᠨ᠎ᠤ ᠦᠢᠯᠡᠳᠪᠦᠷᠢᠯᠡᠯ᠎ᠦᠨ ᠲᠡᠷᠢᠭᠦᠨ᠎ᠦ ᠰᠢᠶᠠᠨ》᠂ 《ᠤᠯᠤᠰ᠎ᠤᠨ ᠠᠮᠤ ᠪᠤᠳᠠᠭᠠᠨ᠎ᠤ ᠭᠠᠷᠤᠯᠲᠠ᠎ᠶᠢᠨ ᠲᠣᠮᠣ᠌ ᠰᠢᠶᠠᠨ》 ᠎ᠤ ᠡᠬᠢ ᠪᠠᠶᠠᠯᠢᠭ᠋᠎ᠤᠨ ᠳᠠᠪᠠᠭᠤᠯᠢᠭ᠋᠎ᠲᠠᠭᠠᠨ ᠲᠦᠰᠢᠭᠯᠡᠨ᠂ ᠲᠦᠩᠯᠢᠶᠣᠣ ᠬᠤᠲᠠ᠎ᠶᠢᠨ ᠺᠠᠢᠯᠤ ᠰᠢᠶᠠᠨ ᠳᠠᠭᠠᠭᠤᠯᠤᠭ᠍ᠴᠢ ᠠᠵᠤ ᠠᠬᠤᠢᠯᠠᠯ᠎ᠢ ᠲᠥᠪᠯᠡᠷᠡᠭᠦᠯᠦᠨ ᠬᠥᠴᠥ ᠬᠤᠷᠠᠮᠳᠤᠭᠤᠯᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠎ᠪᠡᠷ ᠪᠣᠭᠣᠮᠲᠠ ᠰᠢᠪᠲᠤᠯᠥᠨ᠂ ᠡᠷᠳᠡᠨᠢ ᠰᠢᠰᠢ᠎ᠶᠢᠨ ᠠᠵᠤ ᠦᠢᠯᠡᠰ᠎ᠦᠨ ᠠᠩᠬᠠᠨ᠎ᠤ ᠡᠳ᠋ᠰᠢᠭᠥᠯᠥᠯᠲᠠ᠎ᠡᠴᠡ ᠨᠠᠷᠢᠯᠢᠭ᠋ 《ᠤᠶᠤᠨᠴᠢ ᠦᠢᠯᠡᠳᠬᠡᠯ》ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶᠢ ᠠᠬᠢᠭᠤᠯᠵᠤ᠂ ᠡᠷᠳᠡᠨᠢ ᠰᠢᠰᠢ᠎ᠶᠢ ᠡᠮ ᠡᠮᠨᠡᠯᠭᠡ᠂ ᠢᠳᠡᠭᠡᠨ᠎ᠦ ᠨᠡᠮᠡᠯᠲᠡ ᠡᠳ᠋᠎ᠦᠨ ᠴᠢᠬᠤᠯᠠ ᠲᠦᠭᠦᠬᠡᠢ ᠮᠠᠲᠧᠷᠢᠶᠠᠯ ᠪᠣᠯᠭᠠᠵᠤ ᠬᠤᠪᠢᠷᠠᠭᠤᠯᠥᠨ᠂ ᠬᠡᠯᠬᠢᠶ᠎ᠡ ᠲᠡᠭᠦᠯᠳᠡᠷ᠂ ᠪᠣᠬᠢᠷᠲᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ᠂ ᠨᠡᠮᠡᠯᠲᠡ ᠦᠷᠳᠡᠭ ᠥᠨᠳᠥᠷ ᠡᠷᠳᠡᠨᠢ ᠰᠢᠰᠢ᠎ᠶᠢᠨ ᠠᠮᠢᠳᠤ ᠪᠣᠳᠠᠰ᠎ᠤᠨ ᠠᠵᠤ ᠦᠢᠯᠡᠰ᠎ᠦᠨ ᠰᠢᠰᠲ᠋ᠧᠮ᠎ᠢ ᠪᠠᠢᠭᠤᠯᠤᠬᠰᠠᠨ ᠪᠠᠢᠨ᠎ᠠ᠃

6 ᠰᠠᠷ᠎ᠠ᠎ᠶᠢᠨ 10᠎ᠪ ᠡᠳᠦᠷ᠂ ᠥᠪᠥᠷ ᠮᠣᠩᠭᠣᠯ᠎ᠤᠨ ᠢᠦᠢ ᠸᠠᠩ ᠠᠮᠢᠳᠤ ᠪᠣᠳᠠᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠳᠤ ᠬᠦᠷᠬᠦ᠎ᠳᠤ᠂ ᠵᠢᠯ᠎ᠳᠦ 25 ᠲᠦᠮᠡᠨ ᠲᠣᠨ ᠯᠠᠢ᠍ᠢᠰᠢᠨ ᠰᠢᠪᠲᠦᠷᠲᠦ ᠬᠦᠴᠢᠯ ᠦᠢᠯᠡᠳᠪᠦᠷᠢᠯᠡᠬᠦ ᠲᠦᠷᠦᠯ ᠵᠦᠢᠯ ᠲᠤᠷᠰᠢᠨ ᠦᠢᠯᠡᠳᠪᠦᠷᠢᠯᠡᠵᠦ ᠪᠠᠢᠯ᠎ᠠ᠃ ᠣᠶᠤᠨᠴᠢᠯᠠᠭᠰᠠᠨ ᠲᠥᠪ ᠡᠵᠡᠮᠰᠢᠯ᠎ᠦᠨ ᠳᠡᠯᠭᠡᠴᠡ ᠳᠡᠭᠡᠷ᠎ᠡ᠂ ᠡᠯ᠎ᠡ ᠵᠦᠢᠯ᠎ᠦᠨ ᠲᠣᠭ᠎ᠠ ᠪᠠᠷᠢᠮᠲᠠ᠎ᠶᠢ ᠴᠠᠭ ᠲᠤᠬᠠᠢ ᠳ᠋ᠤᠨᠢ ᠬᠥᠳᠡᠯᠦᠩᠭᠦᠢ᠎ᠪᠡᠷ ᠰᠢᠨᠡᠳᠬᠡᠵᠦ᠂ ᠪᠦᠬᠦ ᠶᠠᠪᠤᠴᠠ᠎ᠳᠤ ᠠᠦ᠋ᠲ᠋ᠣᠴᠢᠯᠠᠭᠰᠠᠨ ᠤᠨᠤᠴᠠᠳᠠᠢ ᠬᠠᠮᠢᠶᠠᠷᠤᠨ ᠡᠵᠡᠮᠳᠡᠬᠦ᠎ᠶᠢ ᠪᠡᠶᠡᠯᠡᠭᠦᠯᠪᠡ;ᠦᠢᠯᠡᠳᠪᠦᠷᠢᠯᠡᠯ᠎ᠦᠨ ᠲᠠᠰᠤᠭ᠎ᠲᠤ ᠢᠰᠬᠡᠬᠦ᠂ ᠭᠠᠷᠭᠠᠨ ᠠᠪᠬᠤ ᠵᠡᠷᠭᠡ ᠨᠠᠷᠢᠯᠢᠭ᠋ ᠠᠵᠢᠯ᠎ᠤᠨ ᠲᠡᠰ ᠳᠠᠷᠠᠭᠠᠯᠠᠯ ᠡᠮᠬᠢ ᠳᠢᠭ᠌ᠯᠢᠮ᠎ᠲᠠᠢ ᠶᠠᠪᠤᠭᠳᠠᠵᠤ᠂ ᠡᠷᠳᠡᠨᠢ ᠰᠢᠰᠢ᠎ᠶᠢᠨ ᠴᠠᠷᠳᠠᠭᠤᠯ᠎ᠢ ᠨᠠᠷᠢᠯᠢᠭ᠋ ᠡᠳ᠋ᠰᠢᠭᠥᠯᠬᠥ᠎ᠪᠠᠷ ᠲᠠᠮᠵᠢᠨ ᠥᠷᠭᠡᠨ᠎ᠢᠶᠡᠷ ᠬᠡᠷᠡᠭᠯᠡᠭᠳᠡᠬᠦ ᠳᠡᠭᠡᠳᠦ ᠲᠡᠰ᠎ᠤᠨ ᠲᠡᠵᠢᠭᠡᠯ ᠪᠣᠷᠳᠣᠭ᠎ᠠ᠂ ᠢᠳᠡᠭᠡᠨ᠎ᠦ ᠬᠦᠷᠢᠶ᠎ᠡ ᠴᠠᠷᠠᠭᠠᠨ ᠳ᠋ᠤ ᠯᠠᠢ᠍ᠢᠰᠢᠨ ᠰᠢᠪᠲᠦᠷᠲᠦ ᠬᠦᠴᠢᠯ᠎ᠦᠨ ᠪᠦᠲᠦᠭᠡᠭᠳᠡᠬᠦᠨ ᠪᠣᠯᠭᠠᠨ ᠬᠤᠪᠢᠷᠠᠭᠤᠯᠵᠤ ᠪᠠᠢᠯ᠎ᠠ᠃

《ᠯᠠᠢᠰᠢᠨ ᠰᠢᠪᠲᠦᠷᠲᠦ ᠬᠦᠴᠢᠯ ᠪᠣᠯ ᠬᠥᠮᠥᠨ ᠲᠥᠷᠥᠯᠬᠢᠲᠡᠨ ᠪᠣᠯᠣᠨ ᠬᠥᠬᠥᠲᠡᠨ ᠠᠮᠢᠲᠠᠨ᠎ᠤ ᠪᠡᠶ᠎ᠠ᠎ᠳᠤ ᠱᠠᠭᠠᠷᠳᠠᠬᠳᠠᠬᠤ ᠴᠢᠬᠤᠯᠠ ᠰᠢᠪᠲᠦᠷᠲᠦ ᠬᠦᠴᠢᠯ᠎ᠦᠨ ᠨᠢᠭᠡ ᠪᠤᠯᠤᠨ᠎ᠠ᠂ ᠵᠢᠯ᠎ᠳᠦ 25 ᠲᠦᠮᠡᠨ ᠲᠣᠨ ᠯᠠᠢᠰᠢᠨ ᠰᠢᠪᠲᠦᠷᠲᠦ ᠬᠦᠴᠢᠯ ᠦᠢᠯᠡᠳᠪᠦᠷᠢᠯᠡᠬᠦ ᠲᠥᠷᠥᠯ ᠵᠦᠢᠯ ᠨᠢ ᠡᠷᠳᠡᠨᠢ ᠰᠢᠰᠢ᠎ᠶᠢ ᠨᠠᠷᠢᠯᠢᠭ᠋ ᠡᠳ᠋ᠰᠢᠭᠥᠯᠬᠥ ᠬᠡᠯᠬᠢᠶ᠎ᠡ᠎ᠶᠢ ᠤᠷᠲᠤᠳᠬᠠᠭᠰᠠᠨ᠎ᠢᠶᠠᠷ ᠪᠠᠷᠠᠬᠤ ᠦᠭᠡᠢ᠂ ᠦᠢᠯᠡᠳᠬᠦᠨ᠎ᠦ ᠦᠨ᠎ᠡ ᠥᠰᠬᠦ ᠣᠷᠣᠨ ᠵᠠᠢ᠎ᠶᠢ ᠶᠡᠬᠡ᠎ᠪᠡᠷ ᠳᠡᠭᠡᠭᠰᠢᠯᠡᠭᠦᠯᠵᠦ᠂ ᠨᠡᠩ ᠴᠤ᠌ ᠨᠢᠭᠡ ᠮᠥᠬᠥᠯᠢᠭ ᠡᠷᠳᠡᠨᠢ ᠰᠢᠰᠢ᠎ᠶᠢᠨ ᠥᠷᠲᠡᠭ᠎ᠢ ᠠᠩᠬ᠎ᠠ ᠵᠡᠷᠭᠡ᠎ᠶᠢᠨ ᠲᠦᠭᠦᠬᠡᠢ ᠮᠠᠲᠧᠷᠢᠶᠠᠯ᠎ᠡᠴᠡ ᠬᠡᠳᠦᠨ ᠠᠷᠪᠠᠨ ᠳᠠᠬᠢᠨ᠎ᠢᠶᠠᠷ ᠨᠡᠮᠡᠭᠳᠡᠭᠦᠯᠬᠥ ᠵᠢ ᠪᠡᠶᠡᠯᠡᠭᠥᠯᠥᠨ᠂ ᠠᠵᠤ ᠠᠬᠤᠢᠯᠠᠯ᠎ᠤᠨ ᠠᠮᠢᠳᠤ ᠪᠣᠳᠠᠰ᠎ᠤᠨ ᠢᠰᠬᠡᠯᠲᠡ᠎ᠶᠢᠨ ᠠᠵᠤ ᠦᠢᠯᠡᠰ᠎ᠦᠨ ᠳᠤᠲᠠᠭᠤᠳᠠᠯ᠎ᠢ ᠨᠥᠬᠥᠪᠦᠷᠢᠯᠡᠵᠦ᠂ ᠠᠵᠤ ᠦᠢᠯᠡᠰ᠎ᠦᠨ ᠪᠦᠲᠦᠴᠡ᠎ᠶᠢ ᠰᠢᠯᠢᠳᠡᠭᠵᠢᠭᠦᠯᠵᠡᠢ》 ᠭᠡᠵᠤ ᠥᠪᠥᠷ ᠮᠣᠩᠭᠣᠯ᠎ᠤᠨ ᠢᠦᠢ ᠸᠠᠩ ᠠᠮᠢᠳᠤ ᠪᠣᠳᠠᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶᠢᠨ ᠳᠡᠳ᠋ ᠶᠡᠷᠦᠩᠬᠡᠢ ᠳᠠᠭᠠᠭᠠᠮᠠᠯ ᠮᠠ ᠵᠧᠩ ᠫᠧᠩ ᠳᠠᠨᠢᠯᠴᠠᠭᠤᠯᠤᠨ᠎ᠠ᠃ ᠲᠤᠰ ᠲᠦᠷᠦᠯ ᠵᠦᠢᠯ ᠨᠢ ᠠᠰᠢᠬᠯᠠᠯᠲᠠ᠎ᠳᠦ ᠣᠷᠣᠭᠰᠠᠨ᠎ᠤ ᠳᠠᠷᠠᠭ᠎ᠠ᠂ ᠵᠢᠯ ᠪᠦᠷᠢ 40 ᠲᠦᠮᠡᠨ ᠲᠣᠨ ᠡᠷᠳᠡᠨᠢ ᠰᠢᠰᠢ᠎ᠶᠢᠨ ᠴᠠᠷᠳᠠᠭᠤᠯ ᠦᠢᠯᠡᠳᠪᠦᠷᠢᠯᠡᠵᠦ᠂ 25 ᠳ᠋ᠦᠩᠰᠢᠭᠤᠷ ᠲᠥᠭᠥᠷᠢᠭ᠎ᠦᠨ ᠪᠣᠷᠤᠯᠠᠭᠤᠯᠭ᠎ᠠ᠎ᠶᠢᠨ ᠣᠷᠣᠯᠭ᠎ᠠ᠎ᠶᠢ ᠪᠡᠶᠡᠯᠡᠭᠦᠯᠬᠥ ᠪᠤᠯᠤᠨ᠎ᠠ᠃

ᠡᠷᠳᠡᠨᠢ ᠰᠢᠰᠢ᠎ᠶᠢᠨ ᠨᠠᠷᠢᠯᠢᠭ᠋ ᠡᠳ᠋ᠰᠢᠭᠥᠯᠥᠯᠲᠠ᠎ᠶᠢᠨ ᠳᠠᠯᠳᠠ ᠬᠦᠴᠦᠨ ᠡᠭᠦᠨ᠎ᠢᠶᠡᠷ ᠵᠣᠭᠰᠣᠬᠤ ᠦᠭᠡᠢ᠂ ᠺᠠᠢᠯᠤ ᠵᠢᠨ ᠠᠮᠢᠳᠤ ᠪᠣᠳᠠᠰ᠎ᠤᠨ ᠡᠮ ᠡᠮᠨᠡᠯᠭᠡ᠎ᠶᠢᠨ ᠨᠡᠭᠡᠭᠡᠯᠲᠠ ᠵᠢᠨ ᠲᠤᠭᠤᠷᠢᠬ᠎ᠲᠦ ᠪᠠᠢᠭ᠎ᠠ ᠲᠦᠩᠯᠢᠶᠣᠣ᠎ᠶᠢᠨ ᠱᠧᠩ ᠳᠡ ᠠᠮᠢᠳᠤ ᠪᠣᠳᠠᠰ᠎ᠤᠨ ᠢᠨᠵᠧᠨᠧᠷᠢᠩ᠎ᠦᠨ ᠬᠢᠵᠠᠭᠠᠷᠲᠤ ᠺᠣᠮᠫᠠᠨᠢ ᠨᠢ ᠲᠤᠬᠠᠢ᠎ᠶᠢᠨ ᠭᠠᠵᠠᠷ᠎ᠤᠨ ᠰᠢᠯᠢᠳᠡᠭ ᠡᠷᠳᠡᠨᠢ ᠰᠢᠰᠢ᠎ᠶᠢᠨ ᠡᠬᠢ ᠪᠠᠶᠠᠯᠢᠭ᠋᠎ᠲᠤ ᠲᠦᠰᠢᠭᠯᠡᠨ᠂ ᠪᠣᠯᠪᠠᠰᠤᠷᠠᠩᠭᠤᠢ ᠪᠣᠯᠤᠭᠰᠠᠨ ᠮᠢᠺᠷᠣᠪ᠎ᠤᠨ ᠢᠰᠬᠡᠯᠲᠡ᠎ᠶᠢᠨ ᠮᠡᠷᠭᠡᠵᠢᠯ ᠵᠢᠨᠷ ᠠᠶᠤᠯᠭᠦᠢ ᠥᠨᠳᠥᠷ ᠪᠦᠲᠦᠮᠵᠢᠲᠡᠢ ᠪᠠᠢᠭᠠᠯᠢᠯᠢᠬ ᠠᠮᠢᠳᠤ ᠪᠣᠳᠠᠰ᠎ᠤᠨ ᠢᠯᠵᠢᠷᠡᠯ᠎ᠢ ᠰᠡᠷᠭᠡᠢᠯᠡᠬᠦ ᠡᠳ᠋ ︱ ᠰᠦᠨ ᠬᠦᠴᠢᠯ᠎ᠦᠨ ᠬᠢᠨᠵᠢᠯᠢᠭ ᠪᠥᠮᠪᠥᠭᠡᠨ ᠪᠠᠺᠲᠧᠷᠢ᠎ᠶᠢᠨ ᠡᠳ᠋᠎ᠢ ᠦᠢᠯᠡᠳᠪᠦᠷᠢᠯᠡᠵᠦ ᠭᠠᠷᠭᠠᠪᠠ᠃ ᠰᠦᠨ ᠬᠦᠴᠢᠯ᠎ᠦᠨ ᠭᠢᠨᠵᠢᠯᠢᠭ ᠪᠥᠮᠪᠥᠭᠡᠨ ᠪᠠᠺᠲᠧᠷᠢ᠎ᠶᠢᠨ ᠡᠳ᠋᠎ᠲᠦ ᠡᠮ ᠳᠠᠭᠠᠭᠠᠬᠤ ᠴᠢᠨᠠᠷ ᠠᠮᠠᠷᠬᠠᠨ ᠪᠣᠶ ᠪᠣᠯᠵᠤ ᠴᠢᠳᠠᠬᠤ ᠦᠭᠡᠢ᠂ ᠡᠮ᠎ᠦᠨ ᠦᠯᠡᠳᠡᠭᠳᠡᠯ ᠡᠳ᠋ ᠦᠯᠡᠳᠡᠬᠦ ᠦᠭᠡᠢ ᠪᠠᠢᠵᠤ ᠂ ᠢᠳᠡᠭᠡᠨ᠂ ᠡᠮ ᠡᠮᠨᠡᠯᠭᠡ᠂ ᠮᠠᠯ ᠠᠵᠤ ᠠᠬᠤᠢ ᠵᠡᠷᠭᠡ ᠣᠯᠠᠨ ᠬᠦᠷᠢᠶ᠎ᠡ ᠴᠠᠷᠠᠭᠠᠨ᠎ᠳᠦ ᠥᠷᠭᠡᠨ᠎ᠢᠶᠡᠷ ᠬᠡᠷᠡᠭᠯᠡᠭᠳᠡᠵᠦ ᠪᠤᠢ᠃ 《 ᠰᠦᠨ ᠬᠦᠴᠢᠯ᠎ᠦᠨ ᠭᠢᠨᠵᠢᠯᠢᠭ ᠪᠥᠮᠪᠥᠭᠡᠨ ᠪᠠᠺᠲᠧᠷᠢ᠎ᠶᠢᠨ ᠡᠳ᠋ ᠪᠣᠯ ᠮᠠᠨ᠎ᠤ ᠠᠵᠤ ᠠᠬᠤᠢᠯᠠᠯ᠎ᠤᠨ ᠭᠣᠣᠯ ᠦᠢᠯᠡᠳᠬᠦᠨ ᠪᠤᠯᠤᠨ᠎ᠠ᠂ ᠣᠳᠣ᠌ ᠨᠢᠭᠡᠨᠲᠡ ᠣᠯᠠᠨ ᠤᠯᠤᠰ᠎ᠤᠨ ᠳᠡᠭᠡᠳᠦ ᠳᠡᠰ᠎ᠤᠨ ᠢᠳᠡᠭᠡᠨ᠎ᠦ ᠨᠡᠮᠡᠯᠲᠡ ᠡᠳ᠋᠎ᠦᠨ ᠵᠠᠬ᠎ᠠ ᠳᠡᠯᠭᠡᠭᠦᠷ᠎ᠲᠦ ᠠᠮᠵᠢᠯᠲᠠ᠎ᠲᠠᠢ᠎ᠪᠠᠷ ᠣᠷᠣᠵᠥ᠂ ᠵᠢᠯ᠎ᠦᠨ ᠦᠢᠯᠡᠳᠪᠦᠷᠢᠯᠡᠯ᠎ᠤᠨ ᠴᠢᠳᠠᠪᠤᠷᠢ 2000 ᠲᠣᠨ᠎ᠳᠤ ᠬᠦᠷᠴᠦ᠂ ᠦᠢᠯᠡᠳᠪᠦᠷᠢᠯᠡᠯ᠎ᠤᠨ ᠴᠢᠳᠠᠪᠤᠷᠢ ᠬᠡᠪᠴᠢᠶ᠎ᠡ ᠪᠦᠬᠦ ᠳᠡᠯᠡᠬᠡᠢ᠎ᠶᠢᠨ ᠲᠡᠷᠢᠭᠦᠨ᠎ᠦ ᠡᠩᠨᠡᠭᠡᠨ᠎ᠳᠦ ᠣᠷᠣᠵᠤ ᠪᠠᠢᠨ᠎ᠠ 》 ᠭᠡᠵᠤ ᠲᠤᠰ ᠺᠣᠮᠫᠠᠨᠢ᠎ᠶᠢᠨ ᠶᠡᠷᠦᠩᠬᠡᠢ ᠳᠠᠭᠠᠭᠠᠮᠠᠯ ᠮᠠ ᠾᠦᠢ ᠲᠠᠨᠢᠯᠴᠠᠭᠤᠯᠤᠨ᠎ᠠ᠃

ᠺᠠᠢᠯᠤ ᠰᠢᠶᠠᠨ ᠡᠷᠳᠡᠨᠢ ᠰᠢᠰᠢ᠎ᠶᠢᠨ ᠠᠵᠤ ᠦᠢᠯᠡᠰ᠎ᠦᠨ ᠬᠡᠯᠬᠢᠶ᠎ᠡ᠎ᠶᠢ ᠤᠷᠲᠤᠳᠬᠠᠬᠤ᠂ ᠬᠡᠯᠬᠢᠶ᠎ᠡ᠎ᠶᠢ ᠨᠥᠬᠥᠪᠦᠷᠢᠯᠡᠬᠦ᠂ ᠬᠡᠯᠬᠢᠶ᠎ᠡ᠎ᠶᠢ ᠴᠢᠩᠭᠠᠳᠬᠠᠬᠤ᠎ᠶᠢ ᠠᠬᠢᠭᠤᠯᠵᠤ᠂ ᠡᠬᠢᠨ᠎ᠤ ᠪᠠ ᠡᠴᠦᠰ᠎ᠤᠨ ᠬᠡᠯᠬᠢᠶ᠎ᠠ ᠵᠢᠨ ᠠᠵᠤ ᠠᠬᠤᠢᠯᠠᠯ᠎ᠤᠨ 《ᠬᠡᠷᠡᠮ ᠠᠯᠤᠰᠯᠠᠨ ᠬᠠᠩᠭᠠᠬᠤ》᠂ ᠪᠥᠭᠡᠮᠨᠡᠷᠡᠨ ᠬᠥᠭᠵᠢᠬᠦ᠎ᠶᠢ ᠪᠡᠶᠡᠯᠡᠭᠦᠯᠵᠡᠢ᠃ ᠲᠤᠬᠠᠢ᠎ᠶᠢᠨ ᠭᠠᠵᠠᠷ᠎ᠤᠨ ᠬᠢᠨ ᠡᠷᠳᠡᠨᠢ ᠰᠢᠰᠢ ︱ ᠴᠠᠷᠳᠠᠭᠤᠯ ︱ ᠱᠢᠷᠤᠢ᠎ᠶ᠋ᠢᠨ ᠬᠦᠭᠡᠴᠦᠰ᠎ᠤᠨ ᠡᠳ᠋ ︱ ᠣᠯᠠᠨᠴᠢ ᠲᠸᠲᠷᠠᠼᠢᠺᠯᠢᠨ ᠵᠡᠷᠭᠡ ᠤᠯᠠᠨ ᠪᠦᠷᠢᠨ ᠪᠦᠲᠦᠨ ᠠᠵᠤ ᠦᠢᠯᠡᠰ᠎ᠦᠨ ᠬᠡᠯᠬᠢᠶ᠎ᠡ᠎ᠶᠢ ᠪᠠᠢᠭᠤᠯᠵᠤ᠂ ᠨᠢᠶᠠᠨ ᠳᠠᠷᠤᠭ᠍ᠴᠢ᠂ ᠸᠢᠲ᠋ᠠᠮᠢᠨ᠂ ᠰᠢᠪᠲᠦᠷᠲᠦ ᠬᠦᠴᠢᠯ᠂ ᠴᠠᠷᠳᠠᠭᠤᠯ᠂ ᠢᠳᠡᠭᠡᠨ᠎ᠦ ᠵᠦᠢᠯ ᠡᠮ᠎ᠦᠨ ᠵᠦᠢᠯ᠎ᠦᠨ ᠨᠡᠮᠡᠯᠲᠡ ᠡᠳ᠋᠂ ᠰᠫᠢᠷᠲ ᠵᠡᠷᠭᠡ ᠵᠢᠷᠭᠤᠭᠠᠨ ᠶᠡᠬᠡ ᠰᠢᠷᠢᠰ 160 ᠵᠦᠢᠯ᠎ᠦᠨ ᠦᠢᠯᠡᠳᠬᠦᠨ᠎ᠢ ᠦᠢᠯᠡᠳᠪᠦᠷᠢᠯᠡᠵᠦ ᠪᠠᠢᠬᠤ ᠪᠡᠷ ᠪᠠᠷᠠᠬᠤ ᠥᠭᠡᠢ᠂ ᠳᠡᠭᠡᠳᠦ ᠲᠡᠰ᠎ᠤᠨ ᠲᠦᠭᠦᠬᠡᠢ ᠮᠠᠲᠧᠷᠢᠶᠠᠯ᠎ᠤᠨ ᠡᠮ᠂ ᠡᠮ ᠡᠮᠨᠡᠯᠭᠡ᠎ᠶᠢᠨ ᠵᠠᠪᠰᠠᠷ᠎ᠤᠨ ᠴᠣᠭᠴᠠ ᠵᠡᠷᠭᠡ ᠥᠨᠳᠥᠷ ᠨᠡᠮᠡᠯᠲᠡ ᠦᠷᠳᠡᠭ᠎ᠲᠠᠢ ᠠᠵᠤ ᠦᠢᠯᠡᠰ᠎ᠦᠨ ᠬᠡᠯᠬᠢᠶ᠎ᠡ᠎ᠶᠢ ᠴᠦ᠍ ᠠᠩᠬ᠎ᠠ ᠠᠯᠬᠤᠮ ᠪᠦᠷᠢᠯᠳᠦᠭᠦᠯᠪᠠ᠃ ᠣᠳᠣᠬᠠᠨ᠎ᠳᠤ᠂ ᠺᠠᠢᠯᠤ ᠵᠢᠨ ᠠᠮᠢᠳᠤ ᠪᠣᠳᠠᠰ᠎ᠤᠨ ᠡᠮ ᠡᠮᠨᠡᠯᠭᠡ᠎ᠶᠢᠨ ᠨᠡᠭᠡᠭᠡᠯᠲᠠ ᠵᠢᠨ ᠲᠤᠭᠤᠷᠢᠬ᠎ᠲᠦ ᠨᠢᠭᠡᠨᠲᠡ 30 ᠭᠠᠷᠤᠢ ᠡᠷᠳᠡᠨᠢ ᠰᠢᠰᠢ᠎ᠶᠢᠨ ᠠᠮᠢᠳᠤ ᠪᠣᠳᠠᠰ ᠵᠢᠴᠢ ᠡᠮ ᠡᠮᠨᠡᠯᠭᠡ᠎ᠶᠢᠨ ᠬᠢᠮᠢ᠎ᠶᠢᠨ ᠠᠵᠤ ᠦᠢᠯᠡᠳᠪᠦᠷᠢ᠎ᠶᠢᠨ ᠠᠵᠤ ᠠᠬᠤᠢᠯᠠᠯ ᠬᠤᠷᠠᠵᠤ ᠴᠤᠭᠯᠠᠷᠠᠨ᠂ ᠵᠢᠯ᠎ᠦᠨ ᠡᠷᠳᠡᠨᠢ ᠰᠢᠰᠢ᠎ᠶᠢ ᠤᠨᠳᠤᠤᠰᠢᠭᠤᠯᠬᠤ ᠴᠢᠳᠠᠪᠤᠷᠢ ᠨᠢ 200 ᠲᠦᠮᠡᠨ ᠲᠣᠨ᠎ᠢ ᠳᠠᠪᠠᠵᠤ᠂ 70 ᠳ᠋ᠦᠩᠰᠢᠭᠤᠷ ᠲᠥᠭᠥᠷᠢᠭ᠎ᠦᠨ ᠦᠢᠯᠡᠳᠬᠦᠨ᠎ᠦ ᠥᠷᠲᠡᠭ᠎ᠢ ᠡᠭᠦᠳᠴᠥ ᠪᠠᠢᠨ᠎ᠠ᠃

《ᠪᠢᠳᠡ ᠳᠠᠭᠠᠭᠤᠯᠤᠭ᠍ᠴᠢ ᠠᠵᠤ ᠠᠬᠤᠢᠯᠠᠯ᠎ᠢᠶᠠᠷ ᠠᠵᠤ ᠦᠢᠯᠡᠰ᠎ᠦᠨ ᠲᠥᠪᠯᠡᠷᠡᠯ᠎ᠢ ᠲᠠᠢ᠍ᠢᠴᠢᠯᠠᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠎ᠪᠡᠷ ᠠᠵᠤ ᠦᠢᠯᠡᠰ᠎ᠦᠨ ᠲᠡᠰ ᠳᠡᠪᠰᠢᠬᠦ᠎ᠶᠢ ᠠᠬᠢᠭᠤᠯᠤᠨ᠂ 〈ᠠᠮᠤ ᠬᠤᠳᠠᠯᠳᠤᠵᠤ〉 ᠡᠬᠢ ᠪᠠᠶᠠᠯᠢᠭ᠋᠎ᠢ ᠭᠠᠳᠠᠭ᠍ᠰᠢ ᠭᠠᠷᠭᠠᠵᠤ ᠪᠠᠢᠬᠰᠠᠨ᠎ᠡᠴᠡ  〈ᠡᠳ᠋ᠰᠢᠭᠦᠯᠦᠭᠰᠡᠨ ᠪᠦᠲᠦᠭᠡᠭᠳᠡᠬᠦᠨ〉 ᠢ᠋ ᠭᠠᠳᠠᠭ᠍ᠰᠢ ᠭᠠᠷᠭᠠᠬᠤ ᠪᠤᠯᠵᠤ᠂ ᠳᠠᠬᠢᠭᠠᠳ 〈 ᠮᠡᠷᠭᠡᠵᠢᠯ᠎ᠢᠶᠡᠷ ᠬᠦᠴᠦᠨ ᠣᠯᠭᠣᠬᠤ〉 ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠥᠭᠰᠡᠨ ᠪᠥᠲᠥᠭᠡᠭᠳᠡᠭᠥᠨ᠎ᠢ  ᠭᠠᠳᠠᠬᠰᠢ ᠭᠠᠷᠭᠠᠬᠤ᠎ᠶᠢ ᠪᠡᠶᠡᠯᠡᠭᠦᠯᠥᠯ᠎ᠡ》ᠭᠡᠵᠤ ᠺᠠᠢᠯᠤ ᠰᠢᠶᠠᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ ᠵᠥᠪᠯᠡᠯ᠎ᠦᠨ ᠨᠠᠮ᠎ᠤᠨ ᠤᠳᠤᠷᠢᠳᠬᠤ ᠳᠤᠭᠤᠢᠯᠠᠩ᠎ᠤᠨ ᠱᠦᠵᠢ ᠰᠢᠶᠣᠣ ᠨᠢᠩ ᠤᠴᠢᠷᠯᠠᠨ᠎ᠠ᠃

ᠲᠣᠰ ᠰᠢᠶᠠᠨ ᠦᠶ᠋ᠯᠡᠳᠪᠦᠷᠢᠯᠡᠬᠦ᠌ ᠵᠢᠭᠠᠬᠤ ᠰᠤᠳᠤᠯᠬᠤ ᠬᠡᠷᠡᠭᠯᠡᠬᠥ ᠵᠢ ᠭᠦᠨᠵᠡᠭᠡᠶ ᠠᠭᠤᠰᠤᠯᠴᠠᠭᠤᠯᠬᠤ ᠵᠠᠮ᠎ᠢ ᠦᠷᠭᠦᠯᠵᠢᠯᠡᠨ ᠰᠠᠭᠠᠳ ᠦᠭᠡᠢ ᠨᠠᠪᠲᠠᠷᠡᠭᠦᠯᠵᠦ᠂ ᠠᠵᠤ ᠦᠢᠯᠡᠰ᠎ᠦᠨ ᠲᠥᠪᠯᠡᠷᠡᠯ᠎ᠦᠨ ᠦᠢᠯᠡᠳᠦᠯ᠎ᠢ ᠶᠡᠬᠡᠰᠬᠡᠨ᠂ ᠲᠠᠷᠢᠶᠠᠯᠠᠩ᠎ᠤᠨ ᠳᠠᠪᠠᠭᠤᠯᠢᠭ᠋᠎ᠢ ᠠᠵᠤ ᠦᠢᠯᠡᠰ᠎ᠦᠨ ᠳᠠᠪᠠᠭᠤᠯᠢᠭ᠋᠂ ᠠᠵᠤ ᠠᠬᠤᠢ᠎ᠶᠢᠨ ᠳᠠᠪᠠᠭᠤᠯᠢᠭ᠋ ᠪᠣᠯᠭᠠᠨ ᠬᠤᠪᠢᠷᠠᠭᠤᠯᠬᠤ᠎ᠶᠢ ᠠᠬᠢᠭᠤᠯᠵᠤ᠂ ᠰᠢᠶᠠᠨ᠎ᠤ ᠬᠡᠪᠴᠢᠶᠡᠨ᠎ᠦ ᠠᠵᠤ ᠠᠬᠤᠢ᠎ᠶᠢᠨ ᠴᠢᠨᠠᠷ ᠰᠠᠢᠲᠠᠢ ᠬᠥᠭᠵᠢᠯᠲᠡ᠎ᠳᠦ ᠬᠦᠴᠦᠷᠬᠡᠭ ᠶᠡᠬᠡ ᠬᠥᠳᠡᠯᠭᠡᠭᠦ ᠬᠥᠴᠥᠨ ᠨᠡᠮᠡᠷᠢᠯᠡᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号